ᠤᠯᠤᠰ ᠤᠨ ᠲᠡᠷᠢᠭᠦᠯᠡᠭᠴᠢ ᠰᠢ ᠶᠢᠨ ᠫᠢᠩ 2024 ᠣᠨ ᠤ ᠰᠢᠨ᠎ᠡ ᠵᠢᠯ ᠤᠨ ᠪᠠᠶᠠᠷ ᠤᠨ ᠦᠭᠡ ᠨᠡᠶᠢᠲᠡᠯᠡᠪᠡ
ᠨᠡᠶᠢᠲᠡᠯᠡᠭᠰᠡᠨ ᠴᠠᠭ᠄
2024/1/5
     ︵ᠰᠢᠨᠬᠤᠸᠠ ᠬᠤᠷᠢᠶ᠎ᠠ ᠶᠢᠨ ᠪᠡᠭᠡᠵᠢᠩ ᠤᠨ 12 ᠰᠠᠷ᠎ᠠ ᠶᠢᠨ 31 ᠤ ᠴᠠᠭᠢᠯᠭᠠᠨ ᠮᠡᠳᠡᠭᠡ︶ ᠰᠢᠨ᠎ᠡ ᠣᠨ ᠤ ᠪᠣᠱᠣᠭᠠᠨ ᠳᠡᠭᠡᠷ᠎ᠡ᠂ ᠤᠯᠤᠰ ᠤᠨ ᠲᠡᠷᠢᠭᠦᠯᠡᠭᠴᠢ    ᠰᠢ ᠶᠢᠨ ᠫᠢᠩ ᠲᠥᠪ ᠤᠨ ᠷᠠᠳᠢᠣ᠋ ᠲᠧᠯᠸᠢᠰ ᠤᠨ ᠶᠡᠷᠦᠩᠬᠡᠢ ᠬᠤᠷᠢᠶ᠎ᠠ ᠪᠠ ᠢᠨᠲ᠋ᠧᠷ ᠰᠦᠯᠵᠢᠶ᠎ᠡ ᠪᠠᠷ ᠳᠠᠮᠵᠢᠭᠤᠯᠤᠨ 2024 ᠣᠨ ᠤ ᠰᠢᠨ᠎ᠡ ᠵᠢᠯ ᠤᠨ ᠪᠠᠶᠠᠷ ᠤᠨ ᠦᠭᠡ ᠨᠡᠶᠢᠲᠡᠯᠡᠪᠡ᠃ ᠪᠦᠭᠦ ᠠᠭᠤᠯᠭ᠎ᠠ ᠨᠢ ᠳᠣᠣᠷᠠᠬᠢ ᠮᠡᠲᠦ᠄    ᠲᠠ ᠪᠦᠭᠦᠨ ᠰᠠᠶᠢᠨ ᠪᠠᠶᠢᠨ᠎ᠠ ᠦᠦ︕ ᠡᠪᠦᠯ ᠤᠨ ᠲᠦᠢᠯ ᠪᠣᠯᠬᠤᠶ᠎ᠠ ᠠᠷᠭ᠎ᠠ ᠬᠡᠢ ᠢᠯᠡᠷᠡᠵᠦ᠂ ᠣᠨ ᠵᠢᠯ ᠰᠢᠨᠡᠳᠬᠦ ᠪᠣᠯᠣᠯ᠎ᠠ᠃ ᠡᠨᠡ ᠬᠦ ᠬᠠᠭᠤᠴᠢᠨ ᠣᠨ ᠢᠶᠠᠨ ᠦᠳᠡᠵᠦ ᠰᠢᠨ᠎ᠡ ᠣᠨ ᠢᠶᠠᠨ ᠤᠭᠲᠤᠵᠤ ᠪᠠᠶᠢᠭ᠎ᠠ ᠰᠠᠶᠢᠨ ᠰᠠᠶᠢᠬᠠᠨ ᠴᠠᠭ ᠮᠥᠴᠡ ᠳᠤ᠂ ᠪᠢ ᠪᠡᠭᠡᠵᠢᠩ ᠠᠴᠠ ᠲᠠ ᠪᠦᠭᠦᠨ ᠳᠤ ᠰᠢᠨ᠎ᠡ ᠣᠨ ᠤ ᠬᠦᠰᠡᠯ ᠵᠥᠩᠨᠡᠯ ᠳᠡᠪᠰᠢᠭᠦᠯᠵᠦ ᠪᠠᠶᠢᠨ᠎ᠠ︕    2023 ᠣᠨ ᠳᠤ᠂ ᠪᠢᠳᠡ ᠦᠷᠭᠦᠯᠵᠢᠯᠡᠨ ᠲᠡᠮᠡᠴᠡᠵᠦ᠂ ᠡᠷᠡᠮᠡᠬᠡᠶᠢᠯᠡᠨ ᠤᠷᠤᠭᠰᠢᠯᠠᠵᠤ᠂ ᠰᠠᠯᠬᠢ ᠪᠣᠷᠣᠭᠠᠨ ᠤ ᠳᠠᠪᠲᠠᠯᠲᠠ ᠶᠢ ᠥᠩᠭᠡᠷᠡᠭᠡᠵᠦ᠂ ᠦᠵᠡᠰᠬᠦᠯᠡᠩᠲᠦ ᠰᠠᠶᠢᠬᠠᠨ ᠦᠵᠡᠮᠵᠢ ᠶᠢ ᠣᠯᠵᠤ ᠬᠠᠷᠠᠵᠤ᠂ ᠯᠤᠲᠤ ᠶᠡᠭᠡ ᠣᠯᠣᠯᠲᠠ ᠲᠠᠢ ᠪᠣᠯᠵᠠᠢ᠃ ᠤᠯᠠᠨ ᠢᠶᠠᠷ ᠢᠶᠠᠨ ᠨᠢᠭᠡ ᠵᠢᠯ ᠢ ᠭᠢᠯᠪᠠᠷ ᠪᠤᠰᠤ ᠪᠠᠷ ᠥᠩᠭᠡᠷᠡᠭᠦᠯᠦᠭᠰᠡᠨ ᠪᠥᠭᠡᠳ ᠢᠷᠡᠭᠡᠳᠦᠢ ᠳᠡᠭᠡᠨ ᠢᠲᠡᠭᠡᠯ ᠲᠡᠭᠦᠯᠳᠡᠷ ᠪᠣᠯᠵᠠᠢ᠃
  ᠰᠢᠨ᠎ᠡ ᠣᠨ ᠤ ᠪᠣᠱᠣᠭᠠᠨ ᠳᠡᠭᠡᠷ᠎ᠡ᠂ ᠤᠯᠤᠰ ᠤᠨ ᠲᠡᠷᠢᠭᠦᠯᠡᠭᠴᠢ ᠰᠢ ᠶᠢᠨ ᠫᠢᠩ ᠲᠥᠪ ᠤᠨ ᠷᠠᠳᠢᠣ᠋ ᠲᠧᠯᠸᠢᠰ ᠤᠨ ᠶᠡᠷᠦᠩᠬᠡᠢ ᠬᠤᠷᠢᠶ᠎ᠠ ᠪᠠ ᠢᠨᠲ᠋ᠧᠷ ᠰᠦᠯᠵᠢᠶ᠎ᠡ ᠪᠠᠷ ᠳᠠᠮᠵᠢᠭᠤᠯᠤᠨ 2024 ᠣᠨ ᠤ ᠰᠢᠨ᠎ᠡ ᠵᠢᠯ ᠤᠨ ᠪᠠᠶᠠᠷ ᠤᠨ ᠦᠭᠡ ᠨᠡᠶᠢᠲᠡᠯᠡᠪᠡ᠃    ᠰᠢᠨᠬᠤᠸᠠ ᠬᠤᠷᠢᠶ᠎ᠠ ᠶᠢᠨ ᠰᠤᠷᠪᠤᠯᠵᠢᠯᠠᠬᠴᠢ ᠵᠢᠦᠢ ᠫᠧᠩ ᠰᠡᠭᠦᠳᠡᠷᠯᠡᠪᠡ    ᠡᠨᠡ ᠨᠢᠭᠡ ᠵᠢᠯ ᠪᠢᠳᠡᠨ ᠤ ᠠᠯᠬᠤᠭ᠎ᠠ ᠯᠠᠪᠳᠠᠭᠤᠨ ᠪᠠᠲᠤᠲᠠᠢ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠲᠣᠭᠲᠠᠭᠤᠨ ᠢᠶᠠᠷ ᠰᠢᠯᠵᠢᠵᠦ᠂ ᠮᠠᠨ ᠤ ᠤᠯᠤᠰ ᠤᠨ ᠠᠵᠤ ᠠᠬᠤᠢ ᠦᠷᠭᠦᠯᠵᠢᠯᠡᠨ ᠰᠠᠶᠢᠵᠢᠷᠠᠵᠤ᠂ ᠴᠢᠨᠠᠷ ᠰᠠᠶᠢᠲᠠᠢ ᠬᠥᠭᠵᠢᠯᠲᠡ ᠯᠠᠪᠳᠠᠭᠤᠨ ᠪᠠᠲᠤᠲᠠᠢ ᠠᠬᠢᠪᠠ᠃ ᠣᠳᠣᠬᠢᠴᠢᠯᠠᠭᠰᠠᠨ ᠠᠵᠤ ᠦᠢᠯᠡᠰ ᠤᠨ ᠰᠢᠰᠲ᠋ᠧᠮ ᠨᠡᠩ ᠪᠦᠷᠢᠨᠰᠢᠵᠦ᠂ ᠨᠢᠭᠡ ᠪᠦᠯᠦᠭ ᠳᠡᠭᠡᠳᠦ ᠳᠡᠰᠵᠢᠭᠰᠡᠨ᠂ ᠣᠶᠤᠨᠴᠢᠯᠠᠭᠰᠠᠨ᠂ ᠪᠣᠬᠢᠷᠳᠤᠯ ᠦᠭᠡᠢ ᠰᠢᠨ᠎ᠡ ᠭᠡᠯᠪᠡᠷᠢ ᠶᠢᠨ ᠲᠤᠯᠭᠠᠭᠤᠷᠢ ᠠᠵᠤ ᠦᠢᠯᠡᠰ ᠲᠦᠷᠭᠡᠨ ᠬᠥᠭᠵᠢᠪᠡ᠃ ᠠᠮᠤ ᠪᠤᠳᠠᠭᠠᠨ ᠤ ᠦᠢᠯᠡᠳᠪᠦᠷᠢᠯᠡᠯ ︽ᠬᠤᠷᠢᠨ ᠵᠢᠯ ᠳᠠᠷᠠᠭᠠᠯᠠᠨ ᠡᠯᠪᠡᠭ ᠬᠤᠷᠢᠶᠠᠯᠲᠠ ᠣᠯᠵᠤ︾᠂ ᠬᠥᠬᠡᠮᠳᠦᠭ ᠨᠣᠭᠤᠭᠠᠨ ᠠᠭᠤᠯᠠ ᠤᠰᠤᠨ ᠤ ᠴᠢᠨᠠᠷ ᠨᠠᠩ ᠭᠦᠢᠴᠡᠳ ᠪᠣᠯᠵᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠰᠢᠨ᠎ᠡ ᠳᠦᠷᠰᠦ ᠪᠠᠶᠢᠳᠠᠯ ᠢᠯᠡᠷᠡᠪᠡ᠃ ᠵᠡᠭᠦᠨ ᠬᠤᠶᠢᠲᠤ ᠣᠷᠣᠨ ᠢ ᠪᠦᠭᠦ ᠲᠠᠯ᠎ᠠ ᠪᠠᠷ ᠬᠥᠭᠵᠢᠭᠦᠯᠦᠨ ᠮᠠᠨᠳᠤᠭᠤᠯᠬᠤ ᠰᠢᠨ᠎ᠡ ᠬᠠᠭᠤᠳᠠᠰᠤ ᠶᠢ ᠪᠢᠴᠢᠭᠯᠡᠵᠦ᠂ ᠰᠢᠶᠦ᠋ᠩ ᠠᠨ ᠰᠢᠨ᠎ᠡ ᠲᠣᠭᠤᠷᠢᠭ ᠬᠥᠭᠵᠢᠨ ᠪᠤᠶᠢᠵᠢᠵᠤ᠂ ᠬᠥᠬᠡᠮᠥ᠋ᠷᠡᠨ ᠤ ᠠᠵᠤ ᠠᠬᠤᠢ ᠶᠢᠨ ᠪᠦᠰᠡ ᠠᠮᠢᠵᠢᠷᠠᠯ ᠤᠨ ᠬᠦᠴᠦᠨ ᠢᠶᠠᠷ ᠪᠢᠯᠬᠠᠵᠤ᠂ ᠭᠤᠸᠠᠩᠳᠦ᠋ᠩ ᠰᠢᠶᠠᠩᠭᠠᠩ ᠣᠣᠮᠧᠨ ᠤ ᠶᠡᠭᠡ ᠪᠤᠯᠤᠩ ᠤᠨ ᠣᠷᠣᠨ ᠤᠷᠤᠰᠬᠠᠯ ᠤᠨ ᠡᠮᠦᠨ᠎ᠡ ᠡᠷᠡᠯᠬᠡᠭᠯᠡᠨ ᠵᠣᠭᠰᠣᠪᠠ᠃ ᠳᠤᠮᠳᠠᠳᠤ ᠤᠯᠤᠰ ᠤᠨ ᠠᠵᠤ ᠠᠬᠤᠢ ᠰᠠᠯᠬᠢ ᠳᠠᠪᠠᠯᠭᠠᠨ ᠤ ᠳᠤᠮᠳᠠ ᠪᠡᠶ᠎ᠡ ᠮᠠᠬᠠᠪᠤᠳ ᠢᠶᠠᠨ ᠴᠢᠭᠢᠷᠠᠭᠵᠢᠭᠤᠯᠵᠤ᠂ ᠶᠠᠰᠤ ᠰᠢᠷᠪᠦᠰᠦ ᠪᠠᠨ ᠴᠢᠩᠭᠠᠷᠠᠭᠤᠯᠪᠠ᠃    ᠡᠨᠡ ᠨᠢᠭᠡ ᠵᠢᠯ ᠪᠢᠳᠡᠨ ᠤ ᠠᠯᠬᠤᠭ᠎ᠠ ᠡᠷᠴᠢᠮ ᠬᠦᠴᠦᠲᠡᠢ᠃ ᠤᠳᠠᠭᠠᠨ ᠳᠠᠭᠠᠭᠠᠮᠠᠭᠠᠢ ᠪᠠᠷ ᠵᠢᠳᠬᠦᠯ ᠴᠢᠷᠮᠠᠶᠢᠯᠭ᠎ᠠ ᠭᠠᠷᠭᠠᠬᠤ ᠪᠠᠷ ᠳᠠᠮᠵᠢᠨ᠂ ᠳᠤᠮᠳᠠᠳᠤ ᠤᠯᠤᠰ ᠤᠨ ᠰᠢᠨ᠎ᠡ ᠶᠢ ᠡᠭᠦᠳᠬᠦ ᠬᠥᠳᠡᠯᠭᠡᠬᠦ ᠬᠦᠴᠦᠨ᠂ ᠬᠥᠭᠵᠢᠯᠲᠡ ᠶᠢᠨ ᠠᠮᠢᠵᠢᠷᠠᠯ ᠤᠨ ᠬᠦᠴᠦᠨ ᠣᠷᠭᠢᠯᠤᠨ ᠪᠠᠳᠠᠷᠠᠪᠠ᠃ C919 ᠲᠣᠮᠣ ᠨᠢᠰᠬᠡᠯ ᠬᠤᠳᠠᠯᠳᠤᠭᠠᠨ ᠤ ᠨᠢᠰᠦᠯᠲᠡ ᠶᠢ ᠪᠡᠶᠡᠯᠡᠭᠦᠯᠵᠦ ᠂ ᠤᠯᠤᠰ ᠲᠠᠭᠠᠨ ᠦᠢᠯᠡᠳᠪᠦᠷᠢᠯᠡᠭᠰᠡᠨ ᠲᠣᠮᠣ ᠭᠡᠯᠪᠡᠷᠢ ᠶᠢᠨ ᠰᠢᠤᠳᠠᠨ ᠤ ᠬᠥᠯᠭᠡ ᠣᠩᠭᠤᠴᠠ ᠲᠤᠷᠰᠢᠨ ᠠᠶᠠᠯᠠᠬᠤ ᠶᠢ ᠪᠡᠶᠡᠯᠡᠭᠦᠯᠵᠦ᠂ ᠬᠤᠪᠢᠯᠭᠠᠨ ᠣᠩᠭᠤᠴᠠ ᠰᠠᠨᠰᠠᠷ ᠲᠤ ᠪᠤᠤᠬᠢᠶ᠎ᠠ ᠳᠠᠮᠵᠢᠭᠤᠯᠵᠤ᠂ ︽ᠲᠡᠮᠡᠴᠡᠭᠴᠢ︾ ᠨᠡᠷᠡᠮᠵᠢᠲᠦ ᠲᠦᠢᠯ ᠤᠨ ᠭᠦᠨ ᠱᠤᠮᠪᠠᠯᠲᠠ ᠬᠢᠪᠡ᠃ ᠤᠯᠤᠰ ᠤᠨ ᠪᠠᠷᠠᠭ᠎ᠠ ᠤᠷᠤᠰᠬᠠᠯ ᠲᠡᠮᠳᠡᠭᠲᠦ ᠪᠣᠯᠵᠤ ᠥᠷᠭᠡᠨ ᠢᠶᠠᠷ ᠬᠦᠷᠢᠶᠡᠯᠡᠭᠳᠡᠵᠦ᠂ ᠤᠯᠤᠰ ᠲᠠᠭᠠᠨ ᠦᠢᠯᠡᠳᠪᠦᠷᠢᠯᠡᠭᠰᠡᠨ ᠰᠢᠨ᠎ᠡ ᠭᠠᠷ ᠤᠲᠠᠰᠤ ᠣᠯᠳᠠᠬᠤᠶ᠎ᠠ ᠪᠡᠷᠬᠡ ᠪᠣᠯᠵᠤ᠂ ᠰᠢᠨ᠎ᠡ ᠡᠨᠧᠷᠭᠢ ᠶᠢᠨ ᠮᠠᠰᠢᠨ ᠲᠡᠷᠭᠡ᠂ ᠯᠢᠲ᠋ᠢ ᠳ᠋ᠢᠶᠠᠨ ᡂᠢ᠂ ᠭᠡᠷᠡᠯᠴᠢ ᠴᠡᠨᠡᠭ ᠤᠨ ᠦᠢᠯᠡᠳᠬᠦᠨ ᠨᠢ ᠳᠤᠮᠳᠠᠳᠤ ᠤᠯᠤᠰ ᠤᠨ ᠦᠢᠯᠡᠳᠬᠡᠯ ᠳᠤ ᠰᠢᠨ᠎ᠡ ᠭᠡᠷᠡᠯ ᠭᠢᠯᠪᠠᠭ᠎ᠠ ᠨᠡᠮᠡᠷᠢᠯᠡᠪᠡ᠃ ᠳᠤᠮᠳᠠᠳᠤ ᠤᠯᠤᠰ ᠬᠦᠴᠦᠷᠬᠡᠭᠵᠢᠬᠦ ᠪᠠᠷ ᠬᠦᠴᠦᠯᠡᠨ ᠴᠢᠷᠮᠠᠶᠢᠬᠤ ᠵᠣᠷᠢᠭ ᠰᠠᠨᠠᠭ᠎ᠠ ᠪᠠᠷ ᠬᠦᠴᠦᠯᠡᠨ ᠮᠠᠴᠤᠵᠤ᠂ ᠭᠠᠵᠠᠷ ᠪᠣᠯᠭᠠᠨ ᠳᠤ ᠴᠥᠮ ᠡᠳᠦᠷ ᠠᠴᠠ ᠡᠳᠦᠷ ᠰᠢᠨᠡᠳᠦᠨ ᠬᠤᠪᠢᠷᠠᠵᠤ ᠪᠠᠶᠢᠭ᠎ᠠ ᠡᠭᠦᠳᠦᠯᠲᠡ ᠪᠤᠢ ᠪᠣᠯᠪᠠ᠃    ᠡᠨᠡ ᠨᠢᠭᠡ ᠵᠢᠯ ᠪᠢᠳᠡᠨ ᠤ ᠠᠯᠬᠤᠭ᠎ᠠ ᠴᠤᠬ ᠵᠢᠪᠬᠤᠭ᠎ᠠ ᠲᠠᠢ᠃ ᠴᠧᠩᠳᠦ᠋ ᠶᠢᠨ ᠣᠶᠤᠲᠠᠳ ᠤᠨ ᠲᠠᠮᠢᠷ ᠤᠨ ᠴᠤᠭᠯᠠᠭᠠᠨ ᠂ ᠬᠠᠩᠵᠧᠦ ᠶᠢᠨ ᠠᠽᠢᠶ᠎ᠠ ᠲᠢᠪ ᠤᠨ ᠲᠠᠮᠢᠷ ᠤᠨ ᠴᠤᠭᠯᠠᠭᠠᠨ ᠭᠤᠶᠢᠳᠠ ᠰᠠᠶᠢᠬᠠᠨ ᠶᠠᠪᠤᠭᠳᠠᠵᠤ᠂ ᠲᠠᠮᠢᠷᠴᠢᠳ ᠵᠣᠷᠢᠭᠲᠠᠢ ᠪᠠᠷ ᠰᠢᠯᠢᠳᠡᠭ ᠪᠦᠲᠦᠮᠵᠢ ᠶᠢ ᠡᠭᠦᠳᠪᠡ᠃ ᠠᠮᠠᠷᠠᠯᠲᠠ ᠶᠢᠨ ᠡᠳᠦᠷ ᠤᠨ ᠵᠢᠭᠤᠯᠴᠢᠯᠠᠬᠰᠠᠳ ᠣᠯᠠᠰᠢᠷᠠᠵᠤ᠂ ᠺᠢᠨᠣ᠋ ᠶᠢᠨ ᠵᠠᠬ᠎ᠠ ᠳᠡᠯᠭᠡᠭᠦᠷ ᠬᠥᠭᠵᠢᠶᠡᠨ ᠲᠠᠢ ᠪᠣᠯᠵᠤ᠂ ︽ᠲᠣᠰᠬᠤᠨ ᠤ ᠬᠥᠯ ᠪᠥᠮᠪᠦᠭᠡ ᠶᠢᠨ ᠤᠷᠤᠯᠳᠤᠭᠠᠨ︾᠂ ︽ᠲᠣᠰᠬᠤᠨ ᠤ ᠦᠳᠡᠰᠢᠯᠡᠭᠡ︾ ᠶᠢᠨ ᠠᠮᠢᠵᠢᠷᠠᠯ ᠤᠨ ᠬᠦᠴᠦᠨ ᠪᠢᠯᠬᠠᠵᠤ᠂ ᠨᠡᠭᠦᠷᠡᠰᠦᠲᠥ᠋ᠷᠥᠭᠴᠢ ᠪᠠᠭ᠎ᠠ ᠭᠠᠳᠠᠭᠰᠢᠯᠠᠭᠤᠯᠬᠤ ᠠᠮᠢᠳᠤᠷᠠᠯ ᠨᠢ ᠠᠭᠠᠵᠢᠮ ᠢᠶᠠᠷ ᠬᠡᠪ ᠰᠤᠷᠲᠠᠯ ᠪᠣᠯᠵᠤ᠂ ᠬᠠᠯᠠᠭᠤᠨ ᠳᠤᠯᠠᠭᠠᠨ ᠠᠮᠢᠳᠤᠷᠠᠯ ᠤᠨ ᠠᠭᠤᠷ ᠠᠮᠢᠰᠬᠤᠯ᠂ ᠰᠡᠷᠭᠦᠭᠰᠡᠨ ᠶᠠᠭᠠᠷᠠᠯᠲᠠᠢ ᠪᠠᠶᠢᠳᠠᠯ ᠨᠢ ᠬᠥᠮᠥᠰ ᠤᠨ ᠰᠠᠶᠢᠨ ᠰᠠᠶᠢᠬᠠᠨ ᠵᠣᠯ ᠵᠢᠷᠭᠠᠯ ᠤᠨ ᠲᠤᠬᠠᠢ ᠬᠥᠭᠡᠭᠡᠴᠡᠯᠳᠦᠯ ᠢ ᠲᠠᠶᠢᠯᠪᠤᠷᠢᠯᠠᠵᠤ᠂ ᠪᠠᠰᠠ ᠠᠮᠢᠵᠢᠷᠠᠯ ᠤᠨ ᠬᠦᠴᠦᠨ ᠢᠶᠠᠷ ᠪᠢᠯᠬᠠᠮ᠎ᠠ᠂ ᠭᠦᠷ ᠬᠥᠭᠵᠢᠶᠡᠨ ᠲᠠᠢ ᠳᠤᠮᠳᠠᠳᠤ ᠤᠯᠤᠰ ᠢ ᠢᠯᠡᠷᠡᠭᠦᠯᠪᠡ᠃    ᠡᠨᠡ ᠨᠢᠭᠡ ᠵᠢᠯ ᠪᠢᠳᠡᠨ ᠤ ᠠᠯᠬᠤᠭ᠎ᠠ ᠢᠲᠡᠭᠡᠯ ᠲᠡᠭᠦᠯᠳᠡᠷ᠃ ᠳᠤᠮᠳᠠᠳᠤ ᠤᠯᠤᠰ ᠪᠣᠯ ᠨᠢᠭᠡᠨ ᠠᠭᠤᠤ ᠶᠡᠭᠡ ᠤᠯᠤᠰ ᠮᠥᠨ᠂ ᠠᠭᠤᠤ ᠶᠡᠭᠡ ᠪᠣᠯᠪᠠᠰᠤᠨ ᠢ ᠤᠯᠠᠮᠵᠢᠯᠠᠨ ᠵᠠᠯᠭᠠᠮᠵᠢᠯᠠᠵᠤ ᠪᠠᠶᠢᠳᠠᠭ᠃ ᠡᠨᠡ ᠬᠦ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷ᠎ᠡ᠂ ᠡᠯᠡᠰᠦᠨ ᠴᠦᠯ ᠤᠨ ᠵᠤᠷᠪᠤᠰ ᠤᠲᠤᠭ᠎ᠠ᠂ ᠵᠢᠶᠠᠩᠨᠠᠨ ᠤ ᠰᠢᠪᠡᠷᠡᠭᠡ ᠪᠣᠷᠣᠭᠠᠨ ᠨᠢ ᠬᠥᠮᠥᠰ ᠤᠨ ᠰᠡᠳᠬᠢᠯ ᠢ ᠮᠢᠩᠭᠠᠨ ᠮᠢᠩᠭᠠᠨ ᠣᠨ ᠬᠤᠯᠪᠣᠵᠤ᠂ ᠰᠡᠳᠬᠢᠯ ᠵᠢᠷᠦᠬᠡ ᠶᠢ ᠳᠣᠬᠳᠣᠯᠤᠭᠤᠯᠤᠨ᠎ᠠ︔ ᠬᠠᠲᠤᠨ ᠭᠤᠣᠯ ᠤᠨ ᠶᠢᠰᠦᠨ ᠲᠣᠬᠤᠢ᠂ ᠬᠥᠬᠡᠮᠥ᠋ᠷᠡᠨ ᠤ ᠲᠦᠷᠭᠡᠨ ᠤᠷᠤᠰᠬᠠᠯ ᠨᠢ ᠬᠥᠮᠥᠰ ᠤᠨ ᠰᠡᠳᠬᠢᠯ ᠢ ᠳᠣᠭᠳᠣᠯᠤᠭᠤᠯᠵᠤ᠂ ᠣᠮᠤᠭ ᠵᠣᠷᠢᠭ ᠢ ᠬᠥᠪᠴᠢᠯᠡᠨ᠎ᠡ᠃ ᠯᠢᠶᠠᠩ ᠵᠦ᠂ ᠡᠯ ᠯᠢ ᠲᠧᠦ ᠶᠢᠨ ᠪᠣᠯᠪᠠᠰᠤᠨ ᠤ ᠦᠦᠷ ᠤᠨ ᠲᠤᠶᠠᠭ᠎ᠠ᠂ ᠶᠢᠨ ᠤ ᠪᠠᠭᠤᠷᠢ ᠶᠢᠨ ᠶᠠᠰᠤᠨ ᠪᠢᠴᠢᠭ ᠤᠨ ᠤᠯᠠᠮᠵᠢᠯᠠᠯ᠂ ᠰᠠᠨ ᠰᠢᠩ ᠳ᠋ᠦᠢ ᠶᠢᠨ ᠰᠣᠶᠣᠯ ᠤᠨ ᠦᠨᠡᠲᠦ ᠡᠷᠳᠡᠨᠢ᠂ ᠤᠯᠤᠰ ᠤᠨ ᠬᠡᠪᠯᠡᠯ ᠤᠨ ᠣᠷᠳᠣᠨ ᠤ ᠰᠣᠶᠣᠯ ᠤᠨ ᠤᠯᠠᠮᠵᠢᠯᠠᠯ ᠦᠷᠭᠦᠯᠵᠢᠯᠡᠨ᠎ᠡ ᠁ ᠥᠷᠭᠡᠨ ᠠᠭᠤᠳᠠᠮ ᠳᠤᠮᠳᠠᠳᠤ ᠤᠯᠤᠰ ᠤᠨ ᠲᠡᠦᠬᠡ ᠬᠡᠴᠢᠨᠡᠭᠡᠨ ᠥᠨᠢ ᠤᠳᠠᠭᠠᠨ᠂ ᠪᠣᠯᠪᠠᠰᠤᠨ ᠬᠡᠴᠢᠨᠡᠭᠡᠨ ᠦᠯᠡᠮᠵᠢ ᠪᠠᠶᠠᠯᠢᠭ ᠪᠠᠶᠢᠳᠠᠭ ᠪᠤᠢ᠂ ᠡᠨᠡ ᠪᠣᠯ ᠮᠠᠨ ᠤ ᠢᠲᠡᠭᠡᠯ ᠤᠨ ᠰᠠᠭᠤᠷᠢ᠂ ᠬᠦᠴᠦᠨ ᠴᠢᠳᠠᠯ ᠤᠨ ᠡᠬᠢ ᠰᠤᠷᠪᠤᠯᠵᠢ ᠮᠥᠨ᠃    ᠳᠤᠮᠳᠠᠳᠤ ᠤᠯᠤᠰ ᠥᠪᠡᠷ ᠢ ᠪᠠᠨ ᠬᠥᠭᠵᠢᠭᠦᠯᠬᠦ ᠪᠥᠭᠡᠳ ᠪᠠᠰᠠ ᠳᠡᠯᠡᠬᠡᠢ ᠳ᠋ᠠᠬᠢᠨ ᠢ ᠢᠳᠡᠪᠬᠢᠲᠡᠢ ᠪᠠᠷ ᠬᠦᠷᠢᠶᠡᠯᠡᠵᠦ᠂ ᠲᠣᠮᠣ ᠤᠯᠤᠰ ᠤᠨ ᠬᠠᠷᠢᠭᠤᠴᠠᠯᠭ᠎ᠠ ᠶᠢ ᠡᠭᠦᠷᠭᠡᠯᠡᠵᠦ ᠪᠠᠶᠢᠳᠠᠭ᠃ ᠪᠢᠳᠡ ᠳᠤᠮᠳᠠᠳᠤ ᠤᠯᠤᠰ — ᠳᠤᠮᠳᠠᠳᠤ ᠠᠽᠢᠶ᠎ᠠ ᠶᠢᠨ ᠲᠦᠷᠦᠭᠦᠴᠦᠳ ᠤᠨ ᠬᠤᠷᠠᠯ᠂ ᠭᠤᠷᠪᠠᠳᠤᠭᠠᠷ ᠬᠤᠭᠤᠴᠠᠭᠠᠨ ᠤ ︽ᠨᠢᠭᠡ ᠪᠦᠰᠡ ᠨᠢᠭᠡ ᠵᠠᠮ︾ ᠤᠨ ᠤᠯᠠᠨ ᠤᠯᠤᠰ ᠤᠨ ᠬᠠᠮᠲᠤᠷᠠᠯᠴᠠᠭᠠᠨ ᠤ ᠲᠦᠷᠦᠭᠦᠴᠦᠳ ᠤᠨ ᠶᠠᠷᠢᠶᠠᠨ ᠤ ᠲᠠᠪᠴᠠᠩ ᠢ ᠠᠮᠵᠢᠯᠲᠠ ᠲᠠᠢ ᠡᠷᠭᠢᠯᠡᠵᠦ᠂ ᠠᠯᠢ ᠤᠯᠠᠨ ᠡᠵᠡᠨ ᠲᠠᠯᠠᠪᠤᠷ ᠤᠨ ᠭᠠᠳᠠᠭᠠᠳᠤ ᠬᠠᠷᠢᠯᠴᠠᠭ᠎ᠠ ᠳᠤ ᠲᠠᠪᠤᠨ ᠲᠢᠪ ᠤᠨ ᠨᠠᠶᠢᠵᠠ ᠨᠠᠷ ᠢ ᠤᠭᠲᠤᠨ ᠠᠪᠴᠢᠷᠠᠪᠠ᠃ ᠪᠢ ᠪᠠᠰᠠ ᠵᠠᠷᠢᠮ ᠤᠯᠤᠰ ᠲᠤ ᠠᠶᠢᠯᠴᠢᠯᠠᠵᠤ᠂ ᠵᠠᠷᠢᠮ ᠤᠯᠠᠨ ᠤᠯᠤᠰ ᠤᠨ ᠬᠤᠷᠠᠯ ᠳᠤ ᠣᠷᠣᠯᠴᠠᠵᠤ᠂ ᠴᠥᠭᠡᠨ ᠪᠤᠰᠤ ᠬᠠᠭᠤᠴᠢᠨ ᠨᠠᠶᠢᠵᠠ᠂ ᠰᠢᠨ᠎ᠡ ᠬᠠᠨᠢᠲᠠᠨ ᠲᠠᠢ ᠪᠠᠨ ᠠᠭᠤᠯᠵᠠᠵᠤ᠂ ᠳᠤᠮᠳᠠᠳᠤ ᠤᠯᠤᠰ ᠤᠨ ᠵᠣᠷᠢᠯᠲᠠ ᠪᠠᠨ ᠬᠤᠪᠢᠶᠠᠯᠴᠠᠵᠤ᠂ ᠬᠠᠮᠲᠤ ᠶᠢᠨ ᠲᠠᠨᠢᠯᠲᠠ ᠪᠠᠨ ᠭᠦᠨᠵᠡᠭᠡᠶᠢᠷᠡᠭᠦᠯᠪᠡ᠃ ᠳᠡᠯᠡᠬᠡᠢ ᠶᠢᠨ ᠶᠠᠪᠤᠳᠠᠯ ᠤᠯᠠᠷᠢᠨ ᠬᠤᠪᠢᠰᠤᠭᠰᠠᠨ ᠴᠤ ᠡᠩᠬᠡ ᠲᠠᠶᠢᠪᠤᠩ ᠬᠥᠭᠵᠢᠯᠲᠡ ᠢᠮᠠᠭᠲᠠ ᠭᠤᠣᠯ ᠭᠦᠭ ᠠᠶᠠᠰ ᠪᠠᠶᠢᠵᠤ᠂ ᠬᠠᠮᠲᠤᠷᠠᠯᠴᠠᠭ᠎ᠠ ᠬᠢᠵᠦ ᠬᠠᠮᠲᠤ ᠪᠠᠷ ᠠᠰᠢᠭ ᠭᠦᠷᠳᠡᠭᠦ ᠪᠣᠯ ᠢᠮᠠᠭᠲᠠ ᠬᠠᠲᠠᠭᠤ ᠶᠣᠰᠣ ᠪᠣᠯᠣᠨ᠎ᠠ᠃    ᠤᠷᠤᠭᠰᠢᠯᠠᠯᠲᠠ ᠶᠢᠨ ᠵᠠᠮ ᠳᠤ᠂ ᠰᠠᠯᠬᠢ ᠪᠣᠷᠣᠭᠠᠨ ᠲᠠᠢ ᠪᠠᠶᠢᠬᠤ ᠪᠣᠯ ᠬᠡᠪ ᠤᠨ ᠪᠠᠶᠢᠳᠠᠯ ᠪᠣᠯᠣᠨ᠎ᠠ᠃ ᠵᠠᠷᠢᠮ ᠠᠵᠤ ᠠᠬᠤᠶᠢᠯᠠᠯ ᠡᠵᠡᠩᠨᠡᠯᠲᠡ ᠶᠢᠨ ᠳᠠᠷᠤᠯᠲᠠ ᠳᠤ ᠲᠤᠯᠭᠠᠷᠠᠵᠤ᠂ ᠵᠠᠷᠢᠮ ᠤᠯᠠᠨ ᠲᠦᠮᠡᠨ ᠤ ᠠᠵᠢᠯ ᠣᠯᠭᠤᠯᠲᠠ᠂ ᠠᠮᠢᠳᠤᠷᠠᠯ ᠬᠦᠴᠢᠷᠳᠡᠯ ᠳᠤ ᠲᠤᠯᠭᠠᠷᠠᠵᠤ᠂ ᠵᠠᠷᠢᠮ ᠭᠠᠵᠠᠷ ᠣᠷᠣᠨ ᠳᠤ ᠦᠶᠡᠷ ᠤᠰᠤᠲᠤᠯ᠂ ᠲᠠᠶᠢᠹᠧᠩ ᠰᠠᠯᠬᠢ᠂ ᠭᠠᠵᠠᠷ ᠬᠥᠳᠡᠯᠦᠯᠲᠡ ᠵᠡᠷᠭᠡ ᠪᠠᠶᠢᠭᠠᠯᠢ ᠶᠢᠨ ᠭᠠᠮᠰᠢᠭ ᠭᠠᠷᠴᠤ ᠪᠠᠶᠢᠨ᠎ᠠ᠂ ᠡᠳᠡᠭᠡᠷ ᠲᠤ ᠪᠢ ᠴᠥᠮ ᠰᠠᠨᠠᠭᠠᠰᠢᠷᠠᠭᠰᠠᠭᠠᠷ ᠶᠤᠮ᠃ ᠤᠯᠠᠨ ᠢᠶᠠᠷ ᠢᠶᠠᠨ ᠰᠠᠯᠬᠢ ᠪᠣᠷᠣᠭᠠᠨ ᠠᠴᠠ ᠠᠶᠤᠬᠤ ᠦᠭᠡᠢ᠂ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠵᠤ᠂ ᠥᠷᠢᠰᠦᠯᠳᠦᠭᠡᠨ ᠳᠤ ᠰᠢᠭᠤᠳ ᠬᠠᠨᠳᠤᠵᠤ᠂ ᠬᠦᠴᠢᠷ ᠢ ᠲᠤᠭᠤᠯᠤᠨ ᠪᠡᠷᠬᠡ ᠶᠢ ᠳᠠᠪᠠᠭᠰᠠᠨ ᠳᠤ ᠪᠢ ᠶᠡᠬᠡᠳᠡ ᠰᠡᠳᠬᠢᠯ ᠬᠥᠳᠡᠯᠵᠦ ᠪᠠᠶᠢᠨ᠎ᠠ᠃ ᠰᠢᠷᠭᠠᠭᠤ ᠬᠥᠳᠡᠯᠮᠦᠷᠢᠯᠡᠵᠦ ᠪᠠᠶᠢᠭ᠎ᠠ ᠲᠠᠷᠢᠶᠠᠴᠢᠨ᠂ ᠰᠢᠷᠭᠠᠭᠤ ᠬᠠᠲᠠᠭᠤᠵᠢᠯᠲᠠᠢ ᠠᠵᠢᠯᠯᠠᠵᠤ ᠪᠠᠶᠢᠭ᠎ᠠ ᠠᠵᠢᠯᠴᠢᠨ᠂ ᠵᠣᠷᠢᠭᠲᠠᠢ ᠪᠠᠷ ᠠᠵᠢᠯᠯᠠᠵᠤ ᠵᠣᠷᠢᠭᠲᠠᠢ ᠪᠠᠷ ᠲᠡᠮᠡᠴᠡᠵᠦ ᠪᠠᠶᠢᠭ᠎ᠠ ᠦᠢᠯᠡᠰ ᠪᠣᠰᠬᠠᠭᠴᠢ᠂ ᠤᠯᠤᠰ ᠭᠡᠷ ᠢᠶᠠᠨ ᠬᠠᠮᠠᠭᠠᠯᠠᠵᠤ ᠪᠠᠶᠢᠭ᠎ᠠ ᠬᠡᠦᠬᠡᠳ ᠳᠡᠭᠦᠦ ᠨᠠᠷ ᠴᠡᠷᠢᠭ᠂ ᠡᠯ᠎ᠡ ᠠᠵᠢᠯ ᠲᠦᠷᠦᠯ ᠤᠨ ᠬᠥᠮᠥᠰ ᠴᠥᠮ ᠬᠦᠴᠦ ᠬᠥᠯᠥᠰᠦ ᠪᠠᠨ ᠤᠷᠤᠰᠬᠠᠵᠤ᠂ ᠡᠭᠡᠯ ᠵᠢᠷ ᠤᠨ ᠬᠥᠮᠥᠨ ᠨᠢᠭᠡ ᠪᠦᠷᠢ ᠴᠥᠮ ᠶᠡᠷᠦ ᠪᠤᠰᠤ ᠶᠢᠨ ᠬᠤᠪᠢ ᠨᠡᠮᠡᠷᠢ ᠦᠵᠡᠭᠦᠯᠵᠡᠢ︕ ᠠᠷᠠᠳ ᠲᠦᠮᠡᠨ ᠪᠣᠯ ᠥᠨᠢ ᠡᠭᠦᠷᠢᠳᠡ ᠪᠢᠳᠡᠨ ᠤ ᠠᠯᠢᠪᠠ ᠬᠦᠴᠢᠷ ᠪᠡᠷᠬᠡᠰᠢᠶᠡᠯ ᠥᠷᠢᠰᠦᠯᠳᠦᠭᠡᠨ ᠢ ᠢᠯᠠᠨ ᠳᠠᠪᠠᠭ᠋ᠤ ᠶᠢᠨ ᠬᠠᠮᠤᠭ ᠤᠨ ᠶᠡᠭᠡ ᠥᠮᠥᠭ ᠲᠦᠰᠢᠭ ᠮᠥᠨ᠃    ᠢᠷᠡᠬᠦ ᠣᠨ ᠪᠣᠯ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 75 ᠵᠢᠯ ᠤᠨ ᠤᠢ ᠪᠣᠯᠣᠨ᠎ᠠ᠃ ᠪᠢᠳᠡ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ ᠡᠷᠡᠰ ᠭᠤᠶᠢᠪᠢᠰᠢ ᠦᠭᠡᠢ ᠪᠠᠷ ᠠᠬᠢᠭᠤᠯᠵᠤ᠂ ᠰᠢᠨ᠎ᠡ ᠬᠥᠭᠵᠢᠯᠲᠡ ᠶᠢᠨ ᠣᠶᠢᠯᠠᠭᠠᠭᠳᠠᠬᠤᠨ ᠢ ᠪᠦᠷᠢᠨ ᠪᠦᠲᠦᠨ᠂ ᠵᠥᠪ ᠣᠨᠣᠪᠴᠢᠲᠠᠢ᠂ ᠪᠦᠭᠦ ᠲᠠᠯ᠎ᠠ ᠪᠠᠷ ᠲᠤᠭᠤᠰᠢᠯᠠᠭᠤᠯᠵᠤ᠂ ᠰᠢᠨ᠎ᠡ ᠬᠥᠭᠵᠢᠯᠲᠡ ᠶᠢᠨ ᠪᠠᠶᠢᠷᠢᠰᠢᠯ ᠢ ᠲᠦᠷᠭᠡᠳᠬᠡᠨ ᠪᠠᠶᠢᠭᠤᠯᠵᠤ᠂ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠤ᠂ ᠬᠥᠭᠵᠢᠯᠲᠡ ᠪᠣᠯᠣᠨ ᠠᠮᠤᠷ ᠲᠦᠪᠰᠢᠨ ᠢ ᠰᠠᠶᠢᠲᠤᠷ ᠨᠢᠭᠡᠳᠦᠯᠲᠡᠢ ᠲᠥᠯᠥᠪᠵᠢᠭᠦᠯᠬᠦ ᠬᠡᠷᠡᠭᠲᠡᠢ᠃ ᠲᠣᠭᠲᠠᠭᠤᠨ ᠤ ᠳᠤᠮᠳᠠ ᠤᠷᠤᠭᠰᠢᠯᠠᠨ ᠲᠠᠪᠰᠢᠬᠤ ᠶᠢ ᠪᠠᠷᠢᠮᠲᠠᠯᠠᠵᠤ᠂ ᠤᠷᠤᠭᠰᠢᠯᠠᠯᠲᠠ ᠪᠠᠷ ᠲᠣᠭᠲᠠᠭᠤᠨ ᠢ ᠠᠬᠢᠭᠤᠯᠵᠤ᠂ ᠤᠷᠢᠳ ᠢᠶᠠᠷ ᠪᠠᠶᠢᠭᠤᠯᠵᠤ ᠳᠠᠷᠠᠭ᠎ᠠ ᠨᠢ ᠰᠢᠪᠲᠤᠯᠵᠤ᠂ ᠠᠵᠤ ᠠᠬᠤᠢ ᠶᠢᠨ ᠰᠡᠷᠭᠦᠨ ᠰᠠᠶᠢᠵᠢᠷᠠᠬᠤ ᠬᠠᠨᠳᠤᠰᠢ ᠶᠢ ᠪᠠᠬᠢᠵᠢᠭᠦᠯᠦᠨ ᠴᠢᠩᠭᠠᠳᠬᠠᠵᠤ᠂ ᠠᠵᠤ ᠠᠬᠤᠢ ᠶᠢᠨ ᠲᠣᠭᠲᠠᠭᠤᠨ ᠢᠶᠠᠷ ᠬᠤᠯᠠ ᠠᠶᠠᠯᠠᠬᠤ ᠶᠢ ᠪᠡᠶᠡᠯᠡᠭᠦᠯᠬᠦ ᠬᠡᠷᠡᠭᠲᠡᠢ᠃ ᠥᠭᠡᠷᠡᠴᠢᠯᠡᠯᠲᠡ ᠨᠡᠭᠡᠭᠡᠯᠲᠡ ᠶᠢ ᠪᠦᠭᠦ ᠲᠠᠯ᠎ᠠ ᠪᠠᠷ ᠭᠦᠨᠵᠡᠭᠡᠶᠢᠷᠡᠭᠦᠯᠵᠦ᠂ ᠬᠥᠭᠵᠢᠯᠲᠡ ᠶᠢᠨ ᠢᠲᠡᠭᠡᠯ ᠵᠣᠷᠢᠭ ᠢ ᠤᠯᠠᠮ ᠴᠢᠨᠠᠭᠰᠢᠳᠠ ᠬᠥᠪᠴᠢᠯᠡᠵᠦ᠂ ᠠᠵᠤ ᠠᠬᠤᠢ ᠶᠢᠨ ᠠᠮᠢᠵᠢᠷᠠᠯ ᠤᠨ ᠬᠦᠴᠦᠨ ᠢ ᠨᠡᠮᠡᠭᠳᠡᠭᠦᠯᠵᠦ᠂ ᠨᠡᠩ ᠶᠡᠭᠡ ᠡᠷᠴᠢᠮ ᠢᠶᠠᠷ ᠰᠤᠷᠭᠠᠨ ᠬᠥᠮᠦᠵᠢᠯ ᠢ ᠡᠷᠭᠢᠯᠡᠵᠦ᠂ ᠰᠢᠨᠵᠢᠯᠡᠬᠦ ᠤᠬᠠᠭᠠᠨ ᠲᠦ᠋ᠭᠨᠢᠭ ᠮᠡᠷᠭᠡᠵᠢᠯ ᠢ ᠬᠥᠭᠵᠢᠭᠦᠯᠵᠦ᠂ ᠴᠢᠳᠠᠪᠤᠷᠢᠲᠠᠨ ᠢ ᠬᠥᠮᠥᠵᠢᠭᠦᠯᠬᠦ ᠬᠡᠷᠡᠭᠲᠡᠢ᠃ ᠰᠢᠶᠠᠩᠭᠠᠩ᠂ ᠣᠣᠮᠧᠨ ᠤ ᠲᠤᠰ ᠪᠡᠶ᠎ᠡ ᠶᠢᠨ ᠳᠠᠪᠠᠭᠤᠯᠢᠭ ᠢᠶᠠᠨ ᠪᠠᠳᠠᠷᠠᠭᠤᠯᠬᠤ ᠶᠢ ᠦᠷᠭᠦᠯᠵᠢᠯᠡᠨ ᠲᠡᠮᠵᠢᠵᠤ᠂ ᠤᠯᠤᠰ ᠤᠨ ᠬᠥᠭᠵᠢᠯᠲᠡ ᠶᠢᠨ ᠶᠡᠭᠡ ᠲᠠᠯ᠎ᠠ ᠳᠤ ᠨᠡᠩ ᠰᠠᠶᠢᠲᠤᠷ ᠠᠭᠤᠰᠤᠯᠴᠠᠬᠤ ᠳᠤᠮᠳᠠ ᠤᠷᠳᠤ ᠬᠤᠭᠤᠴᠠᠭ᠎ᠠ ᠪᠠᠷ ᠴᠡᠴᠡᠭᠯᠡᠨ ᠬᠥᠭᠵᠢᠵᠦ ᠲᠣᠭᠲᠠᠭᠤᠨ ᠪᠠᠶᠢᠬᠤ ᠶᠢ ᠪᠠᠲᠤᠯᠠᠬᠤ ᠬᠡᠷᠡᠭᠲᠡᠢ᠃ ᠡᠬᠡ ᠤᠯᠤᠰ ᠢᠶᠠᠨ ᠨᠢᠭᠡᠳᠬᠡᠬᠦ ᠪᠣᠯ ᠲᠡᠦᠬᠡ ᠶᠢᠨ ᠵᠠᠶᠢᠯᠠᠰᠢ ᠦᠭᠡᠢ ᠶᠠᠪᠤᠳᠠᠯ ᠮᠥᠨ᠂ ᠲᠠᠶᠢᠸᠠᠨ ᠬᠤᠭᠤᠯᠠᠢ ᠶᠢᠨ ᠬᠤᠶᠠᠷ ᠭᠦᠪᠡᠭᠡ ᠶᠢᠨ ᠠᠬ᠎ᠠ ᠳᠡᠭᠦᠦ ᠨᠠᠷ ᠭᠠᠷ ᠬᠤᠯᠪᠣᠯᠴᠠᠨ ᠰᠡᠳᠬᠢᠯ ᠢᠶᠠᠨ ᠨᠢᠭᠡᠳᠬᠡᠵᠦ᠂ ᠦᠨᠳᠦᠰᠦᠲᠡᠨ ᠤ ᠰᠡᠷᠭᠦᠨ ᠮᠠᠨᠳᠤᠯᠲᠠ ᠶᠢᠨ ᠠᠭᠤᠤ ᠶᠡᠭᠡ ᠢᠷᠠᠭᠤ ᠠᠯᠳᠠᠷ ᠢ ᠬᠠᠮᠲᠤ ᠪᠠᠷ ᠡᠳ᠋ᠯᠡᠬᠦ ᠬᠡᠷᠡᠭᠲᠡᠢ᠃    ᠮᠠᠨ ᠤ ᠬᠠᠷᠠᠯᠲᠠ ᠪᠣᠯ ᠮᠠᠰᠢ ᠠᠤᠭ᠎ᠠ ᠶᠡᠭᠡ ᠪᠥᠭᠡᠳ ᠮᠠᠰᠢ ᠪᠣᠷᠣᠭᠵᠢᠭᠤᠨ ᠶᠤᠮ᠂ ᠡᠴᠦᠰ ᠤᠨ ᠡᠴᠦᠰ ᠲᠡᠭᠡᠨ ᠠᠷᠠᠳ ᠲᠦᠮᠡᠨ ᠳᠤ ᠨᠡᠩ ᠰᠠᠶᠢᠨ ᠰᠠᠶᠢᠬᠠᠨ ᠠᠮᠢᠳᠤᠷᠠᠯ ᠢ ᠡᠳ᠋ᠯᠡᠭᠦᠯᠭᠦ ᠶᠠᠪᠤᠳᠠᠯ ᠪᠣᠯᠣᠨ᠎ᠠ᠃ ᠬᠡᠦᠬᠡᠳ ᠢ ᠠᠰᠠᠷᠠᠨ ᠲᠡᠵᠢᠭᠡᠵᠦ ᠰᠤᠷᠭᠠᠨ ᠬᠥᠮᠥᠵᠢᠭᠦᠯᠬᠦ᠂ ᠵᠠᠯᠠᠭᠤᠴᠤᠳ ᠤᠨ ᠠᠵᠢᠯ ᠣᠯᠵᠤ ᠴᠢᠳᠠᠪᠤᠷᠢᠲᠠᠨ ᠪᠤᠯᠬᠤ᠂ ᠨᠠᠰᠤᠲᠠᠶᠢᠴᠤᠳ ᠤᠨ ᠡᠪᠡᠳᠴᠢᠨ ᠦᠵᠡᠭᠦᠯᠵᠦ ᠨᠠᠰᠤᠵᠢᠯ ᠤᠨ ᠠᠰᠠᠷᠠᠮᠵᠢ ᠭᠦᠷᠳᠡᠭᠦ ᠪᠣᠯ ᠭᠡᠷ ᠤᠨ ᠶᠠᠪᠤᠳᠠᠯ ᠪᠤᠯᠬᠤ ᠪᠥᠭᠡᠳ ᠪᠠᠰᠠ ᠴᠤ ᠲᠦᠷᠦ ᠶᠢᠨ ᠶᠠᠪᠤᠳᠠᠯ ᠮᠥᠨ᠂ ᠤᠯᠠᠨ ᠢᠶᠠᠷ ᠢᠶᠠᠨ ᠬᠠᠮᠲᠤ ᠪᠠᠷ ᠴᠢᠷᠮᠠᠶᠢᠵᠤ ᠪᠠᠶᠢᠭᠠᠳ ᠡᠳᠡᠭᠡᠷ ᠶᠠᠪᠤᠳᠠᠯ ᠢ ᠰᠠᠶᠢᠲᠤᠷ ᠬᠢᠬᠦ ᠬᠡᠷᠡᠭᠲᠡᠢ᠃ ᠣᠳᠣᠬᠠᠨ ᠳᠤ᠂ ᠨᠡᠶᠢᠭᠡᠮ ᠤᠨ ᠠᠶᠢᠵᠠᠮ ᠮᠠᠰᠢ ᠲᠦᠷᠭᠡᠨ᠂ ᠤᠯᠠᠨ ᠢᠶᠠᠷ ᠢᠶᠠᠨ ᠪᠦᠷ ᠶᠠᠭᠠᠷᠠᠯᠳᠤᠵᠤ᠂ ᠠᠵᠢᠯ ᠠᠮᠢᠳᠤᠷᠠᠯ ᠤᠨ ᠳᠠᠷᠤᠭᠠᠰᠤ ᠪᠦᠷ ᠮᠠᠰᠢ ᠶᠡᠭᠡ ᠪᠠᠶᠢᠨ᠎ᠠ᠃ ᠪᠢᠳᠡ ᠬᠠᠯᠠᠭᠤᠨ ᠳᠤᠯᠠᠭᠠᠨ ᠡᠶ᠎ᠡ ᠵᠣᠬᠢᠴᠠᠩᠭᠤᠢ ᠨᠡᠶᠢᠭᠡᠮ ᠤᠨ ᠠᠭᠤᠷ ᠠᠮᠢᠰᠬᠤᠯ ᠢ ᠪᠤᠢ ᠪᠤᠯᠭᠠᠵᠤ᠂ ᠪᠠᠭᠲᠠᠭᠠᠮᠵᠢ ᠲᠠᠢ ᠬᠥᠭᠵᠢᠶᠡᠨ ᠲᠠᠢ ᠰᠢᠨ᠎ᠡ ᠶᠢ ᠡᠭᠦᠳᠬᠦ ᠣᠷᠣᠨ ᠵᠠᠢ ᠶᠢ ᠥᠷᠭᠡᠳᠬᠡᠵᠦ᠂ ᠳᠥᠭᠦᠮ ᠳᠥᠲᠡ ᠲᠠᠭᠠᠯᠠᠮᠵᠢᠲᠠᠢ ᠠᠮᠢᠳᠤᠷᠠᠯ ᠤᠨ ᠨᠥᠬᠦᠴᠡᠯ ᠢ ᠡᠭᠦᠳᠴᠦ᠂ ᠤᠯᠠᠨ ᠢ ᠪᠠᠶᠠᠰᠤᠩᠭᠤᠢ ᠤᠷᠮ᠎ᠠ ᠰᠡᠳᠬᠢᠯᠭᠡ ᠲᠠᠢ ᠪᠠᠶᠢᠯᠭᠠᠵᠤ᠂ ᠬᠥᠮᠥᠨ ᠤ ᠠᠮᠢᠳᠤᠷᠠᠯ ᠤᠨ ᠭᠡᠷᠡᠯ ᠭᠢᠯᠪᠠᠭ᠎ᠠ ᠪᠠᠨ ᠰᠠᠴᠤᠷᠠᠭᠤᠯᠵᠤ᠂ ᠬᠦᠰᠡᠯ ᠵᠡᠭᠦᠳᠦ ᠪᠠᠨ ᠲᠡᠷᠭᠡᠯᠰᠢᠭᠦᠯᠬᠦ ᠬᠡᠷᠡᠭᠲᠡᠢ᠃    ᠣᠳᠣᠬᠠᠨ ᠳᠤ᠂ ᠳᠡᠯᠡᠬᠡᠢ ᠳᠡᠭᠡᠷᠡᠬᠢ ᠵᠠᠷᠢᠮ ᠭᠠᠵᠠᠷ ᠣᠷᠣᠨ ᠪᠠᠰᠠ ᠲᠠᠶᠢᠨ ᠤ ᠭᠠᠯ ᠳᠠᠷᠢ ᠶᠢᠨ ᠤᠲᠤᠭ᠎ᠠ ᠶᠢᠨ ᠳᠤᠮᠳᠠ ᠣᠷᠣᠰᠢᠵᠤ ᠪᠠᠶᠢᠨ᠎ᠠ᠃ ᠡᠩᠬᠡ ᠲᠠᠶᠢᠪᠤᠩ ᠤᠨ ᠡᠷᠬᠢᠮ ᠨᠠᠨᠳᠢᠨ ᠢ ᠳᠤᠮᠳᠠᠳᠤ ᠤᠯᠤᠰ ᠤᠨ ᠠᠷᠠᠳ ᠲᠦᠮᠡᠨ ᠭᠦᠨ ᠣᠶᠢᠯᠠᠭᠠᠵᠤ ᠪᠠᠶᠢᠨ᠎ᠠ᠂ ᠪᠢᠳᠡ ᠳᠤᠷᠠᠲᠠᠶ᠎ᠠ ᠳᠡᠯᠡᠬᠡᠢ ᠨᠡᠶᠢᠭᠡᠮ ᠯᠦᠭᠡ ᠬᠠᠮᠲᠤ ᠪᠠᠷ ᠬᠥᠮᠥᠨ ᠲᠥᠷᠥᠯᠬᠢᠲᠡᠨ ᠤ ᠢᠷᠡᠭᠡᠳᠦᠢ ᠶᠢ ᠪᠣᠳᠣᠯᠬᠢᠯᠠᠵᠤ᠂ ᠠᠷᠠᠳ ᠲᠦᠮᠡᠨ ᠤ ᠪᠤᠶᠠᠨ ᠵᠢᠷᠭᠠᠯ ᠢ ᠰᠠᠨᠠᠭᠠᠯᠵᠠᠵᠤ᠂ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢ ᠠᠬᠢᠭᠤᠯᠵᠤ᠂ ᠨᠡᠩ ᠰᠠᠶᠢᠨ ᠰᠠᠶᠢᠬᠠᠨ ᠳᠡᠯᠡᠬᠡᠢ ᠶᠢᠷᠲᠢᠨᠴᠦ ᠶᠢ ᠪᠠᠶᠢᠭᠤᠯᠤᠨ᠎ᠠ᠃    ᠡᠨᠡ ᠬᠦ ᠴᠠᠭ ᠮᠥᠴᠡ ᠳᠤ᠂ ᠰᠥᠨᠢ ᠶᠢᠨ ᠥᠩᠭᠡ ᠰᠣᠯᠣᠩᠭᠠᠷᠠᠨ᠂ ᠲᠦᠭ ᠲᠦᠮᠡᠨ ᠠᠶᠢᠯ ᠡᠷᠦᠭᠡ ᠶᠢᠨ ᠳ᠋ᠧᠩ ᠤᠨ ᠭᠡᠷᠡᠯ ᠳᠤᠸᠠᠯᠠᠵᠤ ᠪᠠᠶᠢᠨ᠎ᠠ᠃ ᠪᠢᠳᠡ ᠬᠠᠮᠲᠤ ᠪᠠᠷ ᠡᠬᠡ ᠤᠯᠤᠰ ᠤᠨ ᠢᠶᠠᠨ ᠬᠥᠭᠵᠢᠨ ᠪᠠᠳᠠᠷᠠᠵᠤ᠂ ᠳᠡᠯᠡᠬᠡᠢ ᠳ᠋ᠠᠬᠢᠨ ᠤ ᠡᠩᠬᠡ ᠲᠠᠶᠢᠪᠤᠩ ᠠᠮᠤᠷ ᠠᠮᠤᠭᠤᠯᠠᠩ ᠪᠠᠶᠢᠬᠤ ᠶᠢ ᠬᠦᠰᠡᠨ ᠵᠥᠩᠨᠡᠶ᠎ᠡ︕ ᠲᠠ ᠪᠦᠭᠦᠨ ᠤ ᠠᠵᠠ ᠵᠢᠷᠭᠠᠯ ᠲᠠᠢ᠂ ᠠᠮᠤᠷ ᠠᠮᠤᠭᠤᠯᠠᠩ ᠪᠠᠶᠢᠬᠤ ᠶᠢ ᠬᠦᠰᠡᠨ ᠵᠥᠩᠨᠡᠶ᠎ᠡ︕    ᠤᠯᠠᠨ ᠳᠤ ᠪᠠᠶᠠᠷᠯᠠᠯ᠎ᠠ︕
 
ᠢᠷᠡᠯᠲᠡ᠄ ᠦᠪᠣᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号