| | ᠡᠨᠡ ᠵᠢᠯ ᠠᠴᠠ ᠨᠠᠰᠢ᠂ ᠮᠠᠨ ᠤ ᠬᠤᠲᠠ ᠶᠢᠨ ᠠᠮᠢᠳᠤ ᠪᠣᠳᠠᠰ ᠤᠨ ᠣᠯᠠᠨ ᠶᠠᠩᠵᠤᠲᠤ ᠴᠢᠨᠠᠷ ᠦᠷᠭᠦᠯᠵᠢᠯᠡᠨ | ᠳᠡᠭᠡᠭᠰᠢᠯᠡᠵᠦ᠂ ᠠᠮᠢᠲᠠᠨ ᠤ ᠣᠷᠣᠰᠢᠨ ᠠᠮᠢᠳᠤᠷᠠᠬᠤ ᠣᠷᠴᠢᠨ ᠲᠣᠭᠤᠷᠢᠨ ᠲᠠᠰᠤᠷᠠᠯᠲᠠ ᠦᠭᠡᠢ ᠰᠢᠯᠢᠳᠡᠭᠵᠢᠵᠦ᠂ | ᠣᠯᠠᠨ ᠵᠦᠢᠯ ᠤᠨ ᠬᠡᠭᠡᠷ᠎ᠡ ᠶᠢᠨ ᠠᠮᠢᠳᠠᠳ ᠰᠦᠷᠦᠭᠯᠡᠯᠳᠦᠨ ᠢᠳᠡᠰᠢᠯᠡᠬᠦ ᠦᠵᠡᠭᠳᠡᠯ ᠳᠠᠬᠢᠨᠳᠠ ᠢᠯᠡᠷᠡᠪᠡ᠃ | | | | | ᠡᠨᠡ ᠬᠡᠳᠦᠨ ᠡᠳᠦᠷ᠂ ᠲᠥᠪ ᠤᠨ ᠷᠠᠳᠢᠣ᠋ ᠲᠧᠯᠧᠢᠰ ᠤᠨ ᠶᠡᠷᠦᠩᠬᠡᠢ ᠬᠤᠷᠢᠶᠠᠨ ᠠᠴᠠ ᠨᠡᠶᠢᠲᠡᠯᠡᠭᠰᠡᠨ ︽ | ᠮᠣᠩᠭᠤᠯ ᠣᠯᠣᠰ ᠤᠨ ᠬᠤᠯᠠᠨ ᠲᠠᠯ᠎ᠠ ᠨᠤᠲᠤᠭ ᠲᠤ ᠳᠠᠬᠢᠨ ᠢᠯᠡᠷᠡᠪᠡ︾ ᠭᠡᠬᠦ ᠸᠢᠳᠢᠤ᠋ ᠮᠡᠳᠡᠭᠡᠯᠡᠯ ᠨᠠᠶᠢᠵᠠ ᠨᠠᠷ ᠤᠨ | ᠬᠦᠷᠢᠶᠡᠨ ᠳᠤ ᠰᠠᠴᠣᠭᠳᠠᠪᠠ᠃ ᠸᠢᠳᠢᠤ᠋ ᠪᠢᠴᠢᠯᠭᠡ ᠳᠡᠭᠡᠷ᠎ᠡ ᠠᠷᠪᠠ ᠭᠠᠷᠤᠢ ᠪᠡᠶ᠎ᠡ ᠪᠢᠯᠳᠠᠷ ᠡᠷᠡᠭᠦᠯ ᠴᠢᠭᠢᠷᠠᠭ | ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠶᠢᠨ ᠠᠮᠢᠲᠠᠨ ᠮᠣᠩᠭᠤᠯ ᠣᠯᠣᠰ ᠤᠨ ᠬᠤᠯᠠᠨ ᠬᠢᠯᠢ ᠶᠢᠨ | ᠪᠣᠭᠤᠮᠲᠠ ᠶᠢᠨ ᠣᠷᠣᠨ ᠳᠤ ᠢᠳᠡᠰᠢᠯᠡᠵᠦ ᠪᠠᠶᠢᠬᠤ ᠣᠯᠵᠦ ᠬᠠᠷᠠᠪᠠ᠃ ᠲᠡᠳᠡ ᠲᠣᠯᠣᠭᠠᠢ ᠪᠠᠨ ᠪᠥᠬᠦ᠋ᠢᠨ ᠢᠳᠡᠰᠢ | ᠡᠷᠢᠬᠦ ᠪᠤᠶᠤ ᠠᠯᠣᠰ ᠢ ᠰᠢᠷᠳᠡᠨ ᠵᠣᠭᠰᠣᠵᠦ᠂ ᠨᠡᠭᠦᠳᠡᠯᠯᠡᠬᠦ ᠳᠡᠭᠡᠨ ᠨᠢᠭᠡ ᠮᠥᠷ ᠪᠣᠯᠣᠨ ᠵᠢᠭᠰᠠᠵᠤ᠂ ᠥᠷᠭᠡᠨ | ᠠᠭᠤᠳᠠᠮ ᠲᠠᠯ᠎ᠠ ᠨᠤᠲᠤᠭ ᠲᠤ ᠠᠮᠢᠵᠢᠷᠠᠯ ᠤᠨ ᠬᠦᠴᠦᠨ ᠨᠡᠮᠡᠷᠢᠯᠡᠭᠰᠡᠨ ᠪᠠᠶᠢᠨ᠎ᠠ᠃ | ᠡᠨᠡ ᠵᠢᠯ ᠤᠨ ᠨᠢᠭᠡᠳᠦᠭᠡᠷ ᠰᠠᠷ᠎ᠠ ᠳᠤ᠂ ᠨᠢᠭᠡ ᠰᠦᠷᠦᠭ ᠵᠡᠭᠡᠷ᠎ᠡ ᠤᠯᠤᠰ ᠤᠨ ᠬᠠᠭᠠᠯᠭᠠᠨ ᠤ ᠳᠣᠣᠷᠠᠬᠢ | ᠲᠡᠮᠦᠷ ᠵᠠᠮ ᠢᠶᠠᠷ ᠮᠠᠨ ᠤ ᠤᠯᠤᠰ ᠤᠨ ᠬᠢᠯᠢ ᠳᠤ ᠣᠷᠣᠵᠤ ᠢᠷᠡᠭᠡᠳ᠂ ᠬᠠᠮᠤᠭ ᠤᠨ ᠣᠯᠠᠨ ᠳᠠᠭᠠᠨ ᠮᠢᠩᠭ᠎ᠠ ᠭᠠᠷᠤᠶ | ᠳᠣᠯᠣᠭᠠᠢ ᠪᠣᠯᠪᠠ᠃ ᠵᠡᠭᠡᠷ᠎ᠡ ᠬᠠᠶᠠ ᠲᠣᠯᠣᠭᠠᠢ ᠳᠠᠷᠤᠨ ᠢᠳᠡᠰᠢ ᠡᠷᠢᠵᠦ᠂ ᠣᠷᠴᠢᠨ ᠲᠣᠭᠤᠷᠢᠨ ᠢ ᠬᠠᠶᠠ | ᠰᠡᠷᠡᠮᠵᠢ ᠲᠠᠢ ᠠᠵᠢᠭᠯᠠᠵᠤ᠂ ᠪᠠᠶᠢᠨ ᠪᠠᠶᠢᠨ ᠬᠦᠶᠣᠯᠳᠣᠵᠦ᠂ ᠤᠯᠤᠰ ᠤᠨ ᠡᠭᠦᠳᠡ ᠳᠤ ᠦᠵᠡᠰᠬᠦᠯᠡᠩᠲᠦ ᠰᠠᠶᠢᠬᠠᠨ | ︽ᠠᠭᠤᠯᠵᠠᠯᠲᠠ︾ ᠪᠣᠯᠪᠠ᠃ | ᠥᠨᠢᠷ ᠪᠠᠶᠠᠯᠢᠭ ᠳᠥᠷᠪᠡᠳᠦᠭᠡᠷ ᠰᠠᠷ᠎ᠠ ᠳᠤ ᠬᠠᠪᠤᠷ ᠡᠬᠡ ᠭᠠᠵᠠᠷ ᠲᠤ ᠪᠤᠴᠠᠨ ᠢᠷᠡᠵᠦ᠂ ᠭᠤᠷᠭᠤᠤᠯ ᠡᠪᠡᠰᠦ | ᠤᠷᠭᠤᠵᠠᠢ᠃ ᠪᠣᠭᠤᠮᠲᠠ ᠶᠢᠨ ᠬᠢᠯᠢ ᠶᠢᠨ ᠬᠤᠳᠠ ᠳᠤ᠂ ᠬᠤᠨ ᠭᠠᠯᠠᠭᠤ᠂ ᠮᠥᠩᠭᠦᠨ ᠴᠠᠬᠤᠯᠠᠢ ᠨᠤᠭᠤᠰᠤ᠂ | ᠡᠷᠲᠡᠭᠡᠷ ᠬᠠᠯᠲᠠᠷ ᠨᠤᠭᠤᠰᠤ᠂ ᠪᠣᠷᠣ ᠭᠠᠯᠠᠭᠤ ᠵᠡᠷᠭᠡ ᠠᠷᠪᠠᠨ ᠬᠡᠳᠦᠨ ᠲᠦᠷᠦᠯ ᠤᠨ ᠨᠡᠭᠦᠳᠡᠯ ᠤᠨ ᠰᠢᠪᠠᠭᠤ | ᠤᠮᠠᠷᠠᠰᠢ ᠪᠤᠴᠠᠵᠤ᠂ ᠬᠤᠨᠳᠦ ᠨᠠᠭᠤᠷ ᠤᠨ ᠨᠤᠭᠤ ᠭᠠᠵᠠᠷ ᠤᠨ ᠴᠡᠴᠡᠷᠯᠢᠭ ᠤᠨ ᠣᠭᠲᠠᠷᠭᠤᠢ ᠳᠤ ᠳᠡᠭᠦᠯᠢᠨ ᠨᠢᠰᠴᠦ᠂ | ᠪᠠᠶᠢᠨ ᠪᠠᠶᠢᠨ ᠤᠰᠤᠨ ᠤ ᠳᠤᠮᠳᠠ ᠢᠳᠡᠰᠢ ᠡᠷᠢᠵᠦ᠂ ᠪᠠᠶᠢᠨ ᠪᠠᠶᠢᠨ ᠮᠢᠷᠠᠯᠵᠠᠵᠤ᠂ ᠪᠠᠶᠢᠨ ᠪᠠᠶᠢᠨ ᠵᠢᠭᠦᠷ ᠢᠶᠠᠨ | ᠳᠡᠯᠭᠡᠨ ᠨᠢᠰᠴᠦ ᠪᠠᠶᠢᠯ᠎ᠠ᠃ | ᠣᠯᠠᠨ ᠵᠦᠢᠯ ᠤᠨ ᠬᠡᠭᠡᠷ᠎ᠡ ᠶᠢᠨ ᠠᠮᠢᠲᠠᠨ ᠤ ᠠᠮᠢᠳᠤᠷᠠᠯ ᠤᠨ ᠵᠠᠩ ᠴᠢᠨᠠᠷ ᠢ ᠦᠨᠳᠦᠰᠦᠯᠡᠨ᠂ ᠮᠠᠨ ᠤ | ᠬᠤᠲᠠ ᠶᠢᠨ ᠬᠠᠮᠢᠶ᠎ᠠ ᠪᠦᠬᠦᠢ ᠰᠠᠯᠠᠭ᠎ᠠ ᠮᠥᠴᠢᠷ ᠢᠳᠡᠪᠬᠢᠲᠡᠶ ᠪᠠᠷ ᠪᠦᠲᠦᠮᠵᠢᠲᠡᠶ ᠬᠠᠮᠠᠭᠠᠯᠠᠬᠤ ᠠᠷᠭ᠎ᠠ ᠬᠡᠮᠵᠢᠶ᠎ᠡ | ᠠᠪᠴᠤ᠂ ᠠᠮᠢᠲᠠᠨ ᠤ ᠠᠮᠠᠷᠠᠬᠤ ᠣᠷᠣᠨ ᠳᠤ ᠲᠣᠭᠤᠷᠢᠨ ᠬᠠᠮᠠᠭᠠᠯᠠᠬᠤ᠂ ᠤᠬᠠᠭᠤᠯᠬᠤ ᠠᠵᠢᠯ ᠢ ᠥᠷᠨᠢᠭᠦᠯᠪᠡ᠃ | ᠬᠠᠷᠠᠭᠠᠨ ᠳᠠᠪᠲᠠᠮᠵᠢ ᠪᠠᠷ ᠬᠢᠨᠠᠨ ᠡᠵᠡᠮᠳᠡᠬᠦ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ ᠨᠡᠭᠦᠳᠡᠯ ᠬᠠᠨᠳᠤᠰᠢ ᠶᠢ | ᠨᠢᠭᠲᠠ ᠠᠩᠬᠠᠷᠴᠤ᠂ ᠡᠭᠦᠰᠴᠦ ᠮᠡᠳᠡᠬᠦ ᠬᠠᠤᠯᠢ ᠪᠤᠰᠤ ᠪᠠᠷ ᠠᠩ ᠠᠩᠨᠠᠬᠤ ᠠᠵᠢᠯᠯᠠᠭ᠎ᠠ ᠶᠢ ᠴᠢᠩᠭ᠎ᠠ ᠰᠡᠷᠭᠡᠶᠢᠯᠡᠵᠦ᠂ | ᠠᠮᠤᠷ ᠲᠦᠪᠰᠢᠨ᠂ ᠲᠠᠭᠠᠯᠠᠮᠵᠢᠲᠠᠶ ᠣᠷᠴᠢᠨ ᠲᠣᠭᠤᠷᠢᠨ ᠢ ᠡᠭᠦᠳᠴᠦ᠂ ᠬᠡᠭᠡᠷ᠎ᠡ ᠶᠢᠨ ᠠᠮᠢᠲᠠᠨ ᠤ ᠡᠷᠢᠶᠡᠨ | ᠪᠣᠭᠤᠮᠲᠠ ᠳᠤ ᠠᠮᠤᠷ ᠲᠦᠪᠰᠢᠨ ᠢᠶᠠᠷ ᠢᠳᠡᠰᠢ ᠡᠷᠢᠵᠦ᠂ ᠨᠡᠭᠦᠨ ᠰᠢᠯᠵᠢᠬᠦ ᠶᠢ ᠪᠠᠲᠤᠯᠠᠨ᠎ᠠ᠃ | ᠡᠨᠡ ᠵᠢᠯ ᠠᠴᠠ ᠨᠠᠰᠢ᠂ ᠮᠠᠨ ᠤ ᠬᠤᠲᠠ ᠪᠡᠯᠴᠢᠭᠡᠷᠯᠡᠭᠦᠯᠬᠦ ᠶᠢ ᠵᠣᠭᠰᠣᠭᠠᠵᠤ ᠰᠡᠯᠭᠦᠨ ᠮᠠᠯᠵᠢᠬᠤ ᠪᠠ ᠮᠠᠯ | ᠪᠡᠯᠴᠢᠭᠡᠷ ᠢ ᠲᠡᠩᠴᠡᠭᠦᠷᠢ ᠲᠠᠢ ᠪᠠᠶᠢᠯᠭᠠᠬᠤ ᠲᠦᠷᠢᠮ ᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠤᠰᠤᠨ ᠤ ᠡᠬᠢ | ᠪᠠᠶᠠᠯᠢᠭ ᠤᠨ ᠬᠠᠮᠢᠶᠠᠷᠤᠯᠲᠠ ᠶᠢ ᠰᠢᠯᠢᠳᠡᠭᠵᠢᠭᠦᠯᠦᠨ ᠳᠣᠭᠢᠷᠠᠭᠤᠯᠵᠤ᠂ ᠬᠢᠯᠢ ᠶᠢᠨ ᠲᠠᠯ᠎ᠠ ᠨᠤᠲᠤᠭ ᠤᠨ ᠠᠮᠢ | ᠠᠬᠤᠶ ᠶᠢᠨ ᠣᠷᠴᠢᠨ ᠲᠣᠭᠤᠷᠢᠨ ᠦᠷᠭᠦᠯᠵᠢᠯᠡᠨ ᠰᠠᠶᠢᠵᠢᠷᠠᠪᠠ᠃ ᠡᠭᠦᠨ ᠤ ᠬᠠᠮᠲᠤ᠂ ᠬᠡᠭᠡᠷ᠎ᠡ ᠶᠢᠨ ᠠᠮᠢᠲᠠᠨ ᠤ | ᠪᠦᠲᠦᠭᠡᠭᠳᠡᠬᠦᠨ ᠢ ᠳᠠᠯᠳᠠᠭᠤᠷ ᠠᠷᠠᠯᠵᠢᠶᠠᠯᠠᠬᠤ ᠠᠵᠢᠯᠯᠠᠭ᠎ᠠ ᠳᠤ ᠴᠣᠬᠢᠯᠲᠠ ᠥᠭᠬᠦ ᠡᠷᠴᠢᠮ ᠲᠠᠰᠤᠷᠠᠯᠲᠠ ᠥᠬᠡᠶ | ᠴᠢᠩᠭᠠᠷᠠᠬᠤ ᠶᠢ ᠳᠠᠭᠠᠯᠳᠤᠨ᠂ ᠬᠡᠭᠡᠷ᠎ᠡ ᠶᠢᠨ ᠠᠮᠢᠲᠠᠨ ᠤ ᠳᠦᠷᠰᠦ ᠶᠢᠨ ᠰᠦᠷᠦᠭ ᠤᠨ ᠲᠤᠭ᠎ᠠ ᠬᠡᠮᠵᠢᠶ᠎ᠡ | ᠰᠡᠷᠭᠦᠯᠲᠡ ᠶᠢᠨ ᠴᠢᠨᠠᠷᠲᠠᠶ ᠨᠡᠮᠡᠭᠳᠡᠯ ᠲᠠᠢ ᠪᠣᠯᠵᠣ᠂ ᠵᠡᠭᠡᠷ᠎ᠡ᠂ ᠤᠭᠠᠯᠵᠠ᠂ ᠬᠤᠯᠠᠨ ᠵᠡᠷᠭᠡ ᠬᠤᠪᠣᠷ ᠴᠤᠬᠠᠭ | ᠬᠡᠭᠡᠷ᠎ᠡ ᠶᠢᠨ ᠠᠮᠢᠲᠠᠨ ᠢ ᠳᠠᠬᠢᠨ ᠰᠢᠨ᠎ᠡ ᠪᠠᠷ ᠠᠷᠠᠳ ᠣᠯᠠᠨ ᠤ ᠬᠠᠷᠠᠭᠠᠨ ᠳᠤ ᠬᠦᠷᠭᠡᠪᠡ᠃ |