| ᠯᠸᠢ ᠹᠧᠩ ᠤᠨ ᠵᠣᠷᠢᠭ ᠰᠠᠨᠠᠭ᠎ᠠ ᠶᠢ ᠤᠯᠠᠮᠵᠢᠯᠠᠨ ᠪᠠᠳᠠᠷᠠᠭᠤᠯᠵᠤ᠂ ᠡᠭᠦᠷᠭᠡᠯᠡᠯ ᠲᠠᠢ ᠰᠢᠨ᠎ᠡ ᠴᠠᠭ ᠦᠶ᠎ᠡ ᠶᠢᠨ ᠰᠠᠶᠢᠨ | ᠪᠠᠭᠠᠴᠤᠳ ᠢ ᠬᠥᠮᠦᠵᠢᠭᠦᠯᠬᠦ ᠶᠢᠨ ᠳᠣᠯᠠᠳᠠ᠂ 3 ᠰᠠᠷ᠎ᠠ ᠶᠢᠨ 3 ᠤ ᠡᠳᠦᠷ᠂ ᠬᠤᠲᠠ ᠶᠢᠨ ᠰᠢᠯᠢᠨ ᠨᠡᠶᠢᠭᠡᠮ ᠲᠣᠭᠤᠷᠢᠭ | ᠲᠠᠪᠤᠳᠤᠭᠠᠷ ᠪᠠᠭ᠎ᠠ ᠰᠤᠷᠭᠠᠭᠤᠯᠢ ᠲᠠᠢ ᠬᠠᠮᠲᠤᠷᠠᠨ ᠯᠸᠢ ᠹᠧᠩ ᠠᠴᠠ ᠰᠣᠷᠣᠯᠴᠠᠬᠤ ᠰᠠᠶᠢᠨ ᠳᠤᠷ᠎ᠠ ᠶᠢᠨ ᠦᠢᠯᠡᠴᠢᠯᠡᠭᠡᠨ ᠤ | ᠠᠵᠢᠯᠯᠠᠭ᠎ᠠ ᠥᠷᠨᠢᠭᠦᠯᠪᠡ᠃ | ᠠᠵᠢᠯᠯᠠᠭ᠎ᠠ ᠶᠢᠨ ᠳᠤᠮᠳᠠ᠂ ᠰᠤᠷᠤᠭᠴᠢᠳ ᠶᠡᠷᠦ ᠪᠤᠰᠤ ᠶᠢᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠶᠢ | ᠣᠷᠭᠢᠯᠤᠮ᠎ᠠ ᠬᠠᠯᠠᠭᠤᠨ ᠰᠡᠳᠬᠢᠯᠭᠡ ᠪᠠᠷ ᠡᠬᠢᠯᠡᠭᠦᠯᠪᠡ᠃ | ᠨᠡᠶᠢᠭᠡᠮ ᠲᠣᠭᠤᠷᠢᠭ ᠤᠨ ᠨᠣᠮ ᠪᠢᠴᠢᠭ ᠤᠨ ᠲᠠᠰᠤᠭ ᠲᠤ᠂ ᠤᠯᠠᠨ ᠢᠶᠠᠷ ᠢᠶᠠᠨ ᠳᠤᠷᠠᠲᠠᠢ ᠨᠣᠮ ᠪᠢᠴᠢᠭ ᠢᠶᠠᠨ ᠡᠷᠢᠨ | ᠣᠯᠵᠤ᠂ ᠨᠠᠮ ᠵᠢᠮ ᠢᠶᠠᠷ ᠨᠣᠮ ᠤᠩᠰᠢᠵᠤ᠂ ᠮᠡᠳᠡᠯᠭᠡ ᠶᠢᠨ ᠲᠠᠯᠠᠢ ᠲᠠᠩᠭᠢᠰ ᠲᠤ ᠰᠣᠭᠲᠣᠭᠤᠷᠠᠵᠤ᠂ ᠤᠩᠰᠢᠯᠭ᠎ᠠ ᠶᠢᠨ | ᠪᠠᠶᠠᠷ ᠪᠠᠭ᠋ᠠᠳᠤᠯ ᠢ ᠡᠳ᠋ᠯᠡᠵᠦ ᠪᠠᠶᠢᠯ᠎ᠠ᠃ | ᠤᠩᠰᠢᠯᠭ᠎ᠠ ᠳᠠᠭᠤᠰᠤᠭᠰᠠᠨ ᠤ ᠳᠠᠷᠠᠭ᠎ᠠ᠂ ᠰᠤᠷᠤᠭᠴᠢᠳ ︽ᠪᠢᠴᠢᠬᠠᠨ ᠯᠸᠢ ᠹᠧᠩ︾ ᠪᠣᠯᠵᠣ᠂ ᠰᠠᠭᠤᠭᠠᠯᠢ | ᠠᠷᠠᠳ ᠤᠨ ᠪᠡᠶ᠎ᠡ ᠴᠢᠭᠢᠷᠠᠭᠵᠢᠭᠤᠯᠬᠤ ᠬᠥᠳᠡᠯᠭᠡᠭᠡᠨ ᠤ ᠲᠠᠰᠤᠭ᠂ ᠺᠢᠨᠣ᠋ ᠶᠢᠨ ᠥᠷᠥᠭᠡ ᠵᠡᠷᠭᠡ ᠭᠠᠵᠠᠷ ᠲᠤ ᠬᠦᠷᠴᠦ᠂ | ᠱᠦᠭᠦᠷ᠂ ᠵᠦᠯᠭᠦᠭᠦᠷ ᠵᠡᠷᠭᠡ ᠠᠷᠢᠭᠤᠨ ᠴᠡᠪᠡᠷ ᠤᠨ ᠪᠠᠭᠠᠵᠢ ᠬᠡᠷᠡᠭᠰᠡᠯ ᠢᠶᠠᠨ ᠠᠪᠴᠤ ᠬᠥᠷ ᠬᠥᠭᠵᠢᠶᠡᠨ ᠲᠠᠢ ᠠᠵᠢᠯᠯᠠᠪᠠ᠃ | | ᠬᠤᠲᠠ ᠶᠢᠨ ᠠᠷᠠᠳ ᠤᠨ ᠶᠠᠪᠤᠳᠠᠯ ᠤᠨ ᠦᠢᠯᠡᠰ ᠤᠨ ᠬᠥᠭᠵᠢᠯᠲᠡ ᠶᠢᠨ ᠲᠥᠪ ᠲᠤ ᠢᠷᠡᠵᠤ᠂ ᠰᠤᠷᠤᠭᠴᠢᠳ ᠴᠣᠪᠣᠭᠤ | ᠳᠡᠭᠵᠢᠨ ᠲᠠᠭᠤᠨ ᠢᠶᠠᠷ ᠨᠠᠰᠤᠲᠠᠶᠢᠴᠤᠳ ᠲᠤ ︽ᠡᠵᠢ︾ ᠭᠡᠬᠦ ᠳᠠᠭᠤᠤ ᠶᠢ ᠬᠦᠷᠭᠡᠪᠡ᠃ ᠳᠠᠷᠠᠭ᠎ᠠ ᠨᠢ᠂ ᠣᠯᠠᠨ ᠢᠶᠠᠷ ᠢᠶᠠᠨ | ᠦᠳᠲᠡᠷ ᠲᠦᠷᠭᠡᠨ ᠢᠶᠠᠷ ᠠᠵᠢᠯᠴᠢ ᠬᠥᠳᠡᠯᠮᠦᠷᠢᠴᠢ ︽ᠵᠢᠵᠢᠭ ᠵᠥᠭᠡᠶ︾ ᠪᠣᠯᠵᠣ᠂ ᠬᠤᠶᠢᠨ᠎ᠠ ᠬᠤᠶᠢᠨ᠎ᠠ ᠠᠴᠠ ᠪᠠᠨ | ᠠᠷᠢᠭᠤᠨ ᠴᠡᠪᠡᠷ ᠤᠨ ᠪᠠᠭᠠᠵᠢ ᠪᠠᠨ ᠪᠠᠷᠢᠵᠤ᠂ ᠴᠡᠪᠡᠷᠯᠡᠭᠡ ᠬᠢᠵᠦ ᠡᠬᠢᠯᠡᠪᠡ᠃ ᠲᠡᠳᠡ ᠥᠨᠴᠥᠭ ᠪᠤᠯᠤᠩ ᠦᠯᠡᠳᠡᠭᠡᠬᠦ ᠦᠭᠡᠶ | ᠪᠠᠶᠢᠵᠤ᠂ ᠨᠠᠰᠤᠲᠠᠶᠢᠴᠤᠳ ᠤᠨ ᠠᠮᠢᠳᠤᠷᠠᠯ ᠤᠨ ᠣᠷᠣᠨ ᠵᠠᠶ ᠶᠢ ᠴᠡᠪᠡᠷ ᠲᠡᠭᠰᠢ ᠪᠠᠶᠢᠯᠭᠠᠬᠤ ᠪᠠᠷ ᠴᠢᠷᠮᠠᠶᠢᠪᠠ᠃ ᠵᠠᠷᠢᠮ | ᠡᠮᠡᠭᠲᠡᠢ ᠰᠤᠷᠤᠭᠴᠢᠳ ᠪᠠᠰᠠ ᠰᠠᠮ ᠠᠪᠴᠤ ᠨᠠᠰᠤᠲᠠᠳ ᠤᠨ ᠭᠡᠵᠢᠭᠡ ᠶᠢ ᠨᠢ ᠶᠠᠩᠵᠣᠯᠠᠵᠦ᠂ ᠨᠠᠰᠤᠲᠠᠶᠢᠴᠤᠳ ᠤᠨ | ᠴᠢᠷᠠᠢ ᠳᠤ ᠪᠠᠶᠠᠷ ᠪᠠᠶᠠᠰᠬᠤᠯᠠᠩ ᠲᠠᠢ ᠢᠨᠢᠶᠡᠮᠰᠦᠭᠯᠡᠯ ᠢᠯᠡᠷᠡᠵᠦ᠂ ᠬᠠᠶᠢᠷ᠎ᠠ ᠬᠠᠯᠠᠮᠵᠢ ᠶᠢ ᠡᠳ᠋ᠯᠡᠵᠦ ᠪᠠᠶᠢᠯ᠎ᠠ᠃ | ᠡᠷᠢᠶᠡᠨ ᠬᠤᠲᠠ ᠶᠢᠨ ᠲᠠᠪᠤᠳᠤᠭᠠᠷ ᠪᠠᠭ᠎ᠠ ᠰᠤᠷᠭᠠᠭᠤᠯᠢ ᠶᠢᠨ ᠰᠤᠷᠤᠭᠴᠢ ᠢᠳᠡᠷ᠄ ︽ᠡᠨᠡ ᠤᠳᠠᠭ᠎ᠠ ᠯᠧᠢ ᠹᠧᠩ ᠠᠴᠠ | ᠰᠤᠷᠤᠯᠴᠠᠬᠤ ᠠᠵᠢᠯᠯᠠᠭ᠎ᠠ ᠨᠢ ᠨᠠᠳᠠ ᠳᠤ ᠠᠪᠴᠤ ᠬᠡᠯᠡᠪᠡᠯ ᠵᠥᠪᠬᠡᠨ ᠨᠢᠭᠡ ᠤᠳᠠᠭᠠᠨ ᠤ ᠳᠥᠬᠦᠮᠬᠡᠨ ᠨᠡᠢᠭᠡᠮ ᠤᠨ | ᠦᠢᠯᠡᠳᠦᠯᠭᠡ ᠲᠡᠳᠦᠢ ᠪᠢᠰᠢ᠂ ᠯᠧᠢ ᠹᠧᠩ ᠤᠨ ᠵᠣᠷᠢᠭ ᠰᠠᠨᠠᠭ᠎ᠠ ᠨᠢ ᠪᠢᠳᠡᠨ ᠠᠴᠠ ᠬᠤᠯᠠ ᠪᠢᠰᠢ᠂ ᠲᠡᠷᠡ ᠨᠢ ᠪᠢᠳᠡᠨ ᠤ | ᠬᠠᠵᠠᠭᠤ ᠳᠤ᠂ ᠵᠢᠵᠢᠭ ᠰᠠᠵᠢᠭ ᠦᠢᠯᠡ ᠠᠵᠢᠯᠯᠠᠭ᠎ᠠ ᠨᠢᠭᠡᠪᠦᠷᠢ ᠳᠤ ᠢᠯᠡᠷᠡᠵᠦ ᠪᠠᠢᠨ᠎ᠠ︾ ᠭᠡᠵᠦ ᠬᠡᠯᠡᠪᠡ᠃ | ᠭᠤᠷᠪᠠᠨ ᠰᠠᠷ᠎ᠠ ᠶᠢᠨ ᠬᠠᠪᠤᠷ ᠤᠨ ᠰᠠᠯᠬᠢ ᠬᠥᠮᠦᠨ ᠤ ᠰᠡᠳᠭᠢᠯ ᠢ ᠳᠣᠯᠠᠭᠠᠴᠠᠭᠤᠯᠣᠨ᠎ᠠ︕ ᠯᠧᠢ ᠹᠧᠩ ᠤᠨ ᠵᠣᠷᠢᠭ | ᠰᠠᠨᠠᠭ᠎ᠠ ᠶᠢ ᠦᠶ᠎ᠡ ᠶᠢᠨ ᠦᠶ᠎ᠡ ᠣᠯᠠᠮᠵᠢᠯᠠᠨ᠎ᠠ᠂ ᠪᠢᠲᠠ ᠬᠠᠮᠲᠤ ᠪᠠᠷ ᠬᠦᠢᠲᠠᠯᠣᠯᠴᠠᠵᠤ ᠯᠧᠢ ᠹᠧᠩ ᠤᠨ ᠵᠣᠷᠢᠭ ᠰᠠᠨᠠᠭ᠎ᠠ ᠶᠢ | ᠣᠢᠢᠯᠠᠲᠣᠯᠭᠡᠵᠢᠭᠦᠯᠵᠤ᠂ ᠯᠧᠢ ᠹᠧᠩ ᠤᠨ ᠵᠣᠷᠢᠭ ᠰᠠᠨᠠᠭ᠎ᠠ ᠶᠢ ᠨᠢᠭᠡᠨ ᠵᠦᠢᠯ ᠤᠨ ᠠᠮᠢᠲᠣᠷᠠᠯ ᠤᠨ ᠲᠠᠳᠬᠠᠯ ᠪᠤᠯᠭᠠᠵᠤ᠂ | ᠣᠯᠠᠮᠵᠢᠯᠠᠨ ᠵᠠᠯᠭᠠᠮᠵᠢᠯᠠᠬᠤ ᠬᠡᠷᠡᠭᠳᠠᠢ᠃ | |