ᠴᠢᠩᠭᠢᠰ ‍ᠣᠨ‌ᠠᠯᠲᠠᠨ ᠰᠣᠷᠭᠠᠯ  ᠠᠴᠠ
ᠨᠡᠶᠢᠲᠡᠯᠡᠭᠰᠡᠨ ᠴᠠᠭ᠄
2018/3/28
ᠴᠢᠩᠭᠢᠰ ‍ᠣᠨ‌ᠠᠯᠲᠠᠨ ᠰᠣᠷᠭᠠᠯ  ᠠᠴᠠᠠᠯᠳᠠ ᠪᠡᠶ᠎ᠡ ᠮᠢᠨᠢ ᠠᠯᠵᠢᠶᠠᠪᠠᠰᠤ ᠠᠯᠵᠢᠶᠠᠲᠤᠭᠠᠢ         ᠠᠬᠤ ᠲᠦᠷᠦ ᠮᠢᠨᠤ ᠪᠤᠤ ᠠᠯᠳᠠᠷᠲᠤᠭᠠᠢ          ᠪᠦᠲᠦᠨ ᠪᠡᠶ᠎ᠡ ᠮᠢᠨᠢ ᠵᠤᠪᠠᠪᠠᠰᠤ ᠵᠤᠪᠠᠲᠤᠭᠠᠢ        ᠪᠦᠷᠢᠨ ᠤᠯᠤᠰ ᠮᠢᠨᠤ ᠪᠤᠤ ᠰᠠᠳᠠᠷᠲᠤᠭᠠᠢ᠃                  ᠪᠦᠯᠬᠦᠮᠳᠡᠨ ᠨᠢᠭᠲᠠᠷᠠᠪᠠᠰᠤ ᠭᠦᠴᠦᠷᠭᠡᠭᠵᠢᠨ᠎ᠡ          ᠬᠠᠭᠠᠴᠠᠨ ᠰᠠᠯᠪᠠᠰᠤ ᠰᠦᠨᠦᠮᠦᠢ᠃          ᠪᠡᠶ᠎ᠡ ᠪᠠᠨ ᠵᠠᠰᠠᠵᠤ ᠴᠢᠳᠠᠪᠠᠰᠤ ᠭᠡᠷ ᠢᠶᠠᠨ ᠵᠠᠰᠠᠵᠤ ᠴᠢᠳᠠᠮᠤᠢ       ᠬᠡᠷ ᠢᠶᠠᠨ ᠵᠠᠰᠠᠵᠤ ᠴᠢᠳᠠᠪᠠᠰᠤ ᠤᠯᠤᠰ ᠢᠶᠠᠨ ᠵᠠᠰᠠᠵᠤ ᠴᠢᠳᠠᠮᠤᠢ᠃        ᠦᠪᠡᠷ ᠤᠨ ᠪᠡᠶ᠎ᠡ ᠶᠢ ᠤᠬᠠᠭᠠᠷᠠᠨ ᠮᠡᠳᠡᠪᠡᠰᠤ         ᠦᠭᠡᠷ᠎ᠡ ᠪᠤᠰᠤᠳ ᠢ ᠲᠤᠯᠢᠳᠠᠵᠤ ᠴᠢᠳᠠᠮᠤᠢ        ᠪᠡᠶ᠎ᠡ ᠪᠦᠭᠡ ᠪᠦᠭᠡᠰᠦ ᠭᠠᠭᠴᠠ ᠶᠢ ᠢᠯᠠᠶᠤ         ᠰᠡᠳᠬᠢᠯ ᠪᠦᠭᠡ ᠪᠤᠯᠪᠠᠰᠤ ᠤᠯᠠᠨ ᠢ ᠢᠯᠠᠶᠤ᠃        ᠦᠨᠢᠷ ᠬᠦᠮᠦᠨ ᠡᠪ ᠦᠭᠡᠢ ᠪᠤᠯᠪᠠᠰᠤ      ᠦᠨᠦᠴᠢᠨ ᠬᠦᠮᠦᠨ ᠤ ᠡᠯᠡᠭ ᠪᠤᠯᠬᠤ       ᠤᠯᠠᠨ ᠬᠦᠮᠦᠨ ᠡᠪ ᠦᠭᠡᠢ ᠪᠤᠯᠪᠠᠰᠤ         ᠤᠭᠤᠷᠴᠠᠭ ᠬᠦᠮᠦᠨ ᠤ ᠢᠳᠡᠰᠢ ᠪᠤᠯᠬᠤ᠃         ᠬᠤᠯᠠ ᠬᠡᠮᠡᠨ ᠪᠤᠤ ᠴᠦᠬᠦ ᠶᠠᠪᠤᠪᠠᠰᠤ ᠬᠦᠷᠦᠶᠦ        ᠬᠦᠨᠳᠦ ᠬᠡᠮᠡᠨ ᠪᠤᠤ ᠴᠦᠬᠦ ᠡᠷᠭᠦᠪᠡᠰᠦ ᠲᠠᠭᠠᠭᠠᠶᠤ᠃        ᠰᠠᠷᠠᠭᠤᠯ ᠤᠬᠠᠭᠠᠨ ᠠᠴᠠ ᠢᠯᠡᠬᠦᠦ         ᠰᠠᠶᠢᠨ ᠨᠦᠬᠦᠷ ᠪᠠᠶᠢᠳᠠᠭ ᠦᠭᠡᠢ         ᠮᠤᠩᠬᠠᠭ ᠬᠢᠯᠢᠩ ᠠᠴᠠ ᠢᠯᠡᠬᠦᠦ        ᠮᠠᠭᠤ ᠳᠠᠶᠢᠰᠦᠨ ᠪᠠᠶᠢᠳᠠᠭ ᠦᠭᠡᠢ᠃        ᠤᠯᠠᠨ ᠤ ᠲᠤᠳᠤᠷ᠎ᠠ ᠦᠭᠡ ᠪᠠᠨ ᠰᠢᠨᠵᠢ      ᠭᠠᠭᠴᠠᠭᠠᠷ ᠶᠠᠪᠤᠬᠤ ᠳᠤ ᠰᠡᠳᠬᠢᠯ ᠢᠶᠠᠨ ᠰᠢᠨᠵᠢ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号