ᠪᠥᠬᠦ ᠤᠯᠤᠰ ᠤᠨ ᠣᠯᠠᠨ ᠤᠯᠤᠰ ᠤᠨ ᠪᠥᠬᠡ ᠶᠢᠨ ᠮᠠᠩᠯᠠᠶ ᠰᠢᠯᠭᠠᠷᠠᠭᠤᠯᠬᠤ ᠤᠷᠤᠯᠳᠤᠭᠠᠨ ᠳᠤ ᠮᠠᠨ ᠤ ᠣᠷᠣᠨ ᠤ ᠲᠠᠮᠢᠷᠴᠢᠳ ᠰᠢᠯᠢᠳᠡᠭ ᠬᠢᠷᠢ ᠪᠦᠳᠦᠮᠵᠢ ᠤᠯᠪᠠ
ᠨᠡᠶᠢᠲᠡᠯᠡᠭᠰᠡᠨ ᠴᠠᠭ᠄
2024/3/12
     ᠦᠪᠡᠷᠲᠡᠭᠡᠨ ᠵᠠᠰᠠᠬᠤ ᠤᠷᠤᠨ ᠤ ᠪᠡᠶ᠎ᠡ ᠶᠢᠨ ᠲᠠᠮᠢᠷ ᠤᠨ ᠲᠤᠪᠴᠢᠶ᠎ᠠ ᠠᠴᠠ ᠤᠶᠢᠯᠠᠭᠠᠭᠰᠠᠨ ᠢᠶᠠᠷ᠂ 2023 ᠣᠨ ᠤ ᠪᠥᠬᠦ ᠤᠯᠤᠰ ᠤᠨ ᠣᠯᠠᠨ ᠤᠯᠤᠰ ᠤᠨ ᠮᠠᠶ᠋ᠢᠭ ᠤᠨ ᠪᠥᠬᠡ ᠶᠢᠨ ᠮᠠᠩᠯᠠᠶ ᠰᠢᠯᠭᠠᠷᠠᠭᠤᠯᠬᠤ ᠤᠷᠤᠯᠳᠤᠭᠠᠨ ᠠᠨᠾᠦ᠋ᠢ ᠮᠤᠵᠢ ᠶᠢᠨ ᠪᠤᠩ ᠪᠦ᠋ ᠬᠤᠲᠠ ᠳᠤ ᠶᠠᠪᠤᠭᠳᠠᠵᠤ᠂ ᠮᠠᠨ ᠤ ᠣᠷᠣᠨ ᠨᠡᠶᠢᠲᠡ 58 ᠲᠠᠮᠢᠷᠴᠢᠨ ᠲᠣᠮᠢᠯᠠᠵᠤ᠂ ᠭᠤᠷᠪᠠᠨ ᠶᠡᠭᠡ ᠲᠥᠷᠥᠯ᠂ 26 ᠲᠠᠰ ᠤᠨ ᠤᠷᠤᠯᠳᠤᠭᠠᠨ ᠳᠤ ᠣᠷᠣᠯᠴᠠᠭᠤᠯᠪᠠ᠃ ᠬᠤᠷᠴᠠ ᠰᠢᠷᠦᠭᠦᠨ ᠦᠷᠢᠰᠦᠯᠳᠦᠭᠡᠨ ᠢᠶᠠᠷ ᠳᠠᠮᠵᠢᠨ ᠨᠡᠶᠢᠲᠡ 3 ᠠᠯᠲᠠᠨ ᠮᠧᠳᠠᠯ᠂ 4 ᠮᠥᠩᠭᠦᠨ ᠮᠧᠳᠠᠯ ᠪᠠ 9 ᠬᠦᠷᠡᠯ ᠮᠧᠳᠠᠯ ᠣᠯᠵᠤ ᠂ ᠡᠮᠡᠭᠲᠡᠶ ᠵᠢ᠊ ‍ᠨ ᠴᠢᠯᠥᠭᠡᠲᠦ ᠪᠥᠬᠡ᠂ ᠡᠷᠲᠡᠨ ᠤ ᠮᠠᠶ᠋ᠢᠭ ᠤᠨ ᠪᠥᠬᠡ ᠲᠤᠰ ᠲᠤᠰ ᠪᠦᠯᠬᠦᠮ ᠤᠨ ᠨᠢᠭᠡᠳᠦᠭᠡᠷ ᠪᠠ ᠪᠦᠯᠬᠦᠮ ᠤᠨ ᠭᠤᠷᠪᠠᠳᠤᠭᠠᠷ ᠲᠤ ᠣᠷᠣᠵᠠᠶ᠃ ᠡᠭᠦᠨ ᠳᠤ᠂ ᠤᠶᠠᠩᠭ᠎ᠠ ᠡᠮᠡᠭᠲᠡᠶ ᠶᠢᠨ ᠴᠢᠯᠥᠭᠡᠲᠦ ᠪᠥᠬᠡ ᠶᠢᠨ 55 ᠺᠢᠯᠦᠭᠷᠡᠮ ᠤᠨ ᠲᠡᠰ ᠤᠨ ᠠᠯᠲᠠᠨ ᠮᠧᠳᠠᠯ᠂ ᠴᠢᠨᠳᠠᠭᠠᠨᠴᠠᠭᠠᠨ ᠡᠮᠡᠭᠲᠡᠶ ᠶᠢᠨ ᠴᠢᠯᠥᠭᠡᠲᠦ ᠪᠥᠬᠡ ᠶᠢᠨ 76 ᠺᠢᠯᠦᠭᠷᠡᠮ ᠤᠨ ᠲᠡᠰ ᠤᠨ ᠠᠯᠲᠠᠨ ᠮᠧᠳᠠᠯ᠂ ᠲᠠᠯ᠎ᠠ ᠡᠷᠲᠡᠨ ᠤ ᠮᠠᠶ᠋ᠢᠭ ᠤᠨ ᠪᠥᠬᠡ ᠶᠢᠨ 72 ᠺᠢᠯᠦᠭᠷᠡᠮ ᠤᠨ ᠲᠡᠰ ᠤᠨ ᠠᠯᠲᠠᠨ ᠮᠧᠳᠠᠯ ᠢ ᠭᠠᠷᠳᠠᠪᠠ︔ ᠲᠤᠭᠲᠠᠭᠤᠨᠪᠠᠶᠠᠷ ᠡᠷᠡᠭᠲᠡᠶ ᠢᠢᠨ ᠴᠢᠯᠥᠭᠡᠲᠦ ᠪᠥᠬᠡ ᠶᠢᠨ 65 ᠺᠢᠯᠦᠭᠷᠡᠮ ᠤᠨ ᠲᠡᠰ ᠤᠨ ᠮᠥᠩᠭᠦᠨ ᠮᠧᠳᠠᠯ᠂ ᠪᠦᠬᠡᠨᠷᠳᠡᠨᠢ ᠡᠷᠡᠭᠲᠡᠶ ᠶᠢᠨ ᠴᠢᠯᠥᠭᠡᠲᠦ ᠪᠥᠬᠡ ᠶᠢᠨ 125 ᠺᠢᠯᠦᠭᠷᠡᠮ ᠤᠨ ᠲᠡᠰ ᠤᠨ ᠮᠥᠩᠭᠦᠨ ᠮᠧᠳᠠᠯ᠂ ᠸᠠᠩ ᠰᠢᠨ ᠶᠠᠨ ᠡᠮᠡᠭᠲᠡᠶ ᠶᠢᠨ ᠴᠢᠯᠥᠭᠡᠲᠦ ᠪᠥᠬᠡ ᠶᠢᠨ 76 ᠺᠢᠯᠦᠭᠷᠡᠮ ᠤᠨ ᠲᠡᠰ ᠤᠨ ᠮᠥᠩᠭᠦᠨ ᠮᠧᠳᠠᠯ᠂ ᠪᠤᠶᠠᠨᠵᠠᠶᠠᠭ᠎ᠠ ᠡᠷᠲᠡᠨ ᠤ ᠮᠠᠶ᠋ᠢᠭ ᠤᠨ ᠪᠥᠬᠡ ᠶᠢᠨ 60 ᠺᠢᠯᠦᠭᠷᠡᠮ ᠤᠨ ᠲᠡᠰ ᠤᠨ ᠮᠥᠩᠭᠦᠨ ᠮᠧᠳᠠᠯ ᠢ ᠭᠠᠷᠳᠠᠪᠠ᠃
 
ᠢᠷᠡᠯᠲᠡ᠄ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号