ᠬᠢᠴᠢᠶᠠᠯ ᠤᠨ ᠭᠠᠳᠠᠭᠤᠷ ᠢᠯᠡᠭᠦᠭᠡᠨ ᠨᠤᠮ ᠤᠩᠰᠢᠶ᠎ᠠ
ᠨᠡᠶᠢᠲᠡᠯᠡᠭᠰᠡᠨ ᠴᠠᠭ᠄
2024/3/28
        ᠰᠤᠷᠤᠭᠴᠢᠳ ᠬᠢᠴᠢᠶᠠᠯ ᠤᠨ ᠭᠠᠳᠠᠭᠤᠷᠬᠢ ᠰᠤᠯᠠ ᠨᠤᠮ ᠤᠡᠭᠰᠢᠬᠤ ᠨᠢ ᠶᠡᠭᠡ ᠰᠠᠶᠢᠨ᠂ ᠶᠡᠭᠡ ᠴᠢᠬᠤᠯᠠ ᠬᠡᠳᠡᠭ ᠢ ᠬᠦᠮᠦᠰ ᠪᠦᠷ ᠮᠡᠳᠡᠳᠡᠭ᠃ ᠬᠡᠪᠠᠴᠤ ᠦᠨᠡᠨ ᠬᠦ ᠤᠩᠰᠢᠪᠠᠯ ᠰᠤᠷᠤᠭᠴᠢᠳ ᠤᠨ ᠬᠢᠴᠢᠶᠠᠯ ᠰᠤᠷᠤᠯᠭ᠎ᠠ᠂ ᠤᠨᠳᠠᠵᠦ ᠠᠮᠠᠷᠠᠬᠤ ᠶᠢ ᠨᠦᠯᠦᠭᠡᠯᠡᠨ᠎ᠠ ᠬᠡᠵᠦ ᠪᠤᠳᠤᠳᠠᠭ ᠬᠦᠮᠦᠰ ᠴᠤ ᠴᠦᠭᠡᠨ ᠪᠤᠰᠤ ᠪᠠᠶᠢᠳᠠᠭ᠃ ᠲᠡᠭᠡᠪᠡᠯ ᠬᠢᠴᠢᠶᠡᠯ ᠤᠨ ᠭᠠᠳᠠᠭᠤᠷᠬᠢ ᠰᠤᠯᠠ ᠨᠤᠮ ᠤᠩᠰᠢᠬᠤ ᠨᠢ ᠦᠨᠡᠨ ᠬᠦ ᠠᠰᠢᠭᠳᠠᠢ ᠤᠤ᠂ ᠶᠠᠭᠠᠬᠢᠵᠤ ᠤᠩᠰᠢᠪᠠᠯ ᠵᠤᠬᠢᠬᠤ ᠪᠤᠢ︖ ᠶᠠᠭᠤᠨ ᠤ ᠤᠷᠢᠳ᠂ ᠵᠦᠪ ᠲᠠᠨᠢᠯᠳᠠ ᠲᠠᠢ ᠪᠠᠶᠢᠬᠤ ᠨᠢ ᠴᠢᠬᠤᠯᠠ᠃ ᠬᠢᠴᠢᠶᠠᠯ ᠤᠨ ᠭᠠᠳᠠᠭᠤᠷᠬᠢ ᠰᠤᠯᠠ ᠨᠤᠮ ᠢ ᠤᠯᠠᠨ ᠤᠡᠭᠰᠢᠵᠤ᠂ ᠰᠠᠶᠢᠨ ᠤᠡᠭᠰᠢᠬᠤ ᠨᠢ ᠬᠢᠴᠢᠶᠠᠯ ᠰᠤᠷᠤᠯᠭ᠎ᠠ᠂ ᠤᠨᠳᠠᠵᠦ ᠠᠮᠠᠷᠠᠬᠤ ᠶᠢ ᠨᠦᠯᠦᠭᠡᠯᠡᠬᠦ ᠦᠭᠡᠢ ᠮᠦᠷᠳᠡᠭᠡᠨ ᠲᠤᠰᠠ ᠪᠤᠯᠤᠨ᠎ᠠ᠃ ᠪᠤᠳᠠᠳᠠᠢ ᠶᠠᠷᠢᠪᠠᠯ ᠬᠢᠴᠢᠶᠠᠯ ᠤᠨ ᠭᠠᠳᠠᠭᠤᠷᠬᠢ ᠨᠤᠮ ᠤᠡᠭᠰᠢᠬᠤ ᠨᠢ ᠮᠡᠳᠡᠯᠭᠡ ᠶᠢᠨ ᠬᠦᠷᠢᠶ᠎ᠠ ᠬᠡᠪᠴᠢᠶ᠎ᠠ ᠶᠢ ᠲᠠᠯᠠᠵᠦ ᠨᠠᠶᠢᠭᠡᠮ ᠤᠨ ᠰᠢᠨᠵᠢᠯᠡᠬᠦ ᠤᠬᠠᠭᠠᠨ ᠤ ᠲᠦᠷᠦᠯ ᠤᠨ ᠬᠢᠴᠢᠶᠠᠯ ᠢᠶᠠᠨ ᠤᠯᠠᠮ ᠯᠠᠪᠰᠢᠷᠠᠭᠤᠯᠤᠨ ᠬᠦᠨᠵᠡᠭᠡᠢ ᠤᠶᠢᠯᠠᠭᠠᠬᠤ ᠳᠤ ᠲᠤᠰᠠ ᠲᠠᠮ ᠪᠤᠯᠤᠨ᠎ᠠ᠃ ᠲᠠᠷᠠᠭᠠᠯᠠᠪᠠᠯ᠂ ᠠᠷᠭ᠎ᠠ ᠪᠠᠷᠢᠯ ᠢ ᠠᠩᠬᠠᠷᠬᠤ ᠨᠢ ᠴᠢᠬᠤᠯᠠ᠃ ᠵᠠᠷᠢᠮ ᠭᠡᠷ ᠤᠨ ᠠᠬᠠᠮᠠᠳ ᠪᠠᠭ᠎ᠠ ᠰᠤᠷᠭᠠᠭᠤᠯᠢ ᠶᠢᠨ ᠬᠡᠦᠭᠡᠳ ᠢ ᠶᠠᠭ ᠦᠰᠤᠨ ᠪᠤᠶᠢᠵᠢᠬᠤ ᠱᠠᠳᠤᠨ ᠳᠠᠭᠠᠨ ᠪᠤᠢ᠂ ᠴᠠᠭ ᠭᠠᠷᠪᠠᠯ ᠢᠯᠡᠬᠦᠭᠡᠨ ᠤᠨᠳᠠᠵᠦ ᠠᠮᠠᠷᠠᠭ ᠬᠡᠳ ᠰᠤᠯᠠ ᠨᠤᠮ ᠤᠡᠭᠰᠢᠭᠤᠯᠳᠠᠭ ᠦᠭᠡᠢ︔ ᠠᠩᠬ᠎ᠠ ᠲᠤᠮᠳᠠᠳᠤ ᠶᠢᠨ ᠬᠡᠦᠭᠡᠳ ᠪᠤᠯᠤᠨ ᠲᠡᠭᠡᠳᠦ ᠲᠤᠮᠳᠠᠳᠤ ᠶᠢᠨ ᠰᠤᠷᠤᠭᠴᠢ ᠶᠢ ᠪᠠᠰᠠ ᠲᠡᠭᠡᠳᠦ ᠲᠤᠮᠳᠠᠳᠤ ᠳᠤ ᠲᠠᠪᠰᠢᠬᠦ ᠤᠤ᠂ ᠠᠵᠢᠯ ᠮᠡᠷᠭᠡᠵᠢᠯ ᠤᠨ ᠰᠤᠷᠭᠠᠭᠤᠯᠢ ᠳᠤ ᠬᠤᠪᠢᠶᠠᠬᠳᠠᠬᠤ ᠤᠤ ᠬᠡᠰᠡᠨ ᠵᠠᠩᠬᠢᠯᠠᠭ᠎ᠠ ᠶᠢᠨ ᠮᠦᠴᠠ ᠳᠤ ᠪᠤᠢ ᠬᠡᠬᠦ ᠪᠤᠶᠤ ᠶᠡᠭᠡ ᠲᠡᠭᠡᠳᠦ ᠰᠤᠷᠭᠠᠭᠤᠯᠢ ᠳᠤ ᠤᠷᠤᠬᠤ ᠨᠢ ᠴᠢᠬᠤᠯᠠ᠂ ᠶᠡᠭᠡ ᠲᠡᠭᠡᠳᠦ ᠰᠤᠷᠭᠠᠭᠤᠯᠢ ᠳᠠᠭᠠᠨ ᠰᠢᠯᠭᠠᠵᠦ ᠤᠷᠤᠬᠰᠠᠨ ᠤ ᠲᠠᠷᠠᠭ᠎ᠠ ᠶᠠᠮᠠᠷ ᠨᠤᠮ ᠤᠡᠭᠰᠢᠬᠤ ᠲᠤᠷ᠎ᠠ ᠲᠠᠢ ᠪᠤᠯ ᠲᠡᠭᠦᠨ ᠢᠶᠠᠨ ᠤᠡᠭᠰᠢ᠂ ᠤᠳᠤ ᠬᠢᠴᠢᠶᠠᠯ ᠤᠨ ᠨᠤᠮ ᠢᠶᠠᠨ ᠯᠡ ᠰᠠᠶᠢᠨ ᠦᠵᠠᠵᠤ ᠰᠠᠶᠢᠨ ᠰᠢᠯᠭᠠᠭᠤᠯᠬᠤ ᠶᠢ ᠪᠤᠳᠤ ᠬᠡᠳ ᠰᠤᠯᠠ ᠨᠤᠮ ᠤᠡᠭᠰᠢᠭᠤᠯᠳᠠᠭ ᠦᠭᠡᠢ᠃ ᠡᠨᠡ ᠪᠤᠯ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠲᠤᠯᠭᠠᠷᠠᠵᠦ ᠪᠠᠶᠢᠭ᠎ᠠ ᠶᠠᠭᠠᠬᠢᠬᠤ ᠶᠢᠨ ᠠᠷᠭ᠎ᠠ ᠦᠭᠡᠢ ᠪᠤᠳᠠᠳᠠᠢ ᠠᠰᠠᠭᠤᠳᠠᠯ ᠮᠦᠨ᠂ ᠬᠡᠪᠡᠴᠤ ᠠᠷᠭ᠎ᠠ ᠪᠠᠷᠢᠯ ᠢᠶᠠᠨ ᠠᠩᠬᠠᠷᠪᠠᠯ ᠡᠨᠡ ᠵᠦᠷᠢᠴᠡᠯ ᠢ ᠰᠶᠢᠳᠪᠤᠷᠢᠯᠠᠵᠦ ᠪᠤᠯᠤᠨ᠎ᠠ᠃ ᠨᠤᠮ ᠪᠤᠯ ᠲᠡᠭᠡᠭᠰᠢ ᠲᠠᠪᠰᠢᠬᠤ ᠱᠠᠳᠤ ᠮᠦᠨ᠃ ᠲᠡᠭᠡᠬᠦᠯᠡᠷ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠴᠤ ᠴᠠᠭ ᠢᠶᠠᠨ ᠵᠤᠬᠢᠰᠳᠠᠢ ᠲᠤᠬᠢᠷᠠᠭᠤᠯᠤᠨ᠂ ᠠᠷᠭ᠎ᠠ ᠪᠠᠨ ᠪᠦᠳᠦᠮᠵᠢᠳᠡᠢ ᠪᠠᠶᠢᠯᠭᠠᠪᠠᠯ ᠤᠯᠠᠨ ᠰᠠᠶᠢᠬᠠᠨ ᠬᠢᠴᠢᠶᠡᠯ ᠤᠨ ᠭᠠᠳᠠᠭᠤᠷᠬᠢ ᠰᠤᠯᠠ ᠨᠤᠮ ᠤᠩᠰᠢᠵᠤ᠂ ᠮᠡᠳᠡᠯᠭᠡ ᠮᠡᠳᠡᠴᠡ ᠪᠠᠨ ᠦᠷᠭᠡᠵᠢᠭᠦᠯᠵᠦ᠂ ᠡᠷᠳᠡᠮ ᠴᠢᠳᠠᠪᠤᠷᠢ ᠪᠠᠨ ᠨᠡᠮᠡᠭᠳᠡᠬᠦᠯᠵᠦ ᠪᠤᠯᠬᠤ ᠶᠤᠮ ᠡ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号