︽ᠭᠤᠷᠪᠠ ᠶᠢᠰᠦ ︾  ᠡᠬᠢᠯᠡᠭᠰᠡᠨ
ᠨᠡᠶᠢᠲᠡᠯᠡᠭᠰᠡᠨ ᠴᠠᠭ᠄
2024/1/11
ᠤᠷᠴᠢᠭᠤᠯᠤᠠᠠᠴᠢ᠄  ᠪᠦᠷᠢᠩᠭᠤᠸ᠎ᠠ         1 ᠰᠠᠷ᠎ᠠ   ᠶᠢᠨ 6 ᠤ ᠡᠳᠦᠷ ᠪᠣᠯ ᠪᠢᠯᠢᠭ ᠤᠨ ᠤᠯᠠᠷᠢᠯ ᠤᠨ ᠬᠤᠷᠢᠨ ᠳᠥᠷᠪᠡᠨ ᠴᠠᠭ ᠤᠯᠠᠷᠢᠯ ᠤᠨ ᠳᠣᠲᠣᠷᠠᠬᠢ 23   ᠳᠠᠬᠢ ᠴᠠᠭ ᠤᠯᠠᠷᠢᠯ ᠤᠨ ᠪᠠᠭ᠎ᠠ ᠬᠦᠢᠲᠡᠨ᠂ ᠮᠥᠨ ᠴᠦ ᠡᠪᠦᠯ ᠤᠨ ᠤᠯᠠᠷᠢᠯ ᠤᠨ ᠲᠠᠪᠤᠳᠠᠭᠢ ᠴᠠᠭ ᠤᠯᠠᠷᠢᠯ ᠪᠣᠯᠣᠨ᠎ᠠ᠂ ᠡᠨᠡ ᠦᠶ᠎ᠡ ᠪᠣᠯ ᠡᠪᠦᠯ ᠤᠨ ᠤᠯᠠᠷᠢᠯ ᠵᠢᠩᠬᠢᠨᠢ ᠪᠠᠷ ᠡᠬᠢᠯᠡᠭᠰᠡᠨ   ᠢ ᠬᠠᠷᠠᠭᠤᠯᠵᠤ ᠪᠠᠶᠢᠭ᠎ᠠ ᠪᠥᠭᠡᠳ ᠪᠠᠰᠠ ᠴᠤ ᠨᠢᠭᠡ ᠵᠢᠯ ᠤᠨ ᠳᠣᠲᠣᠷᠠᠬᠢ ᠬᠠᠮᠤᠭ  ᠬᠦᠢᠲᠡᠨ ᠡᠳᠦᠷ ᠪᠣᠯᠣᠨ᠎ᠠ᠃         ᠮᠠᠨ ᠤ ᠤᠯᠤᠰ ᠤᠨ ᠤᠯᠠᠮᠵᠢᠯᠠᠯᠲᠤ ᠴᠠᠭ ᠤᠯᠠᠷᠢᠯ ᠤᠨ ᠪᠢᠴᠢᠭ ᠲᠤ ᠪᠠᠭ᠎ᠠ ᠬᠦᠢᠲᠡᠨ ᠤᠯᠠᠷᠢᠯ ᠢ ᠭᠤᠷᠪᠠᠨ  ᠲᠡᠰ ᠬᠤᠪᠢᠶᠠᠳᠠᠭ  ᠄  ᠬᠠᠯᠢᠭᠤᠨ ᠭᠠᠯᠠᠭᠤ ᠤᠮᠠᠷᠠᠰᠢ ᠨᠡᠭᠦᠳᠡᠯᠯᠡᠬᠦ᠂   ᠱᠠᠭᠠᠵᠠᠭᠠᠢ  ᠡᠭᠦᠷ  ᠪᠠᠨ ᠪᠠᠷᠢᠬᠤ᠂  ᠭᠤᠷᠭᠤᠤᠯᠳᠠᠶ ᠶᠢᠨ  ᠬᠢᠲᠠᠷᠤᠤ᠃ ᠡᠷᠲᠡᠨ ᠤ ᠬᠥᠮᠥᠰ ᠤᠨ ᠦᠵᠡᠬᠦ ᠪᠠᠷ᠂ ᠨᠡᠭᠦᠳᠡᠯ ᠤᠨ ᠰᠢᠪᠠᠭᠤᠨ ᠤ ᠳᠤᠮᠳᠠ ᠬᠠᠯᠢᠭᠤᠨ ᠭᠠᠯᠠᠭᠤ ᠨᠢ ᠠᠷᠭ᠎ᠠ ᠪᠢᠯᠢᠭ ᠢ ᠳᠠᠭᠠᠵᠤ ᠨᠡᠭᠦᠳᠡᠯᠯᠡᠨ᠂ ᠪᠠᠭ᠎ᠠ ᠬᠦᠢᠲᠡᠨ ᠦᠶ᠎ᠡ ᠳᠤ ᠨᠡᠷᠡᠨ ᠤ ᠬᠡᠢ ᠨᠢᠭᠡᠨᠲᠡ ᠬᠥᠳᠡᠯᠳᠡᠭ ᠲᠤᠯᠠ ᠬᠠᠯᠢᠭᠤᠨ ᠭᠠᠯᠠᠭᠤ  ᠤᠮᠠᠷᠠᠰᠢ  ᠨᠡᠭᠦᠳᠡᠯᠯᠡᠳᠡᠭ᠃ ᠤᠮᠠᠷᠠᠲᠤ ᠣᠷᠣᠨ  ᠤ ᠭᠠᠵᠠᠷ ᠪᠣᠯᠭᠠᠨ ᠳᠤ ᠱᠠᠭᠠᠵᠠᠭᠠᠢ ᠬᠠᠷᠠᠭᠳᠠᠬᠤ ᠪᠥᠭᠡᠳ  ᠡᠭᠦᠷ ᠪᠠᠷᠢᠵᠤ ᠡᠬᠢᠯᠡᠳᠡᠭ  ᠃᡽ ᠭᠤᠷᠪᠠᠳᠤᠭᠠᠷ  ᠲᠡᠰ ᠤᠨ ︽ᠭᠤᠷᠭᠤᠤᠯᠳᠠᠶ ᠶᠢᠨ  ᠬᠢᠲᠠᠷᠤᠤ︾ ᠶᠢᠨ ︽ᠬᠢᠲᠠᠷᠤᠤ︾ ᠭᠡᠳᠡᠭ ᠨᠢ ᠳᠤᠤᠭᠠᠷᠬᠤ ᠭᠡᠰᠡᠨ ᠤᠳᠬ᠎ᠠ ᠲᠠᠢ᠃ ᠭᠤᠷᠭᠤᠤᠯ ᠳᠥᠷᠪᠡ ᠶᠢᠰᠦ ᠶᠢᠨ ᠦᠶ᠎ᠡ ᠳᠤ  ᠵᠢᠷᠭᠢᠳᠡᠭ  ᠃           ︽3 · 9︾  ᠶᠢᠨ  ᠡᠮᠤᠨ᠎ᠡ ᠬᠤᠶᠢᠨ᠎ᠡ᠂ ᠬᠥᠷᠥᠰᠥᠨ ᠤ ᠭᠦᠨ ᠳᠠᠪᠬᠤᠷᠭ᠎ᠠ ᠶᠢᠨ ᠢᠯᠴᠢ ᠶᠢᠨ ᠬᠤᠷᠣᠭᠳᠠᠯ  ᠪᠠᠷᠠᠭᠳᠠᠵᠤ᠂  ᠨᠡᠷᠡᠨ ᠤ ᠬᠡᠷᠡᠯ ᠪᠠ ᠢᠯᠴᠢ  ᠨᠡᠮᠡᠭᠳᠡᠭᠰᠡᠨ ᠪᠣᠯᠪᠠᠴᠤ  ᠭᠡᠷᠡᠯ ᠨᠢ  ᠬᠠᠩᠭᠠᠯᠭ᠎ᠠ ᠳᠤ ᠪᠠᠨ ᠬᠦᠷᠬᠦ ᠦᠭᠡᠢ  ᠂ ᠡᠶᠢᠮᠦ ᠠᠴᠠ ᠪᠥᠬᠦ ᠵᠢᠯ ᠤᠨ ᠬᠠᠮᠤᠭ  ᠳᠣᠣᠷ᠎ᠠ ᠳᠤᠯᠠᠭᠠᠨ ᠤ ᠬᠡᠮᠵᠢᠶ᠎ᠡ ᠶᠢ ᠪᠣᠶ ᠪᠣᠯᠭᠠᠳᠠᠭ᠃  ᠠᠳᠡ ᠰᠠᠨᠠᠭᠤᠯᠬᠤ ᠨᠢ ᠶᠡᠭᠡ ᠰᠠᠯᠬᠢ ᠰᠠᠯᠬᠢᠯᠠᠨ ᠬᠦᠢᠲᠡᠷᠡᠬᠦ ᠪᠠ ᠪᠣᠷᠣᠭᠠᠨ ᠴᠠᠰᠤ ᠲᠠᠢ ᠠᠭᠤᠷ ᠠᠮᠢᠰᠬᠤᠯ ᠢ ᠰᠡᠷᠡᠮᠵᠢᠯᠡᠵᠦ᠂  ᠬᠥᠯᠳᠡᠬᠦ ᠠᠴᠠ ᠰᠡᠷᠭᠡᠶᠢᠯᠡᠬᠦ ᠶᠢ ᠠᠩᠬᠠᠷᠴᠤ  ᠂ ᠭᠡᠷ ᠤᠨ ᠭᠠᠳᠠᠨᠠᠬᠢ ᠬᠥᠳᠡᠯᠭᠡᠭᠡᠨ ᠢ ᠠᠯᠢ ᠴᠢᠳᠠᠬᠤ ᠪᠠᠷ ᠪᠠᠭᠠᠰᠬᠠᠵᠤ᠂ ᠭᠡᠷ ᠳᠣᠲᠣᠷ᠎ᠠ ᠵᠣᠬᠢᠬᠤ ᠬᠡᠮᠵᠢᠶᠡᠨ ᠤ  ᠬᠦᠳᠡᠯᠭᠡᠭᠡᠨ ᠬᠢᠵᠦ᠂ ᠡᠰᠡᠷᠭᠦᠴᠡᠬᠦ ᠴᠢᠳᠠᠪᠤᠷᠢ ᠪᠠᠨ ᠨᠡᠮᠡᠭᠳᠡᠭᠦᠯᠬᠦ ᠬᠡᠷᠡᠭᠲᠡᠢ᠃ ᠡᠳᠦᠷ ᠲᠤᠲᠤᠮ ᠤᠨ ᠢᠳᠡᠭᠡᠨ ᠤᠮᠳᠠᠭᠠᠨ ᠳᠤ ᠬᠤᠨᠢᠨ ᠮᠢᠬ᠎ᠠ ᠵᠡᠷᠭᠡ ᠰᠢᠮ᠎ᠡ ᠲᠡᠵᠢᠭᠡᠯᠲᠦ ᠢᠳᠡᠭᠡᠨ ᠢ ᠢᠯᠡᠭᠦᠦ ᠢᠳᠡᠵᠦ᠂ ᠪᠥᠭᠡᠷ᠎ᠡ ᠶᠢ ᠲᠡᠵᠢᠭᠡᠵᠦ ᠬᠦᠢᠲᠡᠨ ᠢ  ᠰᠡᠷᠭᠡᠶᠢᠯᠡᠬᠦ ᠶᠢ ᠰᠠᠨᠠᠭᠤᠯᠵᠦ ᠪᠠᠶᠢᠨ᠎ᠠ  ᠃
 
ᠢᠷᠡᠯᠲᠡ᠄ ᠡᠷᠢᠶᠡᠨ ᠬᠤᠳᠠ ᠶᠢᠨ ᠬᠠᠮ ᠵᠠᠭᠤᠴᠢᠯᠠᠭᠤᠷ ᠤᠨ ᠳᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号