ᠰᠢᠯᠦᠭ    ᠨᠣᠮᠣᠭᠤᠨ ᠣᠪᠣᠭ᠎ᠠ
ᠨᠡᠶᠢᠲᠡᠯᠡᠭᠰᠡᠨ ᠴᠠᠭ᠄
2024/6/17
ᠳᠠᠷᠴᠢᠳ ᠡᠯᠬᠡᠩᠭᠡ   ᠨᠣᠮᠣᠭᠤᠨ ᠣᠪᠣᠭ᠎ᠠ         ᠠᠯᠳᠠᠢ ᠬᠠᠩᠭᠠᠢ ᠶᠢᠨ ᠮᠢᠨᠢ ᠬᠡᠯᠳᠠᠷᠬᠡᠢ ᠨᠣᠮᠣᠭᠤᠨ ᠣᠪᠣᠭ᠎ᠠ ᠮᠢᠨᠦ ᠠᠷᠠᠳ ᠢᠷᠭᠡᠳ ᠤᠨ ᠮᠢᠨᠢ ᠠᠮᠣᠭᠤᠯᠠᠩ ᠠᠰᠢᠳᠠ ᠶᠢᠨ ᠢᠷᠦᠭᠡᠯ ᠮᠢᠨᠦ            ᠠᠭᠤᠯᠠ ᠣᠰᠣᠨ ᠤ ᠮᠢᠨᠢ ᠬᠡᠶᠢᠮᠣᠷᠢ            ᠨᠣᠮᠣᠭᠤᠨ ᠣᠪᠣᠭ᠎ᠠ ᠮᠢᠨᠦ            ᠠᠳᠣᠭᠤ ᠮᠠᠯ ᠤᠨ ᠮᠢᠨᠢ ᠨᠦᠮᠣᠷᠢ            ᠠᠯᠳᠠᠨ ᠦᠷᠬᠦᠭᠡ ᠮᠢᠨᠦ ᠬᠦᠯᠦ ᠰᠢᠷ᠎ᠡ ᠬᠤᠨᠢᠴᠢᠨ ᠤ ᠮᠢᠨᠢ ᠴᠠᠳᠢᠭ ᠨᠣᠮᠣᠭᠤᠨ ᠣᠪᠣᠭ᠎ᠠ ᠮᠢᠨᠦ ᠬᠦᠨ ᠮᠠᠨᠠᠭᠳᠠᠭᠰᠠᠨ ᠳᠦᠳᠡᠭ ᠠᠷᠢᠭᠤᠨ ᠳᠠᠬᠢᠯᠭ᠎ᠠ ᠮᠢᠨᠦ            ᠨᠡᠬᠦᠳᠡᠯ ᠪᠠᠭᠤᠳᠠᠯ ᠤᠨ ᠮᠢᠨᠢ ᠵᠢᠷᠣᠬᠠᠢ            ᠨᠣᠮᠣᠭᠤᠨ ᠣᠪᠣᠭ᠎ᠠ ᠮᠢᠨᠦ            ᠨᠠᠶᠢᠬᠡᠮ ᠶᠢᠷᠳᠢᠨᠴᠦ ᠶᠢᠨ ᠬᠢᠷᠠᠬᠠᠢ            ᠨᠣᠳᠤᠭ ᠤᠨ ᠰᠠᠬᠢᠭᠤᠰᠦ ᠮᠢᠨᠦ ᠴᠠᠬᠠᠷ ᠶᠠᠰᠣᠳᠠᠨ ᠤ ᠮᠢᠨᠢ ᠰᠢᠳᠦᠯᠭᠡ ᠨᠣᠮᠣᠭᠤᠨ ᠣᠪᠣᠭ᠎ᠠ ᠮᠢᠨᠦ ᠴᠠᠭ ᠲᠦᠷᠦ ᠶᠢᠨ ᠦᠵᠡᠯᠭᠡ ᠴᠢᠯᠠᠭᠤᠨ ᠪᠢᠴᠢᠭ ᠮᠢᠨᠦ            ᠨᠠᠷᠠ ᠬᠤᠷ᠎ᠠ ᠶᠢᠨ ᠨᠠᠶᠢᠷᠠᠯ            ᠨᠣᠮᠣᠭᠤᠨ ᠣᠪᠣᠭ᠎ᠠ ᠮᠢᠨᠦ            ᠬᠦᠮᠦᠨ ᠪᠠᠶᠢᠭᠠᠯᠢ ᠶᠢᠨ ᠡᠶᠡᠷᠡᠯ            ᠬᠦᠬᠦᠷ ᠡᠷᠳᠡᠨᠢ ᠮᠢᠨᠦ ᠡᠪᠦᠭᠡ ᠳᠡᠭᠡᠳᠦᠰ ᠤᠨ ᠮᠢᠨᠢ ᠦᠷᠬᠦᠯᠵᠢᠯᠡᠯ ᠨᠣᠮᠣᠭᠤᠨ ᠣᠪᠣᠭ᠎ᠠ ᠮᠢᠨᠦ ᠦᠷ᠎ᠡ ᠬᠤᠶᠢᠴᠢᠰ ᠤᠨ ᠮᠢᠨᠢ ᠡᠷᠡᠮᠡᠯᠵᠡᠯ ᠦᠨᠢᠳᠠ ᠶᠢᠨ ᠳᠠᠯᠠᠯᠭ᠎ᠠ ᠮᠢᠨᠦ           2008.06.12 ᠪᠣᠣᠷ᠎ᠠ ᠬᠡᠭᠡᠷ᠎ᠡ ᠳᠤ
 
ᠢᠷᠡᠯᠲᠡ᠄ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号