ᠬᠤᠲᠠ ᠶᠢᠨ ᠨᠠᠮ ᠤᠨ ᠬᠤᠷᠢᠶᠠᠨ ᠤ ︽ᠬᠤᠶᠠᠷ ᠰᠢᠨ᠎ᠡ︾ ᠠᠵᠢᠯ ᠤᠨ ᠬᠤᠷᠢᠶ᠎ᠠ 2025 ᠣᠨ ᠤ ᠠᠩᠬᠠᠳᠤᠭᠠᠷ ᠪᠥᠬᠦᠳᠡ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2025/4/27
       4 ᠰᠠᠷ᠎ᠠ ᠶᠢᠨ 25 ᠤ ᠡᠳᠦᠷ᠂ ᠬᠤᠲᠠ ᠶᠢᠨ ᠨᠠᠮ ᠤᠨ ᠬᠤᠷᠢᠶ᠎ᠠ ᠶᠢᠨ ︽ᠬᠤᠶᠠᠷ ᠰᠢᠨ᠎ᠡ︾ ᠠᠵᠢᠯ ᠤᠨ ᠬᠤᠷᠢᠶ᠎ᠠ 2025 ᠣᠨ ᠤ ᠨᠢᠭᠡᠳᠦᠭᠡᠷ ᠤᠳᠠᠭᠠᠨ ᠤ ᠪᠥᠬᠦᠳᠡ ᠬᠤᠷᠠᠯ ᠬᠤᠷᠠᠯᠳᠤᠭᠤᠯᠵᠤ᠂ ᠶᠡᠷᠦᠩᠬᠡᠶ ᠱᠦᠵᠢ ᠰᠢ ᠶᠢᠨ ᠫᠢᠩ ᠤᠨ ᠨᠡᠶᠢᠭᠡᠮ ᠤᠨ ᠠᠵᠢᠯ ᠤᠨ ᠲᠤᠬᠠᠶ ᠴᠢᠬᠤᠯᠠ ᠥᠭᠦᠯᠡᠯᠲᠡ᠂ ᠰᠢᠨ᠎ᠡ ᠪᠠᠷ ᠬᠥᠭᠵᠢᠭᠰᠡᠨ ᠬᠦᠷᠢᠶᠡᠨ ᠳᠠᠬᠢ ᠨᠠᠮ ᠤᠨ ᠪᠠᠶᠢᠭᠤᠯᠤᠯᠲᠠ ᠶᠢᠨ ᠠᠵᠢᠯ ᠤᠨ ᠲᠤᠬᠠᠶ ᠴᠢᠬᠤᠯᠠ ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠶ ᠰᠤᠷᠤᠯᠴᠠᠨ ᠲᠤᠭᠤᠰᠢᠯᠠᠭᠤᠯᠵᠤ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠠᠶᠢᠮᠠᠭ ᠤᠨ ᠨᠠᠮ ᠤᠨ ᠬᠤᠷᠢᠶ᠎ᠠ᠂ ᠬᠤᠲᠠ ᠶᠢᠨ ᠨᠠᠮ ᠤᠨ ᠬᠤᠷᠢᠶ᠎ᠠ ᠶᠢᠨ ᠬᠠᠮᠢᠶ᠎ᠠ ᠪᠥᠬᠦᠶ ᠬᠤᠷᠠᠯ ᠤᠨ ᠵᠣᠷᠢᠭ ᠰᠠᠨᠠᠭ᠎ᠠ ᠶᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠪᠥᠬᠦ ᠬᠤᠲᠠ ᠶᠢᠨ ᠰᠢᠨ᠎ᠡ ᠪᠠᠷ ᠬᠥᠭᠵᠢᠭᠰᠡᠨ ᠬᠦᠷᠢᠶᠡᠨ ᠳᠠᠬᠢ ᠨᠠᠮ ᠤᠨ ᠪᠠᠶᠢᠭᠤᠯᠤᠯᠲᠠ ᠶᠢᠨ ᠠᠵᠢᠯ ᠢ ᠰᠤᠳᠤᠯᠤᠨ ᠪᠠᠶᠢᠷᠢᠯᠠᠭᠤᠯᠪᠠ᠃      ᠬᠤᠷᠠᠯ ᠠᠴᠠ᠂ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢ᠂ ᠨᠠᠮ ᠤᠨ ᠲᠥᠪ ᠬᠤᠷᠢᠶ᠎ᠠ ᠨᠡᠶᠢᠭᠡᠮ ᠤᠨ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠶᠡᠷᠦᠩᠬᠡᠢ ᠱᠦᠵᠢ ᠰᠢ ᠶᠢᠨ ᠫᠢᠩ ᠤᠨ ᠰᠢᠷᠢᠰ ᠴᠢᠬᠤᠯᠠ ᠥᠭᠦᠯᠡᠯᠲᠡ ᠨᠢ ᠰᠢᠨ᠎ᠡ ᠪᠠᠷ ᠮᠠᠨᠳᠤᠭᠰᠠᠨ ᠬᠦᠷᠢᠶᠡᠨ ᠤ ᠨᠠᠮ ᠤᠨ ᠪᠠᠶᠢᠭᠤᠯᠤᠯᠲᠠ ᠳᠤ ᠴᠢᠭᠯᠡᠯ ᠢ ᠲᠣᠳᠣᠷᠬᠠᠢ ᠵᠢᠭᠠᠵᠤ ᠥᠭᠴᠡᠢ᠃ ᠡᠯ᠎ᠡ ᠰᠠᠯᠠᠭ᠎ᠠ ᠮᠥᠴᠢᠷ ᠨᠢᠭᠡᠴᠡ ᠨᠦᠭᠦᠳ ᠤᠯᠤᠰ ᠲᠥᠷᠥ ᠶᠢᠨ ᠵᠣᠭᠰᠣᠴᠠ ᠪᠠᠨ ᠳᠡᠭᠡᠭᠰᠢᠯᠡᠭᠦᠯᠵᠦ᠂ ᠦᠵᠡᠯ ᠰᠠᠨᠠᠭᠠᠨ ᠤ ᠬᠠᠮᠲᠤ ᠶᠢᠨ ᠲᠠᠨᠢᠯᠲᠠ ᠪᠠᠨ ᠨᠢᠭᠲᠠᠷᠠᠭᠤᠯᠤᠨ᠂ ᠰᠢᠨ᠎ᠡ ᠪᠠᠷ ᠬᠥᠭᠵᠢᠭᠰᠡᠨ ᠬᠦᠷᠢᠶᠡᠨ ᠳᠠᠬᠢ ᠨᠠᠮ ᠤᠨ ᠪᠠᠶᠢᠭᠤᠯᠤᠯᠲᠠ ᠶᠢᠨ ᠠᠵᠢᠯ ᠢ ᠰᠠᠶᠢᠲᠤᠷ ᠬᠢᠬᠦ ᠬᠠᠷᠢᠭᠤᠴᠠᠯᠭᠠᠲᠤ ᠰᠡᠳᠬᠢᠯᠭᠡ ᠪᠠ ᠡᠭᠦᠷᠭᠡᠲᠦ ᠰᠡᠳᠬᠢᠯᠭᠡ ᠪᠠᠨ ᠦᠨᠡᠨᠬᠦ ᠴᠢᠩᠭᠠᠳᠬᠠᠵᠤ᠂ ︽ᠰᠢᠨ᠎ᠡ︾ ᠪᠠᠶᠢᠬᠤ ᠶᠢ ᠲᠣᠳᠣᠷᠬᠠᠶᠢᠯᠠᠬᠤ ᠶᠢᠨ ᠲᠣᠭᠤᠷᠢᠨ ᠳᠤ ︽ᠬᠦᠴᠢᠷᠳᠡᠯ︾ ᠬᠠᠮᠢᠭ᠎ᠠ ᠪᠠᠶᠢᠬᠤ ᠶᠢ ᠲᠣᠳᠣᠷᠬᠠᠶᠢᠯᠠᠬᠤ ᠶᠢᠨ ᠲᠣᠭᠤᠷᠢᠨ ᠳᠤ᠂ ᠰᠢᠨ᠎ᠡ ᠪᠠᠷ ᠬᠥᠭᠵᠢᠭᠰᠡᠨ ᠬᠦᠷᠢᠶᠡᠨ ᠳᠠᠬᠢ ᠡᠯ᠎ᠡ ᠲᠥᠷᠥᠯ ᠤᠨ ᠵᠣᠬᠢᠶᠠᠨ ᠪᠠᠶᠢᠭᠤᠯᠤᠯᠲᠠ ᠶᠢᠨ ᠡᠷᠡᠭᠦᠯ ᠢᠶᠠᠷ ᠬᠥᠭᠵᠢᠬᠦ ᠶᠢ ᠬᠥᠲᠥᠯᠦᠨ ᠵᠢᠯᠣᠭᠤᠳᠴᠤ ᠠᠬᠢᠭᠤᠯᠬᠤ ᠬᠡᠷᠡᠭᠲᠡᠶ᠃ ᠭᠡᠰᠢᠭᠦᠨ ᠨᠢᠭᠡᠴᠡ᠂ ᠠᠵᠢᠯ ᠲᠥᠷᠥᠯ ᠤᠨ ᠰᠠᠯᠠᠭ᠎ᠠ ᠮᠥᠴᠢᠷ ᠤᠨ ᠦᠢᠯᠡᠳᠦᠯ ᠢ ᠦᠨᠡᠨᠬᠦ ᠰᠠᠶᠢᠲᠤᠷ ᠪᠠᠳᠠᠷᠠᠭᠤᠯᠵᠤ᠂ ᠡᠭᠦᠷᠭᠡ ᠬᠠᠷᠢᠭᠤᠴᠠᠯᠭ᠎ᠠ ᠶᠢᠨ ᠨᠠᠷᠢᠨ ᠬᠠᠭᠤᠳᠠᠰᠤ ᠲᠠᠢ ᠬᠠᠷᠢᠴᠠᠭᠤᠯᠤᠨ᠂ ᠨᠠᠶᠢᠳᠠᠪᠤᠷᠢᠵᠢᠭᠤᠯᠤᠯᠲᠠ ᠶᠢ ᠵᠦᠢᠯ ᠳᠠᠷᠠᠭᠠᠯᠠᠨ ᠰᠠᠶᠢᠲᠤᠷ ᠠᠳᠬᠤᠬᠤ ᠬᠡᠷᠡᠭᠲᠡᠶ᠃ ᠭᠤᠣᠯᠳᠠᠯᠭ᠎ᠠ ᠲᠠᠢ ᠡᠭᠦᠷᠭᠡ ᠶᠢ ᠡᠵᠡᠮᠳᠡᠵᠦ᠂ ︽ᠰᠢᠨ᠎ᠡ︾ ᠪᠠᠶᠢᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ᠦᠨᠳᠦᠰᠦᠨ ᠱᠠᠲᠤᠨ ᠤ ᠰᠠᠭᠤᠷᠢ ᠶᠢ ᠪᠠᠬᠢᠵᠢᠭᠦᠯᠵᠦ᠂ ᠤᠯᠤᠰ ᠲᠦᠷᠦ ᠪᠠᠷ ᠬᠦᠳᠦᠯᠦᠨ ᠳᠠᠭᠠᠭᠤᠯᠬᠤ ᠶᠢ ᠴᠢᠩᠭᠠᠳᠬᠠᠵᠤ᠂ ᠰᠢᠨ᠎ᠡ ᠪᠠᠷ ᠮᠠᠨᠳᠤᠭᠰᠠᠨ ᠬᠦᠷᠢᠶᠡᠨ ᠤ ᠵᠣᠬᠢᠶᠠᠨ ᠪᠠᠶᠢᠭᠤᠯᠤᠯᠲᠠ ᠶᠢ ᠭᠦᠨᠵᠡᠭᠡᠢ ᠪᠠᠶᠢᠴᠠᠭᠠᠨ ᠣᠶᠢᠯᠠᠭᠠᠵᠤ᠂ ᠨᠠᠮ ᠤᠨ ᠵᠣᠬᠢᠶᠠᠨ ᠪᠠᠶᠢᠭᠤᠯᠤᠯᠲᠠ ᠪᠣᠯᠤᠨ ᠠᠵᠢᠯ ᠤᠨ ᠪᠦᠷᠬᠦᠴᠡ ᠶᠢ ᠲᠠᠰᠤᠷᠠᠯᠲᠠ ᠦᠭᠡᠢ ᠥᠷᠭᠡᠳᠬᠡᠬᠦ ᠬᠡᠷᠡᠭᠲᠡᠢ︔ ︽ᠬᠦᠴᠢᠷᠳᠡᠯ︾ ᠢ ᠬᠠᠮᠢᠭ᠎ᠠ ᠲᠥᠪᠯᠡᠷᠡᠭᠦᠯᠬᠦ ᠳᠤ ᠠᠩᠬᠠᠷᠤᠯ ᠢᠶᠠᠨ ᠲᠥᠪᠯᠡᠷᠡᠭᠦᠯᠵᠦ᠂ ᠠᠷᠭ᠎ᠠ ᠪᠤᠳᠤᠯᠭ᠎ᠠ ᠶᠢ ᠤᠨᠢᠨ ᠳᠡᠭᠡᠷ᠎ᠡ ᠨᠢ ᠬᠡᠷᠡᠭᠵᠢᠭᠦᠯᠵᠦ᠂ ᠰᠢᠨ᠎ᠡ ᠪᠠᠷ ᠮᠠᠨᠳᠤᠭᠰᠠᠨ ᠬᠦᠷᠢᠶᠡᠨ ᠤ ᠨᠠᠮ ᠤᠨ ᠵᠣᠬᠢᠶᠠᠨ ᠪᠠᠶᠢᠭᠤᠯᠤᠯᠲᠠ ᠳᠤ ᠲᠤᠯᠭᠠᠷᠠᠵᠤ ᠪᠠᠶᠢᠭ᠎ᠠ ᠦᠵᠡᠯ ᠰᠠᠨᠠᠭ᠎ᠠ ᠨᠢᠭᠲᠠᠷᠠᠬᠤ᠂ ᠠᠰᠢᠭ ᠲᠤᠰᠠ ᠶᠢ ᠵᠣᠬᠢᠴᠠᠭᠤᠯᠬᠤ᠂ ᠰᠤᠷᠭᠠᠨ ᠬᠥᠮᠦᠵᠢᠯ ᠤᠨ ᠬᠠᠮᠢᠶᠠᠷᠤᠯᠲᠠ᠂ ᠦᠢᠯᠡᠳᠦᠯ ᠢ ᠪᠠᠳᠠᠷᠠᠭᠤᠯᠬᠤ ᠵᠡᠷᠭᠡ ᠬᠦᠴᠢᠷ ᠠᠰᠠᠭᠤᠳᠠᠯ ᠢ ᠰᠢᠢᠳᠪᠦᠷᠢᠯᠡᠵᠦ᠂ ᠨᠠᠮ ᠤᠨ ᠵᠣᠬᠢᠶᠠᠨ ᠪᠠᠶᠢᠭᠤᠯᠤᠯᠲᠠ ᠶᠢᠨ ᠤᠯᠤᠰ ᠲᠦᠷᠦ ᠶᠢᠨ ᠴᠢᠳᠠᠮᠵᠢ ᠪᠣᠯᠤᠨ ᠵᠣᠬᠢᠶᠠᠨ ᠪᠠᠶᠢᠭᠤᠯᠤᠯᠲᠠ ᠶᠢᠨ ᠴᠢᠳᠠᠮᠵᠢ ᠶᠢ ᠳᠡᠭᠡᠭᠰᠢᠯᠡᠭᠦᠯᠬᠦ ᠬᠡᠷᠡᠭᠲᠡᠢ︔ ︽ᠨᠠᠶᠢᠳᠠᠪᠤᠷᠢᠵᠢᠭᠤᠯᠬᠤ︾ ᠳᠡᠭᠡᠷ᠎ᠡ ᠠᠩᠬᠠᠷᠤᠯ ᠢᠶᠠᠨ ᠲᠥᠪᠯᠡᠷᠡᠭᠦᠯᠵᠦ᠂ ᠰᠢᠨ᠎ᠡ ᠪᠠᠷ ᠮᠠᠨᠳᠤᠭᠰᠠᠨ ᠬᠦᠷᠢᠶᠡᠨ ᠤ ᠠᠵᠢᠯ ᠡᠷᠬᠢᠯᠡᠭᠰᠡᠳ ᠤᠨ ᠢᠳᠡᠪᠬᠢᠵᠢᠯ ᠢ ᠳᠠᠶᠢᠴᠢᠯᠠᠵᠤ᠂ ᠬᠠᠮᠲᠤᠪᠠᠷ ᠪᠠᠶᠢᠭᠤᠯᠵᠤ ᠬᠠᠮᠲᠤᠪᠠᠷ ᠵᠠᠰᠠᠵᠤ ᠬᠠᠮᠲᠤᠪᠠᠷ ᠡᠳ᠋ᠯᠡᠬᠦ ᠨᠡᠶᠢᠭᠡᠮ ᠤᠨ ᠵᠠᠰᠠᠯᠲᠠ ᠶᠢᠨ ᠪᠠᠶᠢᠷᠢᠰᠢᠯ ᠢ ᠪᠠᠶᠢᠭᠤᠯᠵᠤ᠂ ᠰᠢᠨ᠎ᠡ ᠪᠠᠷ ᠮᠠᠨᠳᠤᠭᠰᠠᠨ ᠬᠥᠮᠦᠰ ᠤᠨ ᠪᠠᠴᠢᠮ ᠬᠦᠴᠢᠷ ᠠᠰᠠᠭᠤᠳᠠᠯ ᠢ ᠰᠢᠢᠳᠪᠦᠷᠢᠯᠡᠬᠦ ᠬᠡᠷᠡᠭᠲᠡᠢ᠃ ᠨᠠᠮ ᠤᠨ ᠪᠠᠶᠢᠭᠤᠯᠤᠯᠲᠠ ᠶᠢᠨ ᠲᠦᠷᠦᠯ ᠲᠡᠮᠳᠡᠭ ᠤᠨ ᠰᠡᠳᠬᠢᠯ ᠢᠶᠠᠨ ᠨᠢᠭᠡᠳᠬᠡᠨ ᠬᠦᠴᠦ ᠪᠠᠨ ᠬᠠᠮᠲᠤᠳᠬᠠᠬᠤ ᠶᠢ ᠠᠬᠢᠭᠤᠯᠵᠤ᠂ ᠰᠠᠯᠠᠭ᠎ᠠ ᠮᠥᠴᠢᠷ ᠤᠨ ᠨᠠᠮ ᠤᠨ ᠪᠠᠶᠢᠭᠤᠯᠤᠯᠲᠠ ᠶᠢᠨ ᠲᠦᠷᠦᠯ ᠲᠡᠮᠳᠡᠭ ᠢ ᠡᠭᠦᠳᠦᠨ ᠪᠠᠶᠢᠭᠤᠯᠬᠤ ᠡᠷᠴᠢᠮ ᠢᠶᠠᠨ ᠴᠢᠩᠭᠠᠷᠠᠭᠤᠯᠵᠤ᠂ ᠬᠦᠳᠦᠯᠦᠨ ᠳᠠᠭᠠᠭᠤᠯᠬᠤ ᠦᠢᠯᠡᠳᠦᠯ ᠪᠣᠯᠤᠨ ᠪᠥᠭᠡᠭᠡᠨᠡᠷᠡᠯ ᠤᠨ ᠦᠢᠯᠡᠳᠦᠯ ᠢ ᠪᠠᠳᠠᠷᠠᠭᠤᠯᠬᠤ ᠬᠡᠷᠡᠭᠲᠡᠢ᠃
 
ᠢᠷᠡᠯᠲᠡ᠄ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号