ᠪᠥᠬᠦ ᠬᠤᠲᠠ ᠶᠢᠨ ᠲᠤᠭ᠎ᠠ ᠪᠦᠷᠢᠳᠬᠡᠯ ᠰᠠᠬᠢᠯᠭ᠎ᠠ ᠪᠠᠲᠤ ᠬᠠᠤᠯᠢ ᠴᠠᠭᠠᠵᠠ ᠶᠢ ᠵᠥᠷᠢᠴᠡᠭᠰᠡᠨ ᠬᠡᠷᠡᠭ ᠢ ᠰᠡᠷᠡᠮᠵᠢᠯᠡᠭᠦᠯᠬᠦ ᠬᠥᠮᠦᠵᠢᠯ ᠤᠨ ᠶᠡᠭᠡ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2024/5/14
        5 ᠰᠠᠷ᠎ᠠ ᠶᠢᠨ 13 ᠤ ᠡᠳᠦᠷ᠂ ᠪᠥᠬᠦ ᠬᠤᠲᠠ ᠶᠢᠨ ᠲᠤᠭ᠎ᠠ ᠪᠦᠷᠢᠳᠬᠡᠯ ᠤᠨ ᠰᠠᠬᠢᠯᠭ᠎ᠠ ᠪᠠᠲᠤ ᠬᠠᠤᠯᠢ ᠴᠠᠭᠠᠵᠠ ᠶᠢ ᠵᠥᠷᠢᠴᠡᠭᠰᠡᠨ ᠬᠡᠷᠡᠭ ᠢ ᠰᠡᠷᠡᠮᠵᠢᠯᠡᠭᠦᠯᠬᠦ ᠬᠥᠮᠦᠵᠢᠯ ᠤᠨ ᠶᠡᠭᠡ ᠬᠤᠷᠠᠯ ᠬᠤᠷᠠᠯᠳᠤᠵᠤ᠂ ᠶᠡᠷᠦᠩᠬᠡᠶ ᠱᠦᠵᠢ ᠰᠢ ᠶᠢᠨ ᠫᠢᠩ ᠤᠨ ᠲᠤᠭ᠎ᠠ ᠪᠦᠷᠢᠳᠬᠡᠯ ᠤᠨ ᠠᠵᠢᠯ ᠤᠨ ᠲᠤᠬᠠᠶ ᠴᠢᠬᠤᠯᠠ ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠶ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠪᠥᠬᠦ ᠺᠠᠳ᠋ᠷ ᠠᠵᠢᠯᠲᠠᠨ ᠠᠵᠢᠯᠴᠢᠨ ᠤ ᠲᠤᠭ᠎ᠠ ᠪᠦᠷᠢᠳᠬᠡᠯ ᠤᠨ ᠬᠠᠤᠯᠢ ᠴᠠᠭᠠᠵᠠ ᠬᠠᠤᠯᠢ ᠲᠣᠭᠲᠠᠭᠠᠯ ᠢ ᠤᠬᠠᠮᠰᠠᠷ ᠠᠴᠠ ᠪᠠᠨ ᠵᠢᠷᠤᠮᠯᠠᠬᠤ ᠶᠢ ᠬᠥᠮᠦᠵᠢᠭᠦᠯᠦᠨ ᠰᠡᠷᠡᠮᠵᠢᠯᠡᠭᠦᠯᠵᠦ᠂ ᠲᠤᠭ᠎ᠠ ᠪᠦᠷᠢᠳᠬᠡᠯ ᠤᠨ ᠲᠤᠭ᠎ᠠ ᠪᠠᠷᠢᠮᠲᠠ ᠶᠢᠨ ᠶᠠᠰᠤ ᠴᠢᠨᠠᠷ ᠢ ᠦᠨᠡᠨ ᠬᠦ ᠳᠡᠭᠡᠭᠰᠢᠯᠡᠭᠦᠯᠵᠦ᠂ ᠪᠣᠭᠤᠮᠲᠠ ᠶᠢᠨ ᠠᠵᠤ ᠠᠬᠤᠶ ᠨᠡᠶᠢᠭᠡᠮ ᠤᠨ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ ᠳᠤ ᠪᠠᠲᠤ ᠪᠠᠬᠢ ᠲᠤᠭ᠎ᠠ ᠪᠦᠷᠢᠳᠬᠡᠯ ᠤᠨ ᠪᠠᠲᠤᠯᠠᠭ᠎ᠠ ᠬᠠᠩᠭᠠᠪᠠ᠃      ᠬᠤᠷᠠᠯ ᠳᠡᠭᠡᠷ᠎ᠡ᠂ ᠤᠯᠤᠰ ᠤᠨ ᠲᠤᠭ᠎ᠠ ᠪᠦᠷᠢᠳᠬᠡᠯ ᠤᠨ ᠲᠣᠪᠴᠢᠶ᠎ᠠ ᠶᠢᠨ ︽ᠲᠤᠭ᠎ᠠ ᠪᠦᠷᠢᠳᠬᠡᠯ ᠤᠨ ᠬᠤᠳᠠᠯ ᠬᠠᠭᠤᠷᠮᠠᠭ ᠵᠣᠬᠢᠶᠠᠭᠰᠠᠨ ᠨᠡᠶᠢᠲᠡᠯᠢᠭ ᠬᠡᠷᠡᠭ ᠤᠨ ᠵᠢᠱᠢᠶ᠎ᠡ ᠶᠢᠨ ᠲᠤᠬᠠᠶ ᠮᠡᠳᠡᠭᠳᠡᠯ︾ ᠢ ᠤᠯᠠᠮᠵᠢᠯᠠᠵᠤ᠂  ︽ᠲᠤᠭ᠎ᠠ ᠪᠦᠷᠢᠳᠬᠡᠯ ᠤᠨ ᠬᠤᠳᠠᠯ ᠬᠠᠭᠤᠷᠮᠠᠭ ᠵᠣᠬᠢᠶᠠᠬᠤ ᠶᠢ ᠥᠴᠦᠬᠡᠨ ᠴᠦ ᠠᠭᠤᠴᠢᠯᠠᠬᠤ ᠦᠭᠡᠢ︾ ᠰᠡᠷᠡᠮᠵᠢᠯᠡᠭᠦᠯᠬᠦ ᠬᠥᠮᠦᠵᠢᠯ ᠤᠨ ᠹᠢᠯᠢᠮ ᠢ ᠦᠵᠡᠪᠡ᠃      ᠬᠤᠷᠠᠯ ᠠᠴᠠ᠂ ᠲᠤᠭ᠎ᠠ ᠪᠦᠷᠢᠳᠬᠡᠯ ᠤᠨ ᠲᠤᠭ᠎ᠠ ᠪᠠᠷᠢᠮᠲᠠ ᠶᠢᠨ ᠦᠨᠡᠨ ᠪᠣᠳᠠᠲᠤ ᠴᠢᠨᠠᠷ ᠪᠣᠯ ᠲᠤᠭ᠎ᠠ ᠪᠦᠷᠢᠳᠬᠡᠯ ᠤᠨ ᠠᠵᠢᠯ ᠤᠨ ᠠᠮᠢᠨ ᠰᠤᠳᠠᠰᠤ ᠮᠥᠨ᠂ ᠬᠡᠷᠡᠭ ᠤᠨ ᠵᠢᠱᠢᠶ᠎ᠡ ᠠᠴᠠ ᠭᠦᠨᠵᠡᠭᠡᠢ ᠰᠤᠷᠭᠠᠮᠵᠢ ᠠᠪᠴᠤ᠂ ᠬᠡᠷᠡᠭ ᠢᠶᠠᠷ ᠲᠤᠯᠢ ᠪᠣᠯᠭᠠᠵᠤ᠂ ᠰᠡᠷᠡᠮᠵᠢ ᠶᠢᠨ ᠬᠤᠩᠬᠤ ᠶᠢ ᠪᠠᠶᠢᠩᠭᠤ ᠳᠤᠤᠭᠠᠷᠭᠠᠵᠤ᠂ ᠲᠤᠭ᠎ᠠ ᠪᠦᠷᠢᠳᠬᠡᠯ ᠤᠨ ᠬᠠᠤᠯᠢ ᠴᠠᠭᠠᠵᠠ ᠶᠢᠨ ᠬᠤᠷᠢᠭ᠎ᠠ ᠱᠤᠭᠤᠮ ᠢ ᠴᠢᠩᠭ᠎ᠠ ᠰᠠᠬᠢᠵᠤ᠂ ᠬᠠᠤᠯᠢ ᠶᠣᠰᠣᠭᠠᠷ ᠪᠦᠷᠢᠳᠬᠡᠬᠦ᠂ ᠬᠠᠤᠯᠢ ᠶᠣᠰᠣᠭᠠᠷ ᠨᠢᠭᠡᠳᠦᠯᠲᠡᠢ ᠵᠠᠰᠠᠬᠤ ᠶᠢ ᠪᠡᠶᠡᠯᠡᠭᠦᠯᠵᠦ᠂ ᠲᠤᠭ᠎ᠠ ᠪᠦᠷᠢᠳᠬᠡᠯ ᠤᠨ ᠲᠤᠭ᠎ᠠ ᠪᠠᠷᠢᠮᠲᠠ ᠶᠢᠨ ᠦᠨᠡᠨ ᠪᠣᠳᠠᠲᠤ ᠴᠢᠨᠠᠷ᠂ ᠣᠨᠣᠪᠴᠢᠲᠤ ᠴᠢᠨᠠᠷ ᠢ ᠬᠦᠴᠦᠯᠡᠨ ᠳᠡᠭᠡᠭᠰᠢᠯᠡᠭᠦᠯᠬᠦ ᠬᠡᠷᠡᠭᠲᠡᠢ᠃      ᠬᠤᠷᠠᠯ ᠠᠴᠠ᠂ ᠲᠠᠨᠢᠯᠲᠠ ᠪᠠᠨ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠶᠡᠷᠦᠩᠬᠡᠢ ᠱᠦᠵᠢ ᠰᠢ ᠶᠢᠨ ᠫᠢᠩ ᠤᠨ ᠲᠤᠭ᠎ᠠ ᠪᠦᠷᠢᠳᠬᠡᠯ ᠤᠨ ᠬᠤᠳᠠᠯ ᠬᠠᠭᠤᠷᠮᠠᠭ ᠢᠶᠠᠷ ᠵᠣᠬᠢᠶᠠᠬᠤ ᠶᠢ ᠰᠡᠷᠭᠡᠶᠢᠯᠡᠨ ᠵᠠᠰᠠᠬᠤ ᠲᠤᠬᠠᠢ ᠴᠢᠬᠤᠯᠠ ᠶᠠᠷᠢᠶ᠎ᠠ ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠠᠬᠢ ᠪᠤᠢ ᠪᠣᠯᠭᠠᠬᠤ ᠠᠵᠢᠯ ᠤᠨ ᠭᠤᠣᠯ ᠰᠢᠵᠢᠮ ᠢ ᠪᠠᠲᠤ ᠡᠵᠡᠮᠳᠡᠵᠦ᠂ ᠲᠤᠭ᠎ᠠ ᠪᠦᠷᠢᠳᠬᠡᠯ ᠤᠨ ᠠᠵᠢᠯ ᠢ ᠰᠠᠶᠢᠲᠤᠷ ᠬᠢᠬᠦ ᠬᠠᠷᠢᠭᠤᠴᠠᠯᠭᠠᠲᠤ ᠰᠡᠳᠬᠢᠯᠭᠡ ᠪᠠ ᠡᠭᠦᠷᠭᠡᠲᠦ ᠰᠡᠳᠬᠢᠯᠭᠡ ᠪᠠᠨ ᠴᠢᠩᠭᠠᠳᠬᠠᠬᠤ ᠬᠡᠷᠡᠭᠲᠡᠢ᠃ ᠦᠩᠭᠡᠨ ᠲᠠᠯ᠎ᠠ ᠪᠠ ᠦᠨᠳᠦᠰᠦ ᠰᠤᠷᠪᠤᠯᠵᠢ ᠶᠢ ᠵᠡᠷᠭᠡ ᠪᠠᠷ ᠵᠠᠰᠠᠵᠤ᠂ ᠵᠠᠯᠬᠠᠭᠠᠬᠤ ᠪᠠ ᠰᠡᠷᠭᠡᠶᠢᠯᠡᠬᠦ ᠶᠢ ᠵᠡᠷᠭᠡ ᠪᠠᠷ ᠴᠢᠬᠤᠯᠠᠴᠢᠯᠠᠵᠤ᠂ ᠲᠤᠭ᠎ᠠ ᠪᠦᠷᠢᠳᠬᠡᠯ ᠤᠨ ᠰᠠᠭᠤᠷᠢ ᠵᠢᠷᠤᠮᠵᠢᠯ ᠢᠶᠠᠷ ᠲᠤᠯᠭᠠᠭᠤᠷᠢᠯᠠᠯ ᠪᠣᠯᠭᠠᠵᠤ᠂ ᠶᠠᠰᠤ ᠴᠢᠨᠠᠷ ᠢᠶᠠᠷ ᠦᠨᠳᠦᠰᠦ ᠪᠣᠯᠭᠠᠵᠤ᠂ ᠬᠠᠤᠯᠢ ᠴᠠᠭᠠᠵᠠ ᠬᠠᠤᠯᠢ ᠲᠣᠭᠲᠠᠭᠠᠯ ᠢᠶᠠᠷ ᠰᠠᠭᠤᠷᠢ ᠪᠣᠯᠭᠠᠵᠤ᠂ ᠬᠤᠷᠢᠭ᠎ᠠ ᠱᠤᠭᠤᠮ ᠤᠨ ᠰᠡᠳᠬᠢᠬᠦᠢ ᠶᠢ ᠪᠠᠲᠤ ᠪᠤᠢ ᠪᠣᠯᠭᠠᠵᠤ᠂ ᠲᠤᠭ᠎ᠠ ᠪᠦᠷᠢᠳᠬᠡᠯ ᠤᠨ ᠠᠵᠢᠯᠯᠠᠭ᠎ᠠ ᠶᠢ ᠵᠢᠷᠤᠮᠵᠢᠭᠤᠯᠵᠤ᠂ ︽ᠥᠴᠦᠬᠡᠨ ᠴᠦ ᠠᠭᠤᠴᠢᠯᠠᠬᠤ ᠦᠭᠡᠢ︾ ᠣᠪᠣᠷ ᠢᠶᠠᠷ ᠲᠤᠭ᠎ᠠ ᠪᠦᠷᠢᠳᠬᠡᠯ ᠤᠨ ᠬᠤᠳᠠᠯ ᠬᠠᠭᠤᠷᠮᠠᠭ ᠢᠶᠠᠷ ᠵᠣᠬᠢᠶᠠᠬᠤ ᠶᠢ ᠰᠡᠷᠭᠡᠶᠢᠯᠡᠬᠦ ᠪᠠ ᠵᠠᠯᠬᠠᠭᠠᠨ ᠰᠢᠳᠬᠡᠬᠦ ᠬᠡᠷᠡᠭᠲᠡᠢ᠃ ᠬᠠᠷᠢᠭᠤᠴᠠᠯᠭ᠎ᠠ ᠶᠢ ᠪᠣᠳᠠᠲᠠᠶᠢᠵᠢᠭᠤᠯᠵᠤ᠂ ᠦᠨᠡᠨ ᠬᠦ ᠠᠳᠬᠤᠨ ᠪᠣᠳᠠᠲᠠᠶ ᠰᠠᠶᠢᠵᠢᠷᠠᠭᠤᠯᠵᠤ᠂ ᠲᠤᠭ᠎ᠠ ᠪᠦᠷᠢᠳᠬᠡᠯ ᠤᠨ ᠱᠠᠯᠠᠪᠳᠠᠭᠤᠯᠤᠨ ᠪᠠᠶᠢᠴᠠᠭᠠᠵᠤ ᠬᠠᠷᠢᠭᠤ ᠲᠤᠰᠬᠠᠭᠰᠠᠨ ᠰᠠᠨᠠᠯ ᠢᠶᠠᠷ ᠴᠡᠭᠴᠡᠯᠡᠨ ᠰᠠᠶᠢᠵᠢᠷᠠᠭᠤᠯᠬᠤ ᠠᠵᠢᠯ ᠢ ᠪᠣᠳᠠᠲᠠᠶ ᠳᠤ ᠨᠠᠶᠢᠳᠠᠪᠤᠷᠢᠵᠢᠭᠤᠯᠬᠤ ᠶᠢ ᠪᠥᠬᠦ ᠬᠦᠴᠦᠨ ᠢᠶᠠᠷ ᠠᠬᠢᠭᠤᠯᠬᠤ ᠬᠡᠷᠡᠭᠲᠡᠶ ᠭᠡᠵᠦ ᠴᠢᠩᠭᠠᠳᠬᠠᠪᠠ᠃
 
ᠢᠷᠡᠯᠲᠡ᠄ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号