ᠤᠷᠴᠢᠭᠤᠯᠤᠠᠠᠴᠢ᠄ ᠪᠦᠷᠢᠩᠭᠤᠸ᠎ᠠ | | ᠤᠳᠤᠷᠢᠳᠬᠠᠯ᠄ | ᠪᠣᠭᠤᠮᠲᠠ ᠶᠢᠨ ᠬᠤᠳᠠ ᠳᠤ ᠠᠮᠢᠳᠤᠷᠠᠬᠤ ᠳᠤ ᠲᠤᠩ ᠲᠦᠭᠦᠮ ᠪᠠᠶᠢᠵᠤ᠂ ᠬᠤᠳᠠ ᠠᠴᠠ ᠭᠠᠷᠬᠤ | ᠦᠭᠡᠢ ᠪᠠᠷ ᠪᠦᠬᠦ ᠳᠡᠯᠡᠬᠡᠢ ᠶᠢᠨ ᠪᠠᠷᠠᠭ᠎ᠠ ᠪᠦᠳᠦᠭᠡᠭᠳᠡᠭᠦᠨ ᠢ ᠰᠤᠩᠭᠤᠵᠦ ᠪᠤᠯᠤᠨ᠎ᠠ ᠃ ︽ᠨᠢᠭᠡ ᠪᠦᠰᠡ ᠨᠢᠭᠡ | ᠵᠠᠮ︾ ᠤᠨ ᠲᠠᠰᠤᠷᠠᠯᠲᠠ ᠦᠭᠡᠢ ᠭᠦᠨᠵᠡᠭᠡᠶᠢᠷᠡᠬᠦ ᠶᠢ ᠳᠠᠭᠠᠯᠳᠤᠨ᠂ ᠪᠣᠭᠤᠮᠲᠠ ᠶᠢᠨ ᠬᠤᠲᠠ ᠰᠢᠨ᠎ᠡ ᠠᠮᠢᠵᠢᠷᠠᠯ ᠤᠨ | ᠬᠦᠴᠦᠨ ᠲᠠᠢ ᠪᠣᠯᠪᠠ᠃ ᠥᠪᠡᠷᠮᠢᠴᠡ ᠣᠷᠣᠨ ᠪᠠᠶᠢᠷᠢ ᠶᠢᠨ ᠳᠠᠪᠠᠭᠤᠯᠢᠭ ᠵᠢᠴᠢ ᠲᠦᠷᠦ ᠶᠢᠨ ᠪᠣᠳᠣᠯᠭ᠎ᠠ ᠶᠢᠨ | ᠳᠡᠮᠵᠢᠯᠭᠡ ᠪᠠᠷ ᠡᠷᠢᠶᠡᠨ ᠬᠤᠳᠠ ︽ᠨᠢᠭᠡ ᠪᠦᠰᠡ ᠨᠢᠭᠡ ᠵᠠᠮ︾ ᠤᠨ ᠤᠯᠤᠰ ᠤᠳ ᠤᠨ ᠬᠤᠭᠤᠷᠣᠨᠳᠣᠬᠢ | ᠶᠠᠪᠤᠯᠴᠠᠭᠠᠨ ᠤ ᠴᠢᠬᠤᠯᠠ ᠵᠠᠮ ᠬᠠᠷᠢᠯᠴᠠᠭ᠎ᠠ ᠪᠠ ᠪᠠᠷᠠᠭᠠᠨ ᠤ ᠭᠦᠢᠯᠭᠡᠭᠡᠨ ᠤ ᠬᠦᠢᠰᠦ ᠪᠤᠯᠵᠦ᠂ ᠭᠠᠳᠠᠭᠠᠳᠤ ᠠᠴᠠ | ᠣᠷᠣᠭᠤᠯᠬᠤ ᠪᠠ ᠭᠠᠳᠠᠭᠠᠳᠤ ᠳᠤ ᠭᠠᠷᠭᠠᠬᠤ ᠠᠷᠠᠯᠵᠢᠶ᠎ᠠ ᠬᠢᠵᠦ ᠪᠠᠶᠢᠭ᠎ᠠ ᠬᠤᠳᠠᠯᠳᠤᠭᠠᠴᠢᠨ ᠳᠤ ᠬᠥᠭᠵᠢᠯᠲᠡ ᠶᠢᠨ | ᠠᠵᠠ ᠲᠣᠬᠢᠶᠠᠯ ᠣᠯᠭᠤᠵᠤ᠂ ᠬᠤᠳᠠ ᠶᠢᠨ ᠠᠷᠠᠳ ᠵᠢᠴᠢ ᠵᠤᠭᠠᠴᠠᠭᠰᠠᠳ ᠤᠨ ᠪᠠᠷᠠᠭ᠎ᠠ ᠬᠤᠳᠠᠯᠳᠤᠨ ᠠᠪᠬᠤ ᠳᠤ | ᠲᠦᠭᠦᠮ ᠨᠦᠬᠦᠴᠡᠯ ᠪᠦᠷᠢᠯᠳᠦᠭᠦᠯᠵᠠᠢ᠃ | ᠰᠤᠷᠪᠤᠯᠵᠢᠯᠠᠭᠴᠢ ᠰᠠᠷᠠᠨ᠎ᠡ᠄ | ᠮᠢᠨᠤ ᠤᠳᠤ ᠪᠠᠶᠢᠭ᠎ᠠ ᠭᠠᠵᠠᠷ ᠪᠤᠯ ᠮᠠᠨ ᠤ ᠬᠤᠳᠠ ᠶᠢᠨ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ | ᠭᠠᠷᠭᠠᠬᠤ ᠠᠷᠠᠯᠵᠢᠶᠠᠨ ᠤ ᠴᠢᠯᠦᠭᠡᠳᠦ ᠳᠡᠯᠭᠡᠭᠦᠷ ︱ ᠶᠤᠤ ᠶᠢᠨ ᠪᠣᠯᠣᠨ᠎ᠠ᠃ ᠡᠶᠢᠮᠦᠷᠬᠦ ᠭᠠᠳᠠᠭᠠᠳᠤ ᠠᠴᠠ | ᠤᠷᠤᠭᠤᠯᠵᠦ ᠭᠠᠳᠠᠭᠠᠳᠤ ᠳᠤ ᠭᠠᠷᠭᠠᠬᠤ ᠲᠠᠸᠠᠷ ᠤᠨ ᠴᠢᠯᠦᠭᠡᠳᠦ ᠳᠡᠯᠭᠡᠭᠦᠷ ᠡᠷᠢᠶᠡᠨ ᠬᠤᠲᠠ ᠳᠤ ᠤᠯᠠᠨ ᠪᠠᠶᠢᠨ᠎ᠠ | ᠂ ︽ᠨᠢᠭᠡ ᠪᠦᠰᠡ ᠨᠢᠭᠡ ᠵᠠᠮ︾ ᠤᠨ ᠬᠠᠮᠳᠦᠷᠠᠯᠴᠠᠭ᠎ᠠ ᠨᠢ ᠳᠡᠯᠡᠬᠡᠢ ᠶᠢᠨ ᠡᠯ᠎ᠡ ᠭᠠᠵᠠᠷ ᠤᠨ ᠠᠮᠲᠠᠲᠤ ᠢᠳᠡᠭᠡᠨ | ᠪᠣᠯᠣᠨ ᠣᠨᠴᠠᠯᠢᠭᠲᠤ ᠲᠠᠸᠠᠷ ᠢ ᠭᠡᠷ ᠤᠨ ᠡᠭᠦᠳᠡᠨ ᠠᠴᠠ ᠬᠤᠳᠠᠯᠳᠤᠨ ᠠᠪᠬᠤ ︾ ᠤᠷᠴᠢᠨ ᠬᠠᠩᠭᠠᠵᠠᠢ᠃ | ᠲᠤᠤᠷ᠎ᠠ ᠪᠢᠳᠡ ᠡᠷᠢᠶᠡᠨ ᠬᠤᠳᠠ ᠶᠢᠨ ᠭᠠᠳᠠᠭᠠᠳᠦ ᠠᠷᠠᠯᠵᠢᠶᠠᠨ ᠤ ᠴᠢᠯᠦᠭᠡᠳᠦ ᠲᠡᠯᠭᠡᠭᠦᠷ ᠤᠨ ᠪᠠᠷᠠᠭ᠎ᠠ ᠲᠠᠸᠠᠷ ᠲᠠᠢ | ᠲᠠᠨᠢᠯᠴᠠᠶ᠎ᠠ᠃ | ᠲᠠᠶᠢᠯᠪᠦᠷᠢ᠄ | ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠴᠢᠯᠦᠭᠡᠳᠦ ᠳᠡᠯᠭᠡᠭᠦᠷ ᠤᠨ ᠲᠠᠸᠠᠷ ᠤᠨ | ᠦᠵᠡᠭᠦᠯᠦᠯᠭᠡ ᠶᠢᠨ ᠲᠣᠭᠤᠷᠢᠭ ᠲᠤ ᠬᠦᠷᠬᠦ ᠳᠤ᠂ ᠪᠠᠷᠠᠭᠠᠨ ᠤ ᠲᠠᠯᠪᠢᠭᠤᠷ ᠳᠡᠭᠡᠷ᠎ᠡ ᠭᠠᠳᠠᠭᠠᠳᠤ ᠠᠴᠠ | ᠣᠷᠣᠭᠤᠯᠤᠭᠰᠠᠨ ᠲᠠᠸᠠᠷ ᠢ ᠳᠦᠭᠦᠷᠲᠡᠯ᠎ᠡ ᠦᠷᠦᠵᠠᠢ᠃ ᠮᠣᠩᠭᠤᠯ ᠤᠯᠤᠰ ᠤᠨ ᠪᠠᠷᠠᠭ᠎ᠠ ᠪᠦᠳᠦᠭᠡᠭᠳᠡᠭᠦᠨ ᠠᠴᠠ | ᠭᠠᠳᠠᠨ᠎ᠠ ᠂ ᠣᠷᠣᠰ ᠤᠨ ᠦᠨᠳᠦᠰᠦᠲᠡᠨ ᠤ ᠭᠠᠷ ᠤᠷᠠᠯᠠᠯ ᠤᠨ ᠡᠳ᠋᠂ ᠬᠤᠪᠴᠠᠰᠤ ᠵᠠᠰᠠᠯ᠂ ᠶᠠᠫᠤᠨ ᠺᠣᠷᠢᠶᠠ ᠶᠢᠨ | ᠭᠤᠶᠣᠯᠠᠯ ᠤᠨ ᠡᠳ᠋ ᠵᠢᠴᠢ ᠥᠪᠡᠷᠮᠢᠴᠡ ᠣᠨᠴᠠᠯᠢᠭ ᠲᠠᠢ ᠢᠳᠡᠭᠡᠨ᠂ ᠭᠧᠷᠮᠠᠨ ᠤ ᠵᠥᠭᠡᠢ ᠶᠢᠨ ᠪᠠᠯ᠂ ᠹᠷᠠᠨᠼᠢ ᠶᠢᠨ | ᠦᠵᠦᠮ ᠤᠨ ᠠᠷᠢᠬᠢ᠂ ᠠᠦ᠋ᠰᠲᠷᠠᠯᠢᠶ᠎ᠠ ᠶᠢᠨ ᠦᠨᠢᠶᠡᠨ ᠰᠦ ᠵᠡᠷᠭᠡ ᠡᠯ᠎ᠡ ᠲᠥᠷᠥᠯ ᠤᠨ ᠲᠠᠸᠠᠷ ᠪᠦᠷ ᠪᠠᠶᠢᠨ᠎ᠠ᠃ | ᠡᠨᠡ ᠨᠢ ᠬᠡᠷᠡᠭᠯᠡᠭᠴᠢᠳ ᠤᠨ ᠬᠤᠳᠠᠯᠳᠤᠭ᠎ᠠ ᠬᠢᠬᠦ ᠳᠤ ︽ᠨᠢᠳᠦᠨ ᠳᠤ ᠦᠵᠡᠭᠳᠡᠵᠦ ᠭᠠᠷ ᠲᠤ ᠪᠠᠷᠢᠭᠳᠠᠮ᠎ᠠ︾ | ᠲᠦᠭᠦᠮ ᠬᠠᠩᠭᠠᠵᠠᠢ ᠃ | | ᠰᠤᠷᠪᠤᠯᠵᠢᠯᠠᠭᠴᠢ ᠰᠠᠷᠠᠨ᠎ᠡ᠄ | ᠬᠠᠷᠠᠬᠤ ᠳᠤ ᠨᠢᠳᠦ ᠡᠷᠢᠶᠡᠯᠵᠡᠮ᠎ᠡ ᠪᠠᠷᠠᠭ᠎ᠠ ᠬᠥᠮᠥᠰ ᠤᠨ ᠨᠢᠳᠦ ᠶᠢ ᠬᠤᠵᠢᠷᠯᠠᠵᠦ᠂ ᠵᠠᠭᠤ ᠭᠠᠷᠤᠢ | ᠵᠦᠢᠯ ᠤᠨ ᠪᠦᠬᠦ ᠳᠡᠯᠡᠬᠡᠢ ᠶᠢᠨ ᠭᠠᠳᠠᠭᠠᠳᠤ ᠠᠴᠠ ᠣᠷᠣᠭᠤᠯᠤᠭᠰᠠᠨ ᠢᠳᠡᠭᠡᠨ ᠬᠦᠮᠦᠰ ᠤᠨ ᠰᠤᠨᠢᠷᠬᠠᠯ ᠢ ᠲᠠᠳᠠᠨ᠎ᠠ᠂ | ᠵᠥᠪᠬᠡᠨ ᠴᠢᠨᠦ ᠰᠠᠨᠠᠭᠠᠨ ᠳᠤ ᠦᠭᠡᠢ ᠪᠤᠶᠤ ᠴᠢᠨᠦ ᠢᠳᠡᠵᠦ ᠥᠩᠭᠡᠷᠡᠭᠰᠡᠨ ᠦᠭᠡᠢ᠂ ᠦᠵᠡᠵᠦ ᠥᠩᠭᠡᠷᠡᠭᠰᠡᠨ ᠦᠭᠡᠢ | ᠥᠪᠡᠷᠮᠢᠴᠡ ᠣᠨᠴᠠᠯᠢᠭ ᠲᠠᠢ ᠲᠠᠸᠠᠷ ᠭᠡᠵᠦ ᠬᠡᠯᠡᠵᠦ ᠪᠣᠯᠣᠨ᠎ᠠ᠃ ᠰᠠᠶᠢᠬᠠᠨ ᠨᠢᠭᠡ ᠲᠣᠭᠤᠷᠢᠭᠠᠳ ᠦᠵᠡᠬᠦ ᠳᠤ᠂ | ᠱᠣᠺᠣᠯᠠᠳ᠋ ᠤᠨ ᠯᠠᠩᠭᠦᠢ ᠳᠤ ᠠᠳᠠᠯᠢ ᠪᠤᠰᠤ ᠤᠯᠤᠰ ᠤᠨ ᠭᠠᠷᠤᠯᠲᠠ ᠲᠠᠢ ᠶᠠᠩᠵᠤ ᠪᠦᠷᠢ ᠶᠢᠨ ᠱᠣᠺᠣᠯᠠᠳ᠋ ᠂ | ᠪᠣᠭᠤᠳᠠᠯ ᠪᠠᠭᠯᠠᠭ᠎ᠠ ᠨᠢ ᠭᠤᠶᠤ ᠰᠠᠶᠢᠬᠠᠨ ᠪᠠᠶᠢᠯ᠎ᠠ᠂ ᠪᠢ ᠳᠤᠷ᠎ᠠ ᠪᠠᠷ ᠢᠶᠠᠨ ᠨᠢᠭᠡ ᠶᠢ ᠰᠤᠩᠭᠤᠵᠦ᠂ | ᠤᠷᠢᠳ ᠢᠶᠠᠷ ᠣᠯᠠᠨ ᠳᠤ ᠠᠮᠲᠠᠯᠠᠵᠤ ᠦᠵᠡᠭᠦᠯᠦᠶ᠎ᠡ᠃ ᠴᠣᠺᠣᠯᠠᠳ᠋ ᠤᠨ ᠪᠤᠭᠤᠳᠠᠯ ᠢ ᠵᠠᠳᠠᠯᠬᠤ ᠳᠤ ᠂ ᠠᠭᠱᠠᠨ | ᠵᠠᠭᠤᠷ᠎ᠠ ᠶᠢᠨ ᠲᠤᠳᠤᠷᠠᠢᠳᠡᠭᠡᠨ ᠤ ᠳᠤᠷᠠᠰᠢᠯ ᠢ ᠨᠡᠮᠡᠭᠳᠡᠭᠦᠯᠦᠨ᠎ᠡ ᠃ | ᠲᠠ ᠨᠠᠷ ᠡᠨᠡ ᠬᠦ ᠭᠤᠶᠣ ᠰᠠᠢᠬᠠᠨ ᠭᠠᠷ ᠤᠷᠠᠯᠠᠯ ᠤᠨ ᠪᠦᠲᠦᠭᠡᠭᠳᠡᠬᠦᠨ ᠢ ᠶᠠᠭᠤ ᠪᠠᠷ ᠬᠢᠭᠰᠡᠨ ᠢ | ᠲᠠᠭᠠᠮᠠᠭᠯᠠᠵᠤ ᠦᠵᠡ ᠁ ᠡᠭᠦᠨ ᠤ ᠲᠤᠬᠠᠢ ᠶᠠᠷᠢᠪᠠᠯ ᠂ ︽ᠪᠢ ᠨᠢᠭᠡ ᠵᠤᠶᠢᠯ ᠢ ᠬᠡᠯᠡᠬᠦ ᠦᠭᠡᠢ ᠪᠠᠶᠢᠬᠤ ᠶᠢᠨ | ᠠᠷᠭ᠎ᠠ ᠦᠭᠡᠢ︾ ᠃ ᠦᠨ᠎ᠡ ᠬᠠᠩᠰᠢ ᠨᠢ ᠲᠤᠬᠢᠷᠡᠮᠵᠢᠳᠠᠢ ᠲᠥᠷᠥᠯ ᠵᠦᠢᠯ ᠨᠢ ᠤᠯᠠᠨ ᠪᠠᠶᠢᠬᠤ ᠠᠴᠠ ᠭᠠᠳᠠᠨ᠎ᠠ | ᠪᠠᠰᠠ ᠤᠨᠴᠠᠯᠢᠠᠠᠳᠦ ᠲᠣᠷᠭᠠᠨ ᠵᠠᠮ ᠤᠨ ᠪᠠᠷᠠᠭ᠎ᠠ ᠲᠠᠸᠠᠷ᠂ ᠤᠯᠠᠨ ᠤ ᠬᠦᠷᠢᠶᠡᠯᠡᠯ ᠢ ᠣᠯᠵᠤ᠂ ᠡᠷᠢᠶᠡᠨ ᠬᠤᠳᠠ | ᠨᠢ ᠭᠠᠳᠠᠭᠠᠳᠤ ᠶᠢᠨ ᠲᠠᠸᠠᠷ ᠢ ᠬᠤᠳᠠᠯᠳᠤᠨ ᠠᠪᠬᠤ ᠴᠢᠯᠦᠭᠡᠳᠦ ᠳᠡᠯᠭᠡᠭᠦᠷ ᠪᠣᠯᠤᠭᠰᠠᠨ ᠪᠠᠶᠢᠨ᠎ᠠ᠃ | ᠳᠠᠪᠠᠭᠤᠯᠢᠭ ᠭᠠᠵᠠᠷ ᠵᠦᠢ ᠶᠢᠨ ᠣᠷᠣᠨ ᠪᠠᠶᠢᠷᠢ᠂ ᠳᠥᠭᠦᠮ ᠳᠥᠲᠡ ᠵᠠᠮ ᠬᠠᠷᠢᠯᠴᠠᠭᠠᠨ ᠤ ᠬᠦᠢᠰᠦ᠂ | ᠨᠡᠭᠡᠭᠡᠯᠲᠡ ᠲᠠᠢ ᠲᠥᠷᠥ ᠶᠢᠨ ᠪᠣᠳᠣᠯᠭ᠎ᠠ ᠶᠢᠨ ᠲᠠᠪᠴᠠᠩ᠂ ᠤᠯᠠᠮ ᠠᠴᠠ ᠤᠯᠠᠨ ᠠᠵᠤ ᠠᠬᠤᠶᠢᠯᠠᠯ ᠢ ᠮᠠᠨ ᠤ | ᠬᠤᠳᠠᠨ ᠳᠤ ᠨᠤᠳᠤᠠᠠᠰᠢᠭᠤᠯᠵᠦ᠂ ᠤᠯᠠᠨ ᠤᠯᠤᠰ ᠤᠨ ᠠᠷᠠᠯᠵᠢᠶᠠᠨ ᠤ ᠬᠦᠷᠢᠶ᠎ᠡ ᠶᠢ ᠥᠷᠭᠡᠳᠬᠡᠵᠦ᠂ ᠦᠷᠭᠡᠨ | ᠲᠠᠯᠭᠡᠷᠡᠩᠭᠦᠢ ᠵᠠᠬ᠎ᠠ ᠳᠡᠯᠭᠡᠭᠦᠷ ᠪᠣᠯᠣᠨ ᠬᠤᠳᠠᠯᠳᠤᠭᠠᠨ ᠤ ᠠᠵᠠ ᠲᠣᠬᠢᠶᠠᠯ ᠢ ᠡᠷᠢᠯᠬᠢᠯᠡᠬᠦ ᠶᠢᠨ ᠬᠠᠮᠲᠤ ᠤᠯᠤᠰ ᠤᠨ | ︽ᠨᠢᠭᠡ ᠪᠦᠰᠡ ᠨᠢᠭᠡ ᠵᠠᠮ︾ ᠢ ᠬᠡᠷᠡᠭᠵᠢᠭᠦᠯᠬᠦ ᠠᠵᠠ ᠲᠣᠬᠢᠶᠠᠯ ᠢ ᠠᠰᠢᠭᠯᠠᠨ᠂ ᠤᠯᠤᠰ ᠤᠨ ᠳᠣᠲᠣᠭᠠᠳᠤ | ᠭᠠᠳᠠᠭᠠᠳᠤ ᠶᠢᠨ ᠵᠠᠬ᠎ᠠ ᠳᠡᠯᠭᠡᠭᠦᠷ ᠂ ᠬᠤᠶᠠᠷ ᠵᠦᠢᠯ ᠤᠨ ᠡᠬᠢ ᠪᠠᠶᠠᠯᠢᠭ ᠤᠨ ᠳᠠᠪᠠᠭᠤᠯᠢᠭ ᠢ ᠭᠦᠢᠴᠡᠳ | ᠠᠰᠢᠭᠯᠠᠵᠤ᠂ ᠮᠣᠩᠭᠤᠯ ᠤᠷᠤᠰ ᠤᠨ ᠵᠠᠬ᠎ᠠ ᠳᠡᠯᠭᠡᠭᠦᠷ ᠲᠠᠢ ᠢᠳᠡᠪᠬᠢᠲᠡᠢ ᠵᠣᠯᠭᠠᠭᠤᠯᠵᠤ᠂ ᠲᠤᠬᠠᠶᠢᠯᠠᠭᠰᠠᠨ | ᠠᠵᠢᠯ ᠢᠶᠠᠨ ᠬᠥᠭᠵᠢᠭᠦᠯᠵᠡᠢ᠃ ᠶᠤᠤ ᠶᠢᠨ ᠭᠠᠳᠠᠭᠠᠳᠤ ᠠᠴᠠ ᠣᠷᠣᠭᠤᠯᠬᠤ ᠴᠢᠯᠦᠭᠡᠳᠦ ᠳᠡᠯᠭᠡᠭᠦᠷ ᠲᠥᠷᠥ ᠶᠢᠨ | ᠪᠣᠳᠣᠯᠭ᠎ᠠ ᠶᠢᠨ ᠠᠰᠢᠠᠠᠳᠠᠢ ᠲᠤᠬᠢᠶᠠᠯ ᠢ ᠬᠦᠷᠳᠡᠭᠰᠡᠨ ᠠᠵᠤ ᠠᠬᠤᠶᠢᠯᠠᠯ ᠤᠨ ᠨᠢᠭᠡ ᠪᠣᠯᠣᠨ᠎ᠠ ᠃ ᠲᠣᠰ | ᠴᠢᠯᠦᠭᠡᠳᠦ ᠳᠡᠯᠭᠡᠭᠦᠷ ᠲᠦᠮᠡ ᠭᠠᠷᠤᠢ ᠵᠦᠢᠯ ᠤᠨ ᠲᠠᠸᠠᠷ ᠲᠠᠢ ᠪᠠᠶᠢᠵᠤ᠂ ᠡᠳᠦᠷ ᠲᠤ ᠳᠤᠮᠳᠠᠴᠢ ᠪᠠᠷ 300 | ᠭᠠᠷᠤᠢ ᠵᠤᠭᠠᠴᠠᠠᠰᠠᠳ ᠢ ᠬᠦᠯᠢᠶᠡᠨ ᠠᠪᠴᠦ᠂ ᠬᠠᠮᠤᠭ ᠣᠯᠠᠨ ᠳᠠᠭᠠᠨ 1600 ᠬᠥᠮᠥᠨ ᠳᠤ ᠬᠦᠷᠴᠦ᠂ ᠵᠢᠯ | ᠤᠨ ᠠᠰᠢᠭ ᠣᠷᠣᠯᠭ᠎ᠠ ᠨᠢ 700 ᠲᠦᠮᠡ ᠣᠷᠴᠢᠮ ᠬᠦᠷᠴᠦ ᠪᠠᠶᠢᠨ᠎ᠠ᠃ | ᠶᠤᠤ ᠶᠢᠨ ᠭᠠᠳᠠᠭᠠᠳᠤ ᠠᠴᠠ ᠣᠷᠣᠭᠤᠯᠬᠤ ᠴᠢᠯᠦᠭᠡᠳᠦ ᠳᠡᠯᠭᠡᠭᠦᠷ ᠤᠨ ᠳᠠᠭᠠᠭᠠᠮᠠᠯ ᠯᠢ ᠸᠧᠢ᠄ | ᠮᠠᠨ ᠤ ᠡᠳᠡᠭᠡᠷ ᠪᠠᠷᠠᠭ᠎ᠠ ᠪᠦᠳᠦᠭᠡᠭᠳᠡᠭᠦᠨ ᠴᠥᠮ ᠬᠢᠯᠢ ᠶᠢᠨ ᠪᠣᠭᠤᠮᠲᠠ᠂ ᠭᠠᠶᠢᠯᠢ ᠶᠢᠨ ᠶᠠᠪᠤᠳᠠᠯ ᠵᠡᠷᠭᠡ | ᠰᠠᠯᠠᠭ᠎ᠠ ᠮᠥᠴᠢᠷ ᠤᠨ ᠬᠢᠨᠠᠨ ᠬᠠᠮᠢᠶᠠᠷᠤᠯᠲᠠ ᠶᠢ ᠬᠦᠯᠢᠶᠡᠵᠦ᠂ ᠲᠠᠸᠠᠷ ᠤᠨ ᠪᠣᠷᠣᠯᠠᠭᠤᠯᠤᠯᠲᠠ ᠶᠢᠨ ᠦᠨ᠎ᠡ ᠨᠢ ᠵᠠᠬ᠎ᠠ | ᠳᠡᠯᠭᠡᠭᠦᠷ ᠤᠨ ᠬᠢ ᠠᠴᠠ ᠳᠣᠣᠷ᠎ᠠ ᠪᠠᠶᠢᠵᠤ᠂ ᠬᠡᠷᠡᠭᠯᠡᠭᠴᠢᠳ ᠲᠤ ᠦᠨᠡᠨ ᠪᠣᠳᠠᠲᠠᠢ ᠲᠦᠭᠦᠮ ᠦᠵᠡᠭᠦᠯᠵᠦ ᠪᠠᠶᠢᠨ᠎ᠠ ᠃ | | ᠬᠥ᠋ ᠠᠪᠠᠭ᠋ᠠᠢ ᠭᠠᠳᠠᠭᠠᠳᠤ ᠶᠢᠨ ᠲᠠᠸᠠᠷ ᠬᠤᠳᠠᠯᠳᠤᠨ ᠠᠪᠬᠤ ᠳᠤᠷᠠᠲᠠᠢ᠂ ᠲᠡᠳᠡ ᠢᠳᠡᠵᠦ ᠡᠮᠦᠰᠬᠦ | ᠪᠠᠨ ᠦᠨᠳᠦᠰᠦᠨ ᠳᠡᠭᠡᠨ ᠠᠳᠡ ᠠᠴᠠ ᠬᠤᠳᠠᠯᠳᠤᠨ ᠠᠪᠲᠠᠭ᠃ ᠬᠥ᠋ ᠠᠪᠠᠭ᠋ᠠᠢ ᠨᠠᠶᠢᠵᠠ ᠨᠠᠷ ᠲᠠᠢ ᠪᠠᠨ ᠡᠳᠦᠷ | ᠲᠤᠲᠤᠮ ᠤᠨ ᠬᠡᠷᠡᠭᠯᠡᠭᠡᠨ ᠤ ᠵᠦᠢᠯ ᠤᠳ ᠢ ᠬᠤᠳᠠᠯᠳᠤᠨ ᠠᠪᠬᠤ ᠪᠠᠷ ᠢᠷᠡᠪᠡ᠃ | ᠲᠠ ᠬᠠᠮᠢᠭ᠎ᠠ ᠠᠴᠠ ᠢᠷᠡᠭᠰᠡᠨ ᠪᠤᠢ᠂ ᠶᠠᠮᠠᠷ ᠶᠠᠮᠠᠷ ᠲᠠᠸᠠᠷ ᠬᠤᠳᠠᠯᠳᠤᠨ ᠠᠪᠤᠭᠰᠠᠨ ᠪᠤᠢ ︖ | ᠬᠡᠷᠡᠭᠯᠡᠭᠴᠢ᠄ ᠶᠠᠭᠤ ᠴᠤ ᠭᠡᠰᠡᠨ ᠡᠳᠡᠨ ᠤ ᠪᠠᠷᠠᠭ᠎ᠠ ᠪᠦᠳᠦᠭᠡᠭᠳᠡᠭᠦᠨ ᠥᠭᠡᠷ᠎ᠡ ᠭᠠᠵᠠᠷ ᠠᠴᠠ ᠬᠢᠮᠳᠠ ᠃ | ᠬᠦ᠋ ᠠᠪᠠᠭ᠋ᠠᠢ ᠄ | ᠪᠢ ᠪᠣᠯ ᠡᠨᠡ ᠴᠢᠯᠦᠭᠡᠳᠦ ᠳᠡᠯᠭᠡᠭᠦᠷ ᠤᠨ ᠪᠠᠶᠢᠩᠭᠤ ᠶᠢᠨ ᠭᠡᠷᠡᠭᠯᠡᠭᠴᠢ᠃ ᠤᠯᠠᠩᠬᠢ ᠨᠢ | ᠭᠠᠳᠠᠭᠠᠳᠤ ᠶᠢᠨ ᠲᠠᠸᠠᠷ᠂ ᠪᠢᠳᠠ ᠪᠠᠶᠢᠩᠭᠤ ᠠᠳᠡ ᠢᠷᠡᠵᠦ ᠬᠤᠳᠠᠯᠳᠤᠭ᠎ᠠ ᠬᠢᠳᠡᠭ᠂ ᠪᠠᠰᠠ ᠭᠧᠷᠮᠠᠨ ᠤ ᠪᠠᠯ ᠢ | ᠦᠷᠭᠦᠯᠵᠢ ᠤᠰᠤᠨ ᠳᠤ ᠳᠡᠪᠲᠦᠭᠡᠵᠦ ᠤᠤᠭᠤᠳᠠᠭ᠂ ᠠᠮᠲᠠ ᠨᠢ ᠲᠤᠩ ᠰᠠᠶᠢᠬᠠᠨ᠂ ᠦᠨ᠎ᠡ ᠨᠢ ᠴᠦ | ᠲᠤᠬᠢᠷᠠᠮᠵᠢᠳᠠᠢ᠃ ᠠᠳᠡᠬᠢ ᠶᠢᠨ ᠭᠤᠶᠣᠯᠠᠯ ᠤᠨ ᠡᠳ᠋ ᠴᠦ ᠴᠢᠨᠠᠷ ᠰᠠᠶᠢᠨ᠂ ᠺᠣᠷᠢᠶᠠ᠂ ᠶᠠᠫᠤᠨ ᠵᠡᠷᠭᠡ | ᠤᠯᠤᠰ ᠤᠨ ᠭᠤᠶᠣᠯᠠᠯ ᠤᠨ ᠡᠳ᠋ ᠪᠠᠶᠢᠨ᠎ᠠ᠂ ᠥᠩᠭᠡᠷᠡᠭᠰᠡᠨ ᠳᠤ ᠪᠢᠳᠡ ᠪᠦᠷ ᠲᠡᠭᠦᠨ ᠢ ᠣᠷᠣᠯᠠᠨ | ᠬᠤᠳᠠᠯᠳᠤᠠᠠᠴᠢ ᠠᠴᠠ ᠠᠪᠴᠤ ᠪᠠᠶᠢᠭᠰᠠᠨ ᠂ ᠦᠨ᠎ᠡ ᠶᠢ ᠨᠢ ᠬᠡᠯᠡᠬᠦ ᠦᠭᠡᠢ᠂ ᠴᠢᠨᠠᠷ ᠢ ᠪᠠᠲᠤᠯᠠᠬᠤ ᠦᠭᠡᠢ ᠪᠠᠶᠢᠵᠤ | ᠮᠡᠳᠡᠨ᠎ᠡ᠂ ᠠᠳᠡ ᠠᠴᠠ ᠠᠪᠬᠤ ᠳᠤ ᠴᠢᠨᠠᠷ ᠤᠨ ᠪᠠᠳᠤᠯᠠᠭ᠎ᠠ ᠰᠠᠶᠢᠨ ᠭᠡᠵᠠᠢ᠃ | ᠮᠠᠨ ᠤ ᠬᠤᠲᠠ ᠶᠢᠨ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠠᠷᠠᠯᠵᠢᠶ᠎ᠠ | ᠬᠤᠳᠠᠯᠳᠤᠭᠠᠨ ᠤ ᠠᠵᠤ ᠠᠬᠤᠶᠢᠯᠠᠯ ᠤᠨ ᠬᠤᠳᠠᠯᠳᠤᠵᠤ ᠪᠠᠶᠢᠭ᠎ᠠ ᠭᠠᠳᠠᠭᠠᠳᠤ ᠶᠢᠨ ᠲᠠᠸᠠᠷ ᠤᠨ ᠣᠯᠠᠩᠬᠢ ᠨᠢ | ᠳᠤᠮᠳᠠᠳᠤ ᠡᠸᠦ᠋ᠷᠦᠫᠡ ᠶᠢᠨ ᠡᠭᠡᠯᠵᠢ ᠶᠢᠨ ᠭᠠᠯᠲᠤ ᠲᠡᠷᠭᠡ ᠪᠠᠷ ᠠᠴᠢᠵᠦ ᠠᠪᠴᠢᠷᠠᠳᠠᠭ᠃ ᠡᠨᠡ ᠵᠢᠯ ᠪᠣᠯ ︽ | ᠨᠢᠭᠡ ᠪᠦᠰᠡ ᠨᠢᠭᠡ ᠵᠠᠮ︾ ᠤᠨ ᠰᠠᠨᠠᠭᠠᠴᠢᠯᠠᠭ᠎ᠠ ᠶᠢ ᠳᠤᠷᠠᠳᠤᠭᠰᠠᠨ ᠠᠷᠪᠠᠨ ᠵᠢᠯ ᠤᠨ ᠤᠢ ᠪᠣᠯᠣᠨ᠎ᠠ᠃ ᠡᠷᠢᠶᠡᠨ | ᠬᠤᠲᠠ ᠨᠢ ᠳᠤᠮᠳᠠᠳᠤ ᠡᠸᠦ᠋ᠷᠦᠫᠡ ᠶᠢᠨ ᠡᠭᠡᠯᠵᠢ ᠶᠢᠨ ᠭᠠᠯᠲᠤ ᠲᠡᠷᠭᠡᠨ ᠤ ᠳᠤᠮᠳᠠ ᠱᠤᠭᠤᠮ ᠤᠨ ᠴᠣᠷ ᠤᠨ | ᠭᠠᠭᠴᠠ ᠬᠢᠯᠢ ᠪᠠᠷ ᠣᠷᠣᠵᠤ ᠭᠠᠷᠬᠤ ᠪᠣᠭᠤᠮᠲᠠ ᠪᠣᠯᠤᠭᠰᠠᠨ ᠤ ᠬᠤᠪᠢ ᠳᠤ᠂ ᠵᠠᠮ ᠱᠤᠭᠤᠮ ᠢ ᠬᠠᠮᠤᠭ ᠠᠩᠬᠠᠨ ᠤ | 2 ᠵᠤᠷᠪᠤᠰ ᠠᠴᠠ 69 ᠵᠤᠷᠪᠤᠰ ᠪᠤᠯᠭᠠᠨ ᠦᠷᠭᠡᠳᠬᠡᠵᠦ ᠂᠂ ᠬᠢᠯᠢ ᠪᠠᠷ ᠦᠩᠭᠡᠷᠡᠭᠦᠯᠦᠭᠰᠡᠨ ᠲᠤᠭ᠎ᠠ ᠬᠡᠮᠵᠢᠶ᠎ᠡ | 1.3 ᠲᠦᠮᠡ ᠶᠢ ᠳᠠᠪᠠᠵᠤ᠂ ᠭᠠᠳᠠᠭᠠᠳᠤ ᠳᠤ ᠭᠠᠷᠭᠠᠬᠤ ᠪᠠᠷᠠᠭ᠎ᠠ ᠠᠩᠬ᠎ᠠ ᠡᠬᠢᠨ ᠤ ᠬᠤᠪᠴᠠᠰᠤ ᠬᠤᠨᠠᠷ᠂ ᠱᠠᠬᠠᠢ | ᠮᠠᠯᠠᠭᠠᠢ ᠠᠴᠠ ᠪᠠᠶᠢᠠᠠᠰᠡᠨ ᠠᠴᠠ ᠤᠳᠤ ᠰᠢᠨ᠎ᠡ ᠡᠨᠧᠷᠭᠢ ᠶᠢᠨ ᠮᠠᠰᠢᠨ ᠲᠡᠷᠭᠡ᠂ ᠮᠠᠰᠢᠨ ᠲᠥᠬᠦᠭᠡᠷᠦᠮᠵᠢ᠂ ᠭᠡᠷ ᠤᠨ | ᠴᠠᠬᠢᠯᠭᠠᠨ ᠬᠡᠷᠡᠭᠰᠡᠯ ᠵᠡᠷᠭᠡ ᠥᠨᠳᠥᠷ ᠨᠡᠮᠡᠯᠲᠡ ᠦᠷᠳᠡᠭ ᠲᠠᠢ ᠦᠢᠯᠡᠳᠬᠦᠨ ᠪᠤᠯᠵᠦ᠂᠂ ᠮᠣᠩᠭᠤᠯ ᠤᠯᠤᠰ᠂ | ᠭᠧᠷᠮᠠᠨ ᠂ ᠫᠤᠯᠠᠨᠳ᠋᠂ ᠬᠤᠯᠠᠨᠳ᠋᠂ ᠪᠷᠯᠦᠰᠢᠶᠡ ᠵᠡᠷᠭᠡ ᠤᠯᠤᠰ ᠤᠷᠤᠨ ᠢ ᠮᠠᠨ ᠤ ᠠᠵᠤ ᠠᠬᠤᠢ ᠠᠷᠠᠯᠵᠢᠶᠠᠨ ᠤ | ︿︿ ᠨᠡᠶᠢᠵᠠ ᠶᠢᠨ ᠲᠣᠭᠤᠷᠢᠭ ﹀﹀ ᠲᠤ ᠣᠷᠣᠭᠤᠯᠵᠠᠢ᠃ | |