ᠲᠤᠯᠤᠨ ᠨᠠᠭᠤᠷ ᠤᠨ ᠤᠯᠠᠭᠠᠨᠮᠥ᠋ᠴᠢᠷ ᠤᠨ ᠲᠤᠰᠬᠠᠢ ᠲᠠᠯᠠᠪᠠᠢ ᠶᠢᠨ ᠦᠳᠡᠰᠢᠯᠡᠭᠡ ᠶᠠᠪᠤᠭᠳᠠᠭᠰᠠᠨ
ᠨᠡᠶᠢᠲᠡᠯᠡᠭᠰᠡᠨ ᠴᠠᠭ᠄
2024/8/26
ᠭᠠᠷᠴᠠᠭ᠄ ᠲᠤᠯᠤᠨ ᠨᠠᠭᠤᠷ ᠤᠨ ᠤᠯᠠᠭᠠᠨᠮᠥ᠋ᠴᠢᠷ ᠤᠨ ᠲᠤᠰᠬᠠᠢ ᠲᠠᠯᠠᠪᠠᠢ ᠶᠢᠨ ᠦᠳᠡᠰᠢᠯᠡᠭᠡ ᠶᠠᠪᠤᠭᠳᠠᠭᠰᠠᠨᠤᠷᠴᠢᠭᠤᠯᠤᠭᠴᠢ᠄  ᠰᠤᠯᠤᠩᠭᠤᠸ᠎ᠡᠤᠳᠤᠷᠢᠳᠬᠠᠯ᠄    8 .21  ᠤ ᠡᠳᠦᠷ᠂ ︽ᠰᠣᠶᠣᠯ ᠤᠨ ᠢᠲᠡᠭᠡᠯ ᠢ ᠴᠢᠩᠭᠠᠳᠬᠠᠵᠤ · ᠳᠠᠭᠤᠤ ᠪᠥᠵᠢᠭ ᠢᠶᠠᠨ ᠨᠤᠲᠤᠭ ᠤᠰᠤᠨ ᠳᠠᠭᠠᠨ  ᠡᠷᠭᠦᠶ᠎ᠡ︾   ᠲᠤᠯᠤᠨ ᠨᠠᠭᠤᠷ  ᠤᠨ ᠤᠯᠠᠭᠠᠨᠮᠥ᠋ᠴᠢᠷ ᠤᠨ ᠲᠤᠰᠬᠠᠢ ᠦᠳᠡᠰᠢᠯᠡᠭᠡ ᠬᠤᠳᠠ ᠶᠢᠨ ᠠᠪᠤᠷᠭᠤ ᠭᠦᠷᠪᠡᠯ  ᠠᠭᠤᠳᠠᠮ ᠲᠠᠯᠠᠪᠠᠢ ᠳᠤ  ᠶᠠᠪᠤᠭᠳᠠᠵᠠᠢ  ᠃ᠲᠠᠶᠢᠯᠤᠮᠵᠢ᠄      ᠰᠥᠨᠢ ᠶᠢᠨ ᠬᠠᠷᠠᠩᠭᠤᠢ ᠳᠤ ᠠᠪᠤᠷᠭᠤ ᠭᠦᠷᠪᠡᠯ ᠠᠭᠤᠳᠠᠮ ᠲᠠᠯᠠᠪᠠᠢ ᠳᠤ ᠳ᠋ᠧᠩ ᠤᠨ ᠭᠡᠷᠡᠯ  ᠭᠢᠯᠠᠯᠵᠠᠵᠤ᠂ ᠲᠠᠩᠰᠤᠭ ᠰᠠᠶᠢᠬᠠᠨ ᠰᠣᠶᠣᠯ ᠵᠤᠭᠠᠴᠠᠯ ᠤᠨ ᠠᠵᠢᠯᠯᠠᠭ᠎ᠠ ᠨᠢ ᠪᠣᠭᠤᠮᠲᠠ ᠶᠢᠨ ᠤᠯᠠᠨ ᠲᠦᠮᠡᠨ ᠤ  ᠠᠵᠢᠯ ᠤᠨ ᠴᠢᠯᠦᠭᠡᠨ ᠤ ᠠᠮᠢᠳᠤᠷᠠᠯ ᠢ  ᠪᠠᠶᠠᠯᠢᠭᠵᠢᠭᠤᠯᠵᠠᠢ᠃    ᠲᠤᠬᠠᠢ ᠶᠢᠨ ᠲᠠᠯᠠᠪᠠᠢ ᠳᠤ᠂ ᠲᠤᠯᠤᠨ ᠨᠠᠭᠤᠷ ᠤᠨ ᠤᠯᠠᠭᠠᠨᠮᠥ᠋ᠴᠢᠷ ᠤᠨ ᠲᠣᠭᠯᠠᠭᠴᠢᠳ ᠦᠵᠡᠭᠴᠢᠳ ᠲᠤ ᠭᠤᠶᠢᠳᠠ ᠰᠠᠶᠢᠬᠠᠨ ᠤᠷᠠᠨ ᠰᠠᠶᠢᠬᠠᠨ ᠤ ᠲᠣᠭᠯᠠᠯᠲᠠ ᠠᠪᠴᠢᠷᠠᠭᠰᠠᠨ ᠢᠶᠠᠷ ᠪᠠᠷᠠᠬᠤ ᠦᠭᠡᠢ᠂ ᠨᠡᠩ ᠴᠤ ᠰᠣᠶᠣᠯ ᠤᠨ ᠢᠲᠡᠭᠡᠯ ᠪᠠ ᠦᠨᠳᠦᠰᠦᠲᠡᠨ ᠤ ᠢᠲᠡᠭᠡᠯ ᠢ ᠠᠬᠤᠭᠤᠯᠤᠭᠰᠠᠨ ᠦᠨᠳᠦᠰᠦᠲᠡᠨ ᠤ ᠵᠣᠷᠢᠭ ᠰᠠᠨᠠᠭ᠎ᠠ  ᠶᠢ ᠬᠠᠷᠠᠭᠤᠯᠵᠠᠢ᠃ ᠦᠳᠡᠰᠢᠯᠡᠭᠡ ᠨᠢ ︽ᠬᠠᠷᠢᠯᠴᠠᠨ  ᠬᠠᠶᠢᠷᠠᠯᠠᠯᠴᠠᠶ᠎ᠠ︾ ᠭᠡᠬᠦ ᠳᠠᠭᠤᠤ   ᠶᠢᠨ ᠳᠤᠮᠳᠠ ᠬᠥᠰᠢᠭᠡ ᠪᠠᠨ ᠰᠡᠬᠦᠵᠦ᠂ ᠭᠤᠴᠣᠯᠠᠯ ᠳᠠᠭᠤᠤ᠂ ᠣᠯᠠᠨ ᠬᠥᠮᠥᠨ ᠤ ᠪᠥᠵᠢᠭ᠂  ᠨᠠᠶᠢᠷᠠᠯ ᠬᠥᠭᠵᠢᠮ ᠵᠡᠷᠭᠡ ᠲᠣᠭᠯᠠᠯᠲᠠ ᠶᠢ  ᠵᠠᠯᠭᠠᠭ᠎ᠠ ᠪᠠᠷ ᠲᠤᠭᠯᠠᠵᠠᠢ᠃ ᠭᠤᠷᠪᠠᠯᠠᠯ ᠳᠠᠭᠤᠤ ︽ᠲᠤᠯᠤᠨ ᠨᠠᠭᠤᠷ ᠤᠨ ᠪᠣᠯᠵᠤᠭ᠎ᠠ︾᠂ ᠴᠠᠷᠭᠢᠯ ᠬᠤᠯᠪᠣᠭ᠎ᠠ ︽ᠨᠤᠲᠤᠭ ᠤᠨ ᠮᠠᠭᠲᠠᠭᠠᠯ︾ ᠨᠢ ᠪᠦᠬᠦ ᠦᠳᠡᠰᠢᠯᠡᠭᠡ ᠶᠢ ᠤᠷᠬᠢᠯ ᠳᠤᠨᠢ ᠬᠦᠷᠭᠡᠵᠡᠢ᠃ ᠦᠳᠡᠰᠢᠯᠡᠭᠡ ᠨᠢ ᠥᠪᠡᠷᠮᠢᠴᠡ ᠤᠷᠠᠯᠢᠭ ᠤᠨ ᠬᠡᠯᠪᠡᠷᠢ ᠪᠠ ᠡᠯᠪᠡᠭ ᠪᠠᠶᠠᠯᠢᠭ ᠰᠣᠶᠣᠯ ᠤᠨ ᠠᠭᠤᠯᠬᠤᠨ ᠢᠶᠠᠷ ᠢᠶᠠᠨ ᠭᠠᠵᠠᠷ ᠣᠷᠣᠨ ᠤ ᠣᠨᠴᠠᠯᠢᠭ ᠪᠠ ᠦᠨᠳᠦᠰᠦᠲᠡᠨ ᠤ ᠴᠤᠭ ᠵᠢᠪᠬᠤᠭ᠎ᠠ ᠪᠠᠨ  ᠬᠠᠷᠠᠭᠤᠯᠵᠤ᠃ ᠦᠵᠡᠭᠴᠢᠳ ᠤᠨ ᠬᠠᠷᠠᠭ᠎ᠠ ᠶᠢ ᠮᠢᠯᠢᠶᠠᠵᠠᠢ᠃     ᠣᠶᠢᠯᠠᠭᠠᠭᠰᠠᠨ ᠢᠶᠠᠷ᠂ ᠲᠤᠯᠤᠨ ᠨᠠᠭᠤᠷ ᠤᠨ ᠤᠯᠠᠭᠠᠨᠮᠥ᠋ᠴᠢᠷ ᠤᠨ ᠲᠤᠭᠯᠠᠭᠴᠢᠳ ᠶᠡᠷᠦᠩᠬᠡᠢ ᠱᠦᠵᠢ ᠰᠢ ᠶᠢᠨ ᠫᠢᠩ  ᠤᠨ ᠳᠣᠲᠣᠨᠣ ᠰᠤᠷᠭᠠᠯ ᠢ ᠪᠠᠲᠤ ᠴᠡᠭᠡᠵᠢᠯᠡᠵᠦ᠂ ᠵᠣᠪᠠᠭᠤᠷᠢ ᠵᠦᠳᠡᠭᠦᠷᠢ ᠶᠢ ᠳᠠᠭᠠᠭᠠᠬᠤ᠂ ᠴᠤᠴᠠᠯᠲᠠ ᠦᠭᠡᠢ ᠤᠷᠤᠭᠰᠢᠯᠠᠬᠤ ᠮᠣᠩᠭᠤᠯ ᠮᠣᠷᠢᠨ ᠤ ᠵᠣᠷᠢᠭ ᠰᠠᠨᠠᠭ᠎ᠠ ᠶᠢ ᠪᠠᠳᠠᠷᠠᠭᠤᠯᠵᠤ᠂ ᠰᠢᠨ᠎ᠡ ᠴᠠᠭ ᠦᠶ᠎ᠡ ᠳᠤ ᠤᠯᠠᠭᠠᠨᠮᠥ᠋ᠴᠢᠷ ᠤᠨ ᠰᠢᠯᠢᠳᠡᠭ ᠤᠯᠠᠮᠵᠢᠯᠠᠯ ᠢ ᠶᠡᠬᠡᠪᠡᠷ ᠪᠠᠳᠠᠷᠠᠭᠤᠯᠵᠤ᠂ ᠠᠮᠢᠳᠤᠷᠠᠯ ᠳᠤ ᠦᠨᠳᠦᠰᠦᠯᠡᠵᠦ᠂ ᠮᠠᠯᠴᠢᠨ ᠲᠦᠮᠡᠨ ᠳᠤ ᠦᠢᠯᠡᠴᠢᠯᠡᠵᠦ᠂ ᠤᠳᠬ᠎ᠠ ᠤᠷᠠᠯᠢᠭ ᠤᠨ ᠰᠢᠨ᠎ᠡ ᠡᠭᠦᠳᠦᠯᠲᠡ ᠶᠢ ᠠᠬᠢᠭᠤᠯᠵᠤ᠂ ᠤᠯᠠᠨ ᠲᠦᠮᠡᠨ ᠤ ᠳᠤᠮᠳᠠ ᠣᠶᠢᠷᠠᠲᠤᠭᠰᠠᠨ᠂ ᠤᠯᠠᠮᠵᠢᠯᠠᠯᠲᠤ ᠰᠢᠯᠢᠳᠡᠭ ᠪᠦᠲᠦᠭᠡᠯ ᠤᠳ ᠢ ᠵᠣᠬᠢᠶᠠᠨ ᠪᠦᠲᠦᠭᠡᠵᠡᠢ᠃     ᠰᠤᠷᠪᠤᠯᠵᠢᠯᠠᠭ᠎ᠠ᠄ ᠲᠤᠯᠤᠨ  ᠨᠠᠭᠤᠷ ᠰᠢᠶᠠᠨ ᠤ ᠤᠯᠠᠭᠠᠨᠮᠥ᠋ᠴᠢᠷ ᠤᠨ ᠳᠠᠷᠤᠭ᠎ᠠ ᠵᠠᠩ ᠬᠠᠢ  ᠫᠧᠩ᠄      ᠶᠠᠭᠤᠨ ᠤ ᠡᠮᠦᠨ᠎ᠡ ᠦᠵᠡᠰᠬᠦᠯᠡᠩᠲᠦ ᠰᠠᠶᠢᠬᠠᠨ ᠬᠢᠯᠢ ᠶᠢᠨ ᠬᠤᠲᠠ ᠡᠷᠢᠶᠡᠨ ᠬᠤᠲᠠ ᠶᠢᠨ ᠤᠷᠢᠯᠭ᠎ᠠ ᠳᠤ ᠪᠢᠳᠡ ᠣᠨᠴᠠᠭᠠᠶᠢᠯᠠᠨ ᠲᠠᠯᠠᠷᠬᠠᠵᠤ ᠪᠠᠶᠢᠨ᠎ᠠ᠃ ᠪᠢᠳᠡ ᠡᠶᠢᠮᠦ ᠦᠵᠡᠰᠬᠦᠯᠡᠩᠲᠦ ᠰᠠᠶᠢᠬᠠᠨ ᠬᠤᠲᠠ ᠳᠤ ᠢᠷᠡᠵᠦ ᠰᠣᠯᠢᠯᠴᠠᠭᠠᠨ ᠤ ᠲᠣᠭᠯᠠᠯᠲᠠ ᠭᠠᠷᠭᠠᠯ᠎ᠠ᠃ᠡᠨᠡ ᠤᠳᠠᠭᠠᠨ ᠤ ᠠᠵᠢᠯᠯᠠᠭ᠎ᠠ ᠪᠠᠷ ᠡᠷᠢᠶᠡᠨ ᠬᠤᠲᠠ ᠶᠢᠨ ᠠᠷᠠᠳ ᠤᠨ ᠬᠠᠯᠠᠭᠤᠨ ᠰᠡᠳᠬᠢᠯᠭᠡ ᠶᠢ ᠭᠦᠨᠵᠡᠭᠡᠢ   ᠦᠢᠯᠠᠭᠠᠯ᠎ᠠ᠂ ᠬᠤᠶᠢᠰᠢᠳᠠ ᠡᠷᠢᠶᠡᠨ ᠬᠤᠲᠠ ᠶᠢᠨ ᠬᠢᠨ ᠮᠠᠨ ᠤ ᠳᠣᠯᠣᠨ ᠨᠠᠭᠤᠷ ᠰᠢᠶᠠᠨ ᠤ ᠤᠯᠠᠭᠠᠨᠮᠥ᠋ᠴᠢᠷ ᠲᠠᠢ ᠢᠯᠡᠭᠦᠬᠡᠨ ᠰᠣᠶᠣᠯ ᠤᠨ ᠰᠣᠯᠢᠯᠴᠠᠭ᠎ᠠ ᠬᠢᠬᠦ ᠶᠢ ᠲᠤᠶᠢᠯ ᠢᠶᠠᠷ ᠪᠠᠶᠠᠷᠯᠠᠨ ᠤᠭᠲᠤᠵᠤ ᠪᠠᠶᠢᠨ᠎ᠠ᠃
 
ᠢᠷᠡᠯᠲᠡ᠄ ᠡᠷᠢᠶᠡᠨ ᠬᠤᠳᠠ ᠶᠢᠨ ᠬᠠᠮ ᠵᠠᠭᠤᠴᠢᠯᠠᠭᠤᠷ ᠤᠨ ᠳᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号