ᠮᠠᠨ ᠤ ᠬᠤᠲᠠ ᠶᠢᠨ ᠮᠠᠯᠵᠢᠬᠤ ᠣᠷᠣᠨ ᠤ ᠪᠠᠶᠢᠭᠠᠯᠢᠭ ᠢᠳᠡᠭᠡᠨ ᠤ ᠳᠡᠯᠭᠡᠨ ᠪᠣᠷᠣᠯᠠᠭᠤᠯᠤᠯᠲᠠ ᠶᠢᠨ ᠨᠠᠶᠢᠷ ᠵᠢᠴᠢ ᠬᠦᠭᠵᠢᠯᠳᠤᠶᠠᠭ᠎ᠠ ᠭᠠᠴᠠᠭᠠᠨ ᠤ ᠨᠠᠮᠤᠷ ᠤᠨ ᠤᠯᠠᠷᠢᠯ ᠤᠨ ᠨᠠᠭᠠᠳᠤᠮ ᠲᠡᠭᠦᠰ ᠠᠮᠵᠢᠯᠲᠠ ᠲᠠᠢ  ᠦᠨᠳᠤᠷᠯᠡᠭᠰᠡᠨ
ᠨᠡᠶᠢᠲᠡᠯᠡᠭᠰᠡᠨ ᠴᠠᠭ᠄
2024/9/20
ᠤᠷᠴᠢᠭᠤᠯᠤᠠᠠᠴᠢ᠄  ᠪᠦᠷᠢᠩᠭᠤᠸ᠎ᠠ ᠤᠳᠤᠷᠢᠳᠬᠠᠯ᠄          9 ᠰᠠᠷ᠎ᠠ ᠶᠢᠨ 16 ᠤ ᠡᠳᠦᠷ᠂ ᠪᠥᠬᠡ ᠶᠢᠨ ᠪᠠᠷᠢᠯᠳᠤᠭᠠᠨ ᠳᠠᠭᠤᠰᠬᠤ ᠶᠢ ᠳᠠᠭᠠᠯᠳᠤᠨ᠂ ᠮᠠᠨ ᠤ ᠬᠤᠲᠠ ᠶᠢᠨ ᠮᠠᠯᠵᠢᠬᠤ ᠣᠷᠣᠨ ᠤ ᠪᠠᠶᠢᠭᠠᠯᠢᠭ ᠢᠳᠡᠭᠡᠨ ᠤ ᠳᠡᠯᠭᠡᠨ ᠪᠣᠷᠣᠯᠠᠭᠤᠯᠤᠯᠲᠠ ᠶᠢᠨ ᠨᠠᠶᠢᠷ ᠵᠢᠴᠢ ᠬᠥᠭᠵᠢᠯᠲᠤᠶᠠᠭ᠎ᠠ ᠭᠠᠴᠠᠭᠠᠨ ᠤ ᠨᠠᠮᠤᠷ ᠤᠨ ᠤᠯᠠᠷᠢᠯ ᠤᠨ ᠨᠠᠭᠠᠳᠤᠮ ᠤᠨ ᠡᠯ᠎ᠡ ᠵᠦᠢᠯ ᠤᠨ ᠤᠷᠤᠯᠳᠤᠭᠠᠨ ᠠᠮᠵᠢᠯᠲᠠ ᠲᠠᠢ   ᠦᠨᠳᠤᠷᠯᠡᠪᠡ᠃ ᠲᠠᠶᠢᠯᠪᠦᠷᠢ᠄           ᠪᠥᠬᠡ ᠶᠢᠨ  ᠪᠠᠷᠢᠯᠳᠤᠭᠠᠨ ᠤ ᠲᠤᠬᠠᠢ ᠶᠢᠨ ᠲᠠᠯᠠᠪᠠᠢ ᠳᠤ᠂ ᠮᠠᠨ ᠤ ᠬᠤᠳᠠ᠂ ᠰᠥᠨᠢᠳ ᠵᠡᠭᠦᠨ ᠬᠤᠰᠢᠭᠤ᠂ ᠰᠥᠨᠢᠳ ᠪᠠᠷᠠᠭᠤᠨ ᠬᠤᠰᠢᠭᠤ ᠵᠡᠷᠭᠡ ᠭᠠᠵᠠᠷ ᠠᠴᠠ ᠢᠷᠡᠭᠰᠡᠨ 64 ᠪᠦᠬᠡ  ᠵᠤᠳᠤᠭ  ᠲᠤᠬᠤ ᠪᠠᠨ  ᠡᠮᠦᠰᠴᠦ᠂ ᠡᠷ᠎ᠡ ᠴᠢᠳᠠᠯ ᠢᠶᠠᠨ ᠰᠢᠯᠭᠠᠷᠠᠭᠤᠯᠤᠠᠠᠰᠡᠨ ᠪᠠᠶᠢᠨ᠎ᠠ᠃  ᠨᠠᠶᠢᠷ ᠤᠨ ᠲᠠᠯᠠᠪᠠᠢ ᠳᠤ ᠪᠦᠬᠡᠴᠤᠳ ᠰᠢᠯᠭᠠᠷᠠᠭᠰᠠᠨ ᠮᠡᠷᠭᠡᠵᠢᠯ ᠪᠠ ᠡᠷᠡᠯᠬᠡᠭᠯᠡᠨ ᠤᠷᠤᠭᠰᠢᠯᠠᠬᠤ ᠤᠷᠤᠯᠳᠤᠭᠠᠨ ᠤ ᠵᠣᠷᠢᠭ ᠰᠠᠨᠠᠭ᠎ᠠ  ᠶᠢ ᠪᠠᠳᠠᠷᠠᠭᠤᠯᠵᠦ᠂ ᠲᠤᠬᠠᠢ ᠶᠢᠨ ᠲᠠᠯᠠᠪᠤᠷ ᠤᠨ ᠦᠵᠡᠭᠴᠢᠳ ᠲᠤ ᠪᠥᠬᠡ   ᠶᠢᠨ ᠭᠤᠴᠤ ᠰᠠᠶᠢᠬᠠᠨ ᠤᠷ᠎ᠡ ᠮᠡᠷᠭᠡᠵᠢᠯ ᠢ ᠬᠠᠷᠠᠭᠤᠯᠤᠠᠠᠰᠡᠨ ᠪᠠᠶᠢᠨ᠎ᠠ᠃       ᠣᠶᠢᠯᠠᠭᠠᠭᠰᠠᠨ ᠢᠶᠠᠷ᠂  ᠠᠵᠢᠯᠯᠠᠭᠠᠨ ᠤ  ᠬᠤᠭᠤᠴᠠᠭᠠᠨ ᠳᠤ  ᠦᠵᠡᠭᠦᠯᠦᠯᠭᠡ ᠶᠢᠨ ᠴᠤᠭᠯᠠᠭᠠᠨ ᠭᠠᠷᠭᠠᠵᠤ᠂ ᠦᠬᠡᠷ ᠬᠤᠨᠢᠨ ᠮᠢᠬ᠎ᠠ᠂ ᠴᠠᠭᠠᠨ ᠢᠳᠡᠭᠡ᠂ ᠪᠤᠤᠰᠠ᠂ ᠰᠦ ᠲᠠᠢ ᠴᠠᠢ ᠵᠡᠷᠭᠡ ᠮᠠᠯᠵᠢᠬᠤ ᠣᠷᠣᠨ ᠤ ᠪᠠᠶᠢᠭᠠᠯᠢᠭ ᠢᠳᠡᠭᠡᠨ ᠤ ᠵᠦᠢᠯ  ᠢ ᠪᠤᠷᠤᠯᠠᠭᠤᠯᠵᠦ᠂ ᠨᠡᠶᠢᠲᠡ 20 ᠭᠠᠷᠤᠢ ᠲᠦᠮᠡᠨ ᠲᠥᠭᠦᠷᠢᠭ ᠤᠨ ᠠᠷᠠᠯᠵᠢᠶ᠎ᠠ ᠲᠣᠬᠢᠷᠠᠵᠤ᠂ ᠡᠭᠦᠨ ᠳᠤ 36 ᠠᠮᠢᠳᠤ ᠦᠬᠡᠷ᠂ 20 ᠠᠮᠢᠳᠤ ᠬᠤᠨᠢ ᠬᠤᠳᠠᠯᠳᠤᠵᠠᠢ  ᠃        ᠲᠠᠷᠠᠭᠠᠴᠢ ᠶᠢᠨ ᠠᠯᠬᠤᠮ ᠳᠤ᠂ ᠬᠤᠲᠠ ᠶᠢᠨ  ᠭᠡᠷᠡᠯᠳᠦᠡᠤᠳᠦ  ᠰᠤᠮᠤᠨ ᠤ ᠬᠦᠭᠵᠢᠯᠳᠤᠶᠠᠭ᠎ᠠ ᠭᠠᠴᠠᠭ᠎ᠠ  ᠡᠬᠢ ᠪᠠᠶᠠᠯᠢᠭ ᠤᠨ ᠳᠠᠪᠠᠭᠤᠯᠢᠭ᠂ ᠲᠡᠦᠬᠡ ᠰᠣᠶᠣᠯ ᠤᠨ ᠠᠭᠤᠯᠬᠤᠨ ᠪᠠ ᠪᠡᠶ᠎ᠡ ᠶᠢᠨ ᠲᠠᠮᠢᠷ ᠤᠨ  ᠠᠵᠢᠯᠯᠠᠭ᠎ᠠ ᠶᠢ ᠦᠷᠭᠦᠯᠵᠢᠯᠡᠨ ᠤᠶᠠᠯᠳᠤᠭᠤᠯᠵᠤ᠂ ᠣᠷᠣᠨ ᠨᠤᠲᠤᠭ ᠤᠨ ᠵᠢᠭᠤᠯᠴᠢᠯᠠᠯ ᠤᠨ ᠠᠮᠢᠵᠢᠷᠠᠯ ᠤᠨ ᠬᠦᠴᠦᠨ ᠢ ᠬᠥᠭᠵᠢᠭᠡᠵᠦ ᠂ ᠪᠥᠬᠦ ᠬᠤᠲᠠ ᠶᠢᠨ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠶᠢ  ᠠᠬᠢᠭᠤᠯᠬᠤ  ᠳᠤ ᠲᠤᠰᠠᠯᠠᠬᠤ ᠪᠤᠯᠤᠨ᠎ᠠ᠃
 
ᠢᠷᠡᠯᠲᠡ᠄ ᠡᠷᠢᠶᠡᠨ ᠬᠤᠳᠠ ᠶᠢᠨ ᠬᠠᠮ ᠵᠠᠭᠤᠴᠢᠯᠠᠭᠤᠷ ᠤᠨ ᠳᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号