| | 2 ᠰᠠᠷ᠎ᠠ ᠶᠢᠨ 27 ᠤ ᠡᠳᠦᠷ᠂ ᠡᠷᠢᠶᠡᠨ ᠬᠤᠲᠠ ᠶᠢᠨ ᠬᠢᠯᠢ ᠠᠯᠤᠰᠯᠠᠭᠰᠠᠨ ᠡᠯᠧᠺᠲᠷᠣᠨ ᠬᠤᠳᠠᠯᠳᠤᠭᠠᠨ ᠤ | ᠪᠣᠭᠤᠮᠲᠠ ᠶᠢᠨ ᠬᠢᠨᠠᠯᠲᠠ ᠬᠠᠮᠢᠶᠠᠷᠤᠯᠲᠠ ᠶᠢᠨ ᠲᠥᠪ ᠲᠤ᠂ ᠨᠢᠭᠡ ᠬᠠᠶᠢᠷᠴᠠᠭ ᠡᠳᠦᠷ ᠲᠤᠲᠤᠮ ᠤᠨ ᠬᠡᠷᠡᠭᠰᠡᠯ᠂ | ᠬᠤᠪᠴᠠᠰᠤ ᠬᠤᠨᠠᠷ᠂ ᠮᠠᠯᠠᠭᠠᠢ ᠱᠠᠬᠠᠶ᠂ ᠴᠢᠮᠡᠭᠯᠡᠯ ᠤᠨ ᠡᠳ᠋᠂ ᠲᠣᠭᠯᠠᠭᠠᠮ ᠤᠨ ᠵᠦᠢᠯ ᠤᠨ ᠪᠣᠭᠤᠳᠠᠯ ᠪᠠᠭᠯᠠᠭ᠎ᠠ ᠪᠠᠨ | ᠶᠠᠭ ᠪᠠᠶᠢᠴᠠᠭᠠᠨ ᠰᠢᠯᠭᠠᠬᠤ ᠳᠠᠶᠢᠰᠠᠨ ᠤ ᠡᠮᠦᠨ᠎ᠡ ᠬᠦᠷᠭᠡᠵᠦ᠂ ᠪᠣᠭᠤᠮᠲᠠ ᠶᠢᠨ ᠠᠵᠢᠯᠲᠠᠳ ᠪᠠᠷᠠᠭ᠎ᠠ ᠨᠢᠭᠡᠪᠦᠷᠢ ᠶᠢ | ᠨᠠᠷᠢᠨ ᠨᠢᠮᠪᠠᠶ ᠪᠠᠶᠢᠴᠠᠭᠠᠨ ᠰᠢᠯᠭᠠᠵᠤ ᠪᠠᠶᠢᠨ᠎ᠠ᠃ | | | | | | ᠡᠨᠡ ᠪᠣᠯ ᠡᠨᠡ ᠵᠢᠯ ᠡᠷᠢᠶᠡᠨ ᠪᠣᠭᠤᠮᠲᠠ ᠶᠢᠨ ᠬᠢᠯᠢ ᠠᠯᠤᠰᠯᠠᠭᠰᠠᠨ ᠡᠯᠧᠺᠲᠷᠣᠨ ᠬᠤᠳᠠᠯᠳᠤᠭ᠎ᠠ ᠪᠠᠷ ᠳᠡᠮᠵᠢᠨ | 9710 ᠪᠠᠷ ᠭᠠᠳᠠᠭᠠᠳᠤ ᠳᠤ ᠭᠠᠷᠭᠠᠭᠰᠠᠨ 44 ᠳ᠋ᠦ᠋ᠭᠡᠷ ᠪᠢᠯᠧᠲ ᠤᠨ ᠪᠠᠷᠠᠭ᠎ᠠ ᠪᠣᠯᠣᠨ᠎ᠠ᠂ ᠪᠠᠷᠠᠭᠠᠨ ᠤ ᠬᠦᠨᠳᠦ ᠨᠢ | 4.9 ᠲᠣᠨ᠂ ᠪᠠᠷᠠᠭᠠᠨ ᠤ ᠥᠷᠲᠡᠭ ᠨᠢ 34.5 ᠲᠦᠮᠡᠨ ᠲᠥᠭᠦᠷᠢᠭ᠂ ᠵᠣᠷᠢᠭᠰᠠᠨ ᠭᠠᠵᠠᠷ ᠨᠢ ᠮᠣᠩᠭᠤᠯ ᠤᠯᠤᠰ | ᠪᠣᠯᠣᠨ᠎ᠠ᠃ | ᠡᠨᠡ ᠵᠢᠯ ᠠᠴᠠ ᠨᠡᠱᠢ᠂ ᠡᠷᠢᠶᠡᠨ ᠪᠣᠭᠤᠮᠲᠠ ᠶᠢᠨ ᠬᠢᠨ ᠬᠢᠯᠢ ᠠᠯᠤᠰᠯᠠᠭᠰᠠᠨ ᠡᠯᠧᠺᠲᠷᠣᠨ ᠬᠤᠳᠠᠯᠳᠤᠭᠠᠨ ᠤ | 9710 ᠲᠠᠸᠠᠷ ᠢ 10 ᠲᠦᠮᠡ ᠳᠤ ᠬᠦᠷᠴᠦ᠂ 10.3 ᠲᠦᠮᠡ ᠶᠢ ᠳᠠᠪᠠᠵᠤ᠂ ᠪᠠᠷᠠᠭᠠᠨ ᠤ ᠥᠷᠲᠡᠭ 1163.1 | ᠲᠦᠮᠡᠨ ᠲᠥᠭᠦᠷᠢᠭ ᠲᠤ ᠬᠦᠷᠴᠦ᠂ ᠪᠣᠭᠤᠮᠲᠠ ᠶᠢᠨ ᠰᠢᠨ᠎ᠡ ᠡᠵᠡᠩᠨᠡᠯᠲᠡ ᠶᠢᠨ ᠬᠡᠯᠪᠡᠷᠢ ᠪᠠᠶᠢᠳᠠᠯ ᠤᠨ ᠭᠠᠳᠠᠭᠠᠳᠤ | ᠠᠷᠠᠯᠵᠢᠶᠠᠨ ᠤ ᠭᠠᠳᠠᠭᠠᠳᠤ ᠳᠤ ᠭᠠᠷᠭᠠᠬᠤ ᠬᠡᠮᠵᠢᠶ᠎ᠡ ᠲᠣᠭᠲᠠᠭᠤᠨ ᠢᠶᠠᠷ ᠰᠢᠨ᠎ᠡ ᠪᠠᠶᠢᠳᠠᠯ ᠢ ᠪᠣᠢ ᠪᠣᠯᠭᠠᠪᠠ᠃ ᠡᠷᠢᠶᠡᠨ | ᠬᠤᠲᠠ ᠶᠢᠨ ᠪᠣᠭᠤᠮᠲᠠ ᠶᠢᠨ 9710 ᠵᠠᠭᠪᠤᠷ ᠨᠢ 2024 ᠣᠨ ᠤ ᠵᠢᠯ ᠤᠨ ᠡᠴᠦᠰ ᠲᠤ ᠰᠢᠯᠭᠠᠯᠲᠠ ᠶᠢ | ᠤᠷᠤᠭᠰᠢᠲᠠᠶ ᠪᠡᠶᠡᠯᠡᠭᠦᠯᠦᠭᠰᠡᠨ ᠤ ᠳᠠᠷᠠᠭ᠎ᠠ᠂ ᠡᠨᠡ ᠵᠢᠯ ᠤᠨ 1 ᠰᠠᠷ᠎ᠠ ᠳᠤ ᠠᠮᠵᠢᠯᠲᠠ ᠲᠠᠢ ᠠᠵᠢᠯᠯᠠᠵᠤ᠂ | ᠪᠣᠭᠤᠮᠲᠠ ᠶᠢᠨ ᠬᠢᠯᠢ ᠠᠯᠤᠰᠯᠠᠭᠰᠠᠨ ᠡᠯᠧᠺᠲᠷᠣᠨ ᠬᠤᠳᠠᠯᠳᠤᠭᠠᠨ ᠤ ᠵᠠᠭᠪᠤᠷ ᠤᠨ ᠲᠥᠷᠥᠯ ᠵᠦᠢᠯ ᠢ | ᠪᠠᠶᠠᠯᠢᠭᠵᠢᠭᠤᠯᠵᠤ᠂ ᠠᠵᠤ ᠠᠬᠤᠶᠢᠯᠠᠯ ᠳᠤ ᠲᠦᠢᠯ ᠤᠨ ᠶᠡᠭᠡ ᠲᠥᠬᠦᠮ ᠨᠥᠬᠦᠴᠡᠯ ᠬᠠᠩᠭᠠᠭᠰᠠᠨ ᠪᠠᠶᠢᠨ᠎ᠠ᠃ | ᠡᠷᠢᠶᠡᠨ ᠪᠣᠭᠤᠮᠲᠠ ᠶᠢᠨ ᠬᠢᠨ ᠤᠷᠢᠳᠴᠢᠯᠠᠨ ᠪᠣᠯᠵᠣᠵᠤ ᠪᠠᠶᠢᠴᠠᠭᠠᠨ ᠰᠢᠯᠭᠠᠬᠤ᠂ ᠴᠠᠭ ᠲᠤᠬᠠᠢ ᠳᠤᠨᠢ | ᠲᠥᠷᠥ ᠶᠢᠨ ᠪᠣᠳᠣᠯᠭ᠎ᠠ ᠶᠢᠨ ᠬᠠᠷᠢᠭᠤᠯᠲᠠ ᠥᠭᠬᠦ ᠵᠡᠷᠭᠡ ᠦᠢᠯᠡᠴᠢᠯᠡᠭᠡ ᠬᠠᠩᠭᠠᠵᠤ᠂ ︽ᠬᠡᠵᠢᠶ᠎ᠡ ᠢᠷᠡᠪᠡᠯ ᠲᠡᠷᠡ | ᠳᠠᠷᠤᠢ ᠳᠤᠨᠢ ᠪᠠᠶᠢᠴᠠᠭᠠᠵᠤ᠂ ᠪᠠᠷᠢᠨ ᠪᠠᠶᠢᠴᠠᠭᠠᠵᠤ ᠪᠠᠷᠢᠨ ᠶᠠᠪᠤᠭᠤᠯᠬᠤ︾ ᠶᠢ ᠪᠡᠶᠡᠯᠡᠭᠦᠯᠵᠦ᠂ ᠪᠣᠭᠤᠮᠲᠠ ᠪᠠᠷ | ᠥᠩᠭᠡᠷᠡᠬᠦ ᠦᠷ᠎ᠡ ᠪᠦᠲᠦᠮᠵᠢ ᠶᠢ 10% ᠠᠴᠠ ᠳᠠᠪᠠᠭᠤᠯᠤᠨ᠎ᠠ᠃ | |