ᠠᠯᠲᠠᠨ ᠨᠠᠮᠤᠷ ᠤᠨ ᠶᠢᠰᠦᠨ ᠰᠠᠷ᠎ᠠ ᠳᠤ ᠬᠢᠯᠢ ᠶᠢᠨ ᠬᠤᠲᠠᠨ᠎ᠠ ᠴᠤᠭᠯᠠᠷᠠᠪᠠ︕ ᠬᠢᠯᠢ ᠶᠢᠨ ᠪᠣᠭᠤᠮᠲᠠ ᠳᠤ ᠰᠤᠷᠤᠯᠴᠠᠵᠤ ᠪᠠᠶᠢᠭ᠎ᠠ ᠰᠤᠷᠤᠭᠴᠢᠳ ᠰᠤᠷᠭᠠᠭᠤᠯᠢ ᠡᠬᠢᠯᠡᠬᠦ ᠤᠯᠠᠷᠢᠯ ᠪᠣᠯᠪᠠ
ᠨᠡᠶᠢᠲᠡᠯᠡᠭᠰᠡᠨ ᠴᠠᠭ᠄
2023/9/11
   ᠤᠯᠤᠰ ᠤᠨ ᠬᠠᠷᠢᠯᠴᠠᠭ᠎ᠠ ᠨᠢ ᠠᠷᠠᠳ ᠤᠨ ᠬᠠᠷᠢᠯᠴᠠᠨ ᠳᠣᠲᠣᠨᠣᠴᠢᠯᠠᠬᠤ ᠳᠤ ᠪᠠᠶᠢᠳᠠᠭ᠂ ᠠᠷᠠᠳ ᠤᠨ ᠬᠠᠷᠢᠯᠴᠠᠨ ᠳᠣᠲᠣᠨᠣ ᠪᠠᠶᠢᠬᠤ ᠨᠢ ᠰᠡᠳᠬᠢᠯ ᠵᠢᠷᠦᠬᠡ ᠪᠠᠨ ᠬᠤᠯᠪᠣᠬᠤ ᠳᠤ ᠪᠠᠶᠢᠳᠠᠭ᠃ ᠮᠠᠨ ᠤ ᠬᠤᠲᠠ ᠨᠢ ᠮᠣᠩᠭᠤᠯ ᠤᠯᠤᠰ ᠬᠢᠯᠢ ᠠᠯᠣᠰᠯᠠᠵᠦ ᠪᠠᠶᠢᠭ᠎ᠠ ᠪᠣᠭᠤᠮᠲᠠ ᠬᠤᠲᠠ ᠪᠣᠯᠤᠭᠰᠠᠨ ᠤ ᠬᠤᠪᠢ ᠳᠤ᠂ ᠮᠠᠰᠢ ᠣᠯᠠᠨ ᠭᠠᠳᠠᠭᠠᠳᠤ ᠶᠢᠨ ᠣᠶᠣᠳᠠᠳ ᠪᠠᠶᠢᠳᠠᠭ᠃ ᠣᠳᠣᠬᠠᠨ ᠳᠤ ᠶᠠᠭ ᠰᠠᠶᠢᠬᠠᠨ ᠰᠤᠷᠭᠠᠭᠤᠯᠢ ᠡᠬᠢᠯᠡᠬᠦ ᠤᠯᠠᠷᠢᠯ ᠳᠤ ᠮᠠᠨ ᠤ ᠬᠤᠲᠠ ᠳᠤ ᠰᠤᠷᠤᠯᠴᠠᠵᠤ ᠪᠠᠶᠢᠭ᠎ᠠ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢ ᠴᠤ ᠵᠠᠯᠭᠠᠭ᠎ᠠ ᠪᠠᠷ ᠰᠤᠷᠭᠠᠭᠤᠯᠢ ᠳᠠᠭᠠᠨ ᠪᠤᠴᠠᠵᠤ ᠨᠡᠷ᠎ᠡ ᠮᠡᠳᠡᠭᠦᠯᠬᠦ ᠪᠣᠯᠤᠨ᠎ᠠ᠃
   ᠨᠠᠮᠤᠷ ᠤᠨ ᠰᠠᠯᠬᠢ ᠲᠠᠭᠠᠯᠠᠮᠵᠢᠲᠠᠢ᠂ ᠨᠠᠷᠠᠨ ᠭᠡᠷᠡᠯ ᠳᠣᠩᠭᠠᠯᠠᠭ᠃ 9 ᠰᠠᠷ᠎ᠠ ᠶᠢᠨ 7 ᠤ ᠡᠳᠦᠷ᠂ ᠰᠤᠷᠪᠤᠯᠵᠢᠯᠠᠭᠴᠢ ᠬᠤᠲᠠ ᠶᠢᠨ ᠭᠤᠷᠪᠠᠳᠤᠭᠠᠷ ᠳᠤᠮᠳᠠᠳᠤ ᠰᠤᠷᠭᠠᠭᠤᠯᠢ ᠳᠤ ᠣᠴᠢᠬᠤ ᠳᠤ᠂ ᠭᠤᠳᠣᠮᠵᠢ ᠪᠠᠷ ᠭᠠᠳᠠᠭᠠᠳᠤ  ᠶᠢᠨ ᠣᠶᠣᠳᠠᠳ ᠤᠨ ᠠᠩᠭᠢ ᠶᠢᠨ ᠣᠷᠠᠨ ᠳᠣᠳᠦ ᠣᠩᠰᠢᠯᠭ᠎ᠠ ᠶᠢᠨ ᠳᠠᠭᠤᠨ ᠢ ᠰᠣᠨᠣᠰᠳᠠᠪᠠ᠃ 14 ᠠᠩᠭᠢ ᠶᠢᠨ ᠰᠤᠷᠤᠭᠴᠢᠳ ᠶᠠᠭ ᠰᠠᠶᠢᠬᠠᠨ ᠬᠢᠲᠠᠳ ᠬᠡᠯᠡᠨ ᠤ ᠦᠭᠡᠰ ᠤᠨ ᠰᠠᠩ ᠢ ᠰᠤᠷᠴᠤ ᠪᠠᠶᠢᠨ᠎ᠠ᠂ ᠪᠠᠭᠰᠢ ᠨᠠᠷ ᠤᠨ ᠲᠡᠰᠪᠦᠷᠢ ᠬᠠᠲᠠᠭᠤᠵᠢᠯᠲᠠᠢ ᠵᠢᠭᠠᠨ ᠵᠢᠯᠣᠭᠤᠳᠣᠯᠭ᠎ᠠ ᠳᠣᠣᠷ᠎ᠠ᠂ ᠬᠡᠦᠬᠡᠳ ᠤᠳ ᠠᠪᠢᠶ᠎ᠠ ᠤᠩᠰᠢᠬᠤ ᠶᠢ ᠲᠠᠰᠤᠷᠠᠯᠲᠠ ᠦᠭᠡᠢ ᠵᠠᠯᠠᠷᠠᠭᠤᠯᠵᠤ᠂ ᠠᠪᠢᠶᠠᠯᠠᠬᠤ ᠬᠦᠴᠢᠷ ᠪᠡᠷᠬᠡᠰᠢᠶᠡᠯ ᠢ ᠢᠯᠠᠨ ᠳᠠᠪᠠᠵᠤ᠂ ᠳᠠᠬᠢᠨ ᠳᠠᠪᠲᠠᠨ ᠳᠠᠪᠲᠠᠨ ᠪᠣᠯᠪᠠᠰᠤᠷᠠᠬᠤ ᠳᠤᠮᠳᠠ ᠵᠥᠪ ᠣᠨᠣᠪᠴᠢᠲᠠᠢ ᠪᠠᠷ ᠭᠠᠯᠢᠭᠯᠠᠬᠤ ᠪᠠ ᠠᠪᠢᠶᠠᠯᠠᠬᠤ ᠶᠢ ᠰᠤᠷᠤᠨ᠎ᠠ᠃      ᠠᠳᠡ ᠰᠤᠷᠤᠭᠴᠢᠳ ᠳᠤᠮᠳᠠᠳᠤ ᠤᠯᠤᠰ ᠤᠨ ᠰᠤᠷᠤᠭᠴᠢᠳ ᠲᠠᠢ ᠬᠠᠮᠲᠤ ᠢᠳᠡᠵᠦ᠂ ᠬᠠᠮᠲᠤ ᠰᠠᠭᠤᠵᠤ᠂ ᠬᠠᠮᠲᠤ ᠪᠠᠷ ᠰᠤᠷᠴᠤ᠂ ᠬᠠᠮᠲᠤ ᠪᠠᠷ ᠰᠤᠷᠤᠯᠴᠠᠬᠤ ᠶᠢᠨ ᠬᠢᠵᠠᠭᠠᠷ ᠦᠭᠡᠢ ᠷᠢᠳᠢ ᠰᠢᠳᠢ ᠶᠢ ᠣᠯᠵᠠᠢ᠃
  ᠭᠤᠷᠪᠠᠳᠤᠭᠠᠷ ᠳᠤᠮᠳᠠᠳᠤ ᠰᠤᠷᠭᠠᠭᠤᠯᠢ ᠶᠢᠨ 14 ᠠᠩᠭᠢ ᠶᠢᠨ ᠮᠣᠩᠭᠤᠯ ᠤᠯᠤᠰ ᠤᠨ ᠰᠤᠷᠤᠭᠴᠢ ᠨᠠᠷᠠᠨᠲᠤᠩᠭᠠᠯᠠᠭ᠄ ︽ᠠᠳᠡᠬᠢ ᠰᠤᠷᠤᠯᠭ᠎ᠠ ᠪᠠ ᠠᠮᠢᠳᠤᠷᠠᠯ ᠤᠨ ᠣᠷᠴᠢᠨ ᠲᠣᠭᠤᠷᠢᠨ ᠨᠢ ᠮᠣᠩᠭᠤᠯ ᠤᠯᠤᠰ ᠯᠤᠭ᠎ᠠ ᠮᠠᠰᠢ ᠶᠡᠭᠡ ᠠᠳᠠᠯᠢ ᠦᠭᠡᠢ᠂ ᠥᠷᠯᠥᠭᠡ ᠡᠷᠲᠡ ᠲᠠᠮᠢᠷ ᠲᠠᠢ᠂ ᠣᠯᠠᠨ ᠢᠶᠠᠷ ᠢᠶᠠᠨ ᠪᠡᠶ᠎ᠡ ᠪᠣᠯᠪᠠᠰᠤᠷᠠᠵᠤ᠂ ᠣᠷᠣᠢ ᠳᠠᠭᠠᠨ ᠳ᠋ᠧᠩ ᠤᠨᠲᠠᠷᠠᠭᠠᠵᠤ᠂ ᠪᠢᠳᠡ ᠪᠠᠰᠠ ᠴᠠᠭ ᠲᠠᠭᠠᠨ ᠠᠮᠠᠷᠠᠵᠤ ᠴᠢᠳᠠᠨ᠎ᠠ᠃ ᠮᠢᠨᠦ ᠠᠪᠤ᠂ ᠳᠤᠮᠳᠠᠳᠤ ᠤᠯᠤᠰ ᠤᠨ ᠬᠥᠮᠥᠨ ᠤᠴᠢᠷ ᠠᠴᠠ ᠬᠢᠲᠠᠳ ᠬᠡᠯᠡ ᠰᠤᠷᠬᠤ ᠨᠢ ᠨᠠᠳᠠ ᠲᠣᠩ ᠳᠣᠲᠣᠨᠣ᠂ ᠪᠠᠰᠠ ᠲᠣᠩ ᠳᠤᠷᠠᠲᠠᠢ ᠰᠢᠤ︾ ᠭᠡᠪᠡ᠃
   ᠰᠢᠨ᠎ᠡ ᠰᠤᠷᠤᠯᠭ᠎ᠠ ᠶᠢᠨ ᠬᠤᠭᠤᠴᠠᠭ᠎ᠠ᠂ ᠰᠢᠨ᠎ᠡ ᠡᠬᠢᠯᠡᠯᠲᠡ᠂ ᠰᠢᠨ᠎ᠡ ᠬᠦᠰᠡᠯ ᠮᠥᠷᠥᠭᠡᠳᠦᠯ᠃ ᠥᠷᠭᠡᠨ ᠣᠯᠠᠨ ᠰᠤᠷᠤᠭᠴᠢᠳ ᠬᠢᠯᠢ ᠶᠢᠨ ᠪᠣᠭᠤᠮᠲᠠ ᠶᠢᠨ ᠬᠢᠯᠢ ᠶᠢᠨ ᠬᠤᠲᠠ ᠳᠤ ᠮᠡᠳᠡᠯᠭᠡ ᠰᠤᠷᠬᠤ ᠪᠣᠭᠴᠣ ᠪᠠᠨ ᠡᠭᠦᠷᠴᠦ᠂ ᠮᠡᠳᠡᠯᠭᠡ ᠶᠢᠨ ᠣᠷᠳᠣᠨ ᠳᠤ ᠴᠢᠭᠯᠡᠨ ᠳᠠᠪᠰᠢᠵᠤ᠂ ᠢᠲᠡᠭᠡᠯ ᠲᠠᠢ ᠭᠡᠷᠡᠯ ᠭᠢᠯᠪᠠᠭ᠎ᠠ ᠪᠠᠨ ᠰᠠᠴᠤᠷᠠᠭᠤᠯᠵᠤ᠂ ᠰᠠᠶᠢᠨ ᠰᠠᠶᠢᠬᠠᠨ ᠴᠠᠭ ᠮᠥᠴᠡ ᠳᠤ ᠲᠡᠳᠡᠨ ᠤ ᠬᠠᠷᠢᠶᠠᠯᠠᠭᠳᠠᠬᠤ ᠭᠤᠶᠢᠳᠠ ᠰᠠᠶᠢᠬᠠᠨ ᠢᠷᠡᠭᠡᠳᠦᠶ ᠳᠤ ᠬᠦᠷᠴᠦ ᠢᠷᠡᠪᠡ᠃
 
ᠢᠷᠡᠯᠲᠡ᠄ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号