| ᠡᠷᠢᠶᠠᠨ ᠬᠤᠲᠠ ᠶᠢᠨ ᠭᠠᠵᠠᠷ ᠤᠨ ᠪᠠᠶᠢᠴᠠ ᠳᠡᠭᠰᠢ᠂ ᠪᠠᠷᠠᠭᠤᠨ ᠡᠮᠣᠨ᠎ᠡ ᠠᠴᠠ ᠵᠡᠬᠦᠨ ᠬᠤᠶᠢᠰᠢ ᠪᠠᠨ | ᠬᠡᠯᠪᠡᠶᠢᠭᠰᠡᠨᠪᠠᠶᠢᠳᠠᠯ ᠲᠠᠢ᠂ ᠳᠠᠯᠠᠢ ᠶᠢᠨ ᠳᠦᠪᠰᠢᠨ ᠠᠴᠠ ᠳᠡᠭᠡᠭᠰᠢ ᠳᠣᠮᠳᠠᠴᠢ ᠡᠷᠬᠦᠳᠡᠴᠡ ᠨᠢ 932.2 ᠮᠧᠲᠷ᠃ | ᠭᠠᠵᠠᠷ ᠤᠨ ᠭᠠᠳᠠᠷᠭᠤ ᠳᠡᠭᠡᠷ᠎ᠡ ᠭᠤᠣᠯ ᠤᠨ ᠣᠷᠣᠰᠬᠠᠯ ᠪᠠᠶᠢᠬᠤ ᠦᠭᠡᠢ᠂ ᠭᠠᠵᠠᠷ ᠳᠣᠣᠭᠤᠷ ᠡᠷᠳᠡᠨ ᠤ ᠭᠤᠣᠯ ᠤᠨ | ᠭᠤᠯᠳᠣᠷᠢᠯ ᠬᠢᠯᠢ ᠰᠣᠨᠳᠠᠯᠠᠨ ᠦᠩᠭᠡᠷᠡᠵᠣ ᠪᠠᠶᠢᠨ᠎ᠠ᠃ ᠡᠷᠢᠶᠡᠨ ᠬᠤᠲᠠ ᠨᠢ ᠰᠡᠷᠢᠬᠦᠨ ᠪᠦᠰᠡᠨ ᠤ ᠡᠬᠡ ᠭᠠᠵᠠᠷ ᠤᠨ | ᠴᠢᠨᠠᠷᠳᠠᠢ ᠣᠯᠠᠷᠢᠯ ᠤᠨ ᠰᠠᠯᠬᠢᠨ ᠤ ᠠᠭᠤᠷ ᠠᠮᠢᠰᠬᠤᠯ ᠪᠠ ᠭᠠᠩ ᠬᠠᠭᠤᠷᠠᠢ ᠳᠠᠴᠢᠷ ᠡᠯᠡᠰᠦᠷᠬᠡᠭ ᠲᠠᠯ᠎ᠠ | ᠨᠣᠳᠤᠭ ᠤᠨ ᠠᠭᠤᠷ ᠠᠮᠢᠰᠬᠤᠯ ᠳᠤ ᠪᠠᠭᠳᠠᠨ᠎ᠠ᠃ ᠬᠠᠪᠣᠷ ᠲᠠᠭᠠᠨ ᠭᠠᠩ ᠬᠠᠭᠤᠷᠠᠢ ᠳᠣᠨᠣᠳᠠᠰᠦ ᠴᠦᠬᠡᠨ᠂ ᠵᠣᠨ | ᠠᠭᠠᠬᠢᠮ᠎ᠠ ᠬᠠᠯᠠᠭᠤᠨ᠂ ᠨᠠᠮᠣᠷ ᠲᠠᠭᠠᠨ ᠳᠣᠩᠭᠠᠯᠠᠭ ᠰᠡᠷᠢᠬᠦᠨ᠂ ᠡᠪᠣᠯ ᠬᠠᠬᠢᠷ ᠬᠦᠢᠲᠡᠨ᠃ ᠵᠢᠯ ᠤᠨ ᠳᠣᠮᠳᠠᠴᠢ | ᠳᠣᠨᠣᠳᠠᠰᠣᠨ ᠤ ᠬᠡᠮᠵᠢᠶ᠎ᠡ 142mm᠂ ᠠᠭᠤᠷᠰᠢᠯᠳᠠ ᠶᠢᠨ ᠬᠡᠮᠵᠢᠶ᠎ᠡ 2684mm᠂ ᠬᠢᠷᠠᠭᠤ ᠦᠭᠡᠢ | ᠬᠤᠭᠤᠴᠠᠭ᠎ᠠ 90—120 ᠡᠳᠦᠷ᠂ ᠳᠣᠯᠠᠭᠠᠯᠭ᠎ᠠ ᠶᠢᠨ ᠬᠤᠭᠤᠴᠠᠭ᠎ᠠ 210 ᠡᠳᠦᠷ᠃ 2015 ᠣᠨ ᠤ | ᠳᠣᠨᠣᠳᠠᠰᠣᠨ ᠤ ᠬᠡᠮᠵᠢᠶ᠎ᠡ 136.6mm︔ 2016 ᠣᠨ ᠤ 1— 8 ᠰᠠᠷ᠎ᠠ ᠶᠢᠨ ᠬᠤᠭᠤᠴᠠᠭᠠᠨ ᠤ | ᠳᠣᠨᠣᠳᠠᠰᠣᠨ ᠤ ᠬᠡᠮᠵᠢᠶ᠎ᠡ151.5mm ᠬᠦᠷᠪᠡ᠃ | ᠪᠦᠬᠦ ᠬᠤᠲᠠ ᠶᠢᠨ ᠨᠣᠳᠤᠭ ᠪᠡᠯᠴᠢᠭᠡᠷ ᠤᠨ ᠶᠡᠷᠦᠩᠬᠡᠢ ᠳᠠᠯᠠᠪᠠᠢ 577 ᠳᠦᠮᠡᠨ ᠮᠦ᠂ ᠣᠢ ᠰᠢᠭᠤᠢ 25 | ᠳᠦᠮᠡᠨ ᠮᠦ᠂ ᠨᠣᠭᠤᠭᠠᠷᠠᠭᠤᠯᠣᠯᠳᠠ ᠶᠢᠨ ᠪᠦᠷᠬᠦᠴᠡ 36.5%᠃ ᠡᠷᠢᠶᠡᠨ ᠤ ᠪᠠᠶᠢᠭᠠᠯᠢᠭ ᠣᠷᠭᠤᠮᠠᠯ ᠲᠤ | ᠭᠤᠣᠯᠳᠠᠭᠤ ᠪᠣᠲᠠ᠂ ᠬᠠᠭᠠᠰ ᠪᠣᠳᠠᠯᠢᠭ ᠣᠷᠭᠤᠮᠠᠯ ᠪᠠ ᠡᠪᠡᠰᠦᠯᠢᠭ ᠣᠷᠭᠤᠮᠠᠯ ᠵᠡᠷᠭᠡ 40 ᠭᠠᠷᠣᠢ ᠲᠦᠷᠦᠯ | ᠪᠠᠶᠢᠵᠣ᠂ 18 ᠰᠠᠯᠠᠭ᠎ᠠ᠂ 35 ᠲᠦᠷᠦᠯ ᠳᠤ ᠬᠠᠷᠢᠶᠠᠯᠠᠭᠳᠠᠨ᠎ᠠ᠃ ᠭᠤᠣᠯᠳᠠᠭᠤ ᠭᠤᠪᠢ ᠶᠢᠨ ᠬᠢᠯᠭᠠᠨ᠎ᠠ᠂ ᠵᠢᠵᠢᠭ | ᠬᠢᠯᠭᠠᠨ᠎ᠠ᠂ ᠰᠣᠷ ᠦᠭᠡᠢ ᠬᠠᠵᠠᠭᠠᠷ ᠡᠪᠡᠰᠦ᠂ ᠰᠢᠷᠠᠯᠵᠢ᠂ ᠺᠠᠨᠪᠠ᠂ ᠴᠦᠯ ᠤᠨ ᠶᠦᠷᠬᠦᠭ᠂ ᠬᠤᠨᠢᠨ ᠰᠢᠪᠠᠭ᠂ | ᠳᠡᠷᠡᠰᠦ᠂ ᠰᠢᠷᠢᠬᠢ᠂ ᠬᠠᠷᠠᠮᠠᠭ᠂ ᠬᠢᠯᠭᠠᠨ᠎ᠠ᠂ ᠬᠦᠮᠦᠯᠢ ᠵᠡᠷᠭᠡ ᠣᠷᠭᠤᠮᠠᠯ ᠲᠠᠢ᠃ ᠡᠬᠦᠨ ᠳᠤ ᠦᠷᠬᠦᠯᠵᠢ | ᠬᠡᠷᠡᠭᠯᠡᠭᠳᠡᠳᠡᠭ ᠡᠮ ᠤᠨ ᠣᠷᠭᠤᠮᠠᠯ ᠳᠤ ᠵᠡᠭᠡᠷᠭᠡᠨ᠎ᠡ᠂ ᠢᠯᠠᠭᠠᠨ ᠴᠡᠴᠡᠭ᠂ ᡁᠢ ᠳ᠋ᠠᠨ᠂ ᠴᠠᠭᠠᠨ ᠭᠤᠶᠣᠣ᠂ ᠮᠣᠷᠢᠨ | ᠰᠢᠷᠠᠯᠵᠢ ᠵᠡᠷᠭᠡ ᠪᠠᠶᠢᠨ᠎ᠠ᠃ | ᠡᠷᠢᠶᠡᠨ ᠬᠤᠲᠠ ᠨᠢ ᠡᠯᠪᠡᠭ ᠪᠠᠶᠠᠯᠢᠭ ᠰᠠᠯᠬᠢᠨ ᠤ ᠡᠨᠧᠷᠬᠢ ᠪᠠ ᠨᠠᠷᠠᠨ ᠤ ᠡᠨᠧᠷᠬᠢ ᠶᠢᠨ ᠡᠬᠢ ᠰᠣᠷᠪᠣᠯᠵᠢ | ᠲᠠᠢ᠃ 70 ᠮᠧᠲᠷ ᠤᠨ ᠦᠨᠳᠣᠷ ᠣᠭᠳᠠᠷᠭᠤᠢ ᠳᠡᠭᠡᠷ᠎ᠡ ᠰᠠᠯᠬᠢᠨ ᠤ ᠵᠢᠯ ᠤᠨ ᠳᠣᠮᠳᠠᠴᠢ ᠬᠤᠷᠳᠣᠴᠠ ᠨᠢ | ᠰᠧᠺᠦ᠋ᠨᠲ ᠪᠦᠷᠢ7.3 —7.4 ᠮᠧᠲᠷ᠂ ᠨᠠᠷᠠᠨ ᠡᠨᠧᠷᠬᠢ ᠶᠢᠨ ᠭᠠᠵᠠᠷ ᠤᠨ ᠭᠠᠳᠠᠷᠭᠤ ᠳᠠᠬᠢ ᠳᠣᠮᠳᠠᠴᠢ | ᠰᠠᠴᠣᠷᠠᠯ ᠤᠨ ᠬᠡᠮᠵᠢᠶ᠎ᠡ ᠨᠢ ᠪᠠᠷᠤᠭ ᠳᠡᠭᠰᠢ ᠳᠦᠷᠪᠡᠯᠵᠢᠨ ᠮᠧᠲᠷ ᠪᠦᠷᠢ ᠳᠤ 1698 ᠺᠢᠯᠣᠸᠠᠲ ᠴᠠᠭ᠂ ᠰᠠᠯᠬᠢᠨ ᠤ | ᠡᠬᠢ ᠪᠠᠶᠠᠯᠢᠭ ᠢ ᠪᠦᠲᠦᠮᠵᠢᠳᠡᠢ ᠠᠰᠢᠭᠯᠠᠬᠤᠶᠢᠴᠠ ᠬᠤᠷᠳᠣᠴᠠ ᠲᠠᠢ ᠴᠠᠭ ᠤᠨ ᠳᠤᠭ᠎ᠠ ᠬᠡᠮᠵᠢᠶ᠎ᠡ 7980 ᠴᠠᠭ᠂ | ᠵᠢᠯ ᠤᠨ ᠠᠰᠢᠭᠯᠠᠵᠦ ᠪᠣᠯᠬᠤ ᠰᠠᠯᠬᠢᠨ ᠤ ᠬᠡᠮᠵᠢᠶ᠎ᠡ 2720 ᠴᠠᠭ᠃ ᠬᠡᠷᠡᠯ ᠤᠨ ᠡᠬᠢ ᠪᠠᠶᠠᠯᠢᠭ ᠤᠨ ᠵᠢᠯ ᠤᠨ | ᠳᠣᠰᠣᠯᠲᠠ ᠶᠢᠨ ᠬᠡᠮᠵᠢᠶ᠎ᠡ ᠨᠢ 3278 ᠴᠠᠭ᠂ ᠵᠢᠯ ᠤᠨ ᠠᠰᠢᠭᠯᠠᠵᠦ ᠪᠣᠯᠬᠤ ᠬᠡᠮᠵᠢᠶ᠎ᠡ ᠨᠢ 2500 ᠴᠠᠭ ᠬᠦᠷᠳᠡᠭ | ᠃ ᠡᠷᠢᠶᠡᠨ ᠬᠤᠲᠠ ᠳᠤ ᠰᠢᠨ᠎ᠡ ᠡᠨᠧᠷᠬᠢ ᠶᠢᠨ ᠠᠵᠦ ᠠᠬᠤᠶᠢᠯᠠᠯ ᠨᠠᠶᠢᠲᠡ 6 ᠡᠷᠦᠬᠡ ᠪᠠᠶᠢᠨ᠎ᠠ᠃ ᠡᠳᠦᠬᠡ ᠪᠣᠯᠳᠠᠯ᠎ᠠ | ᠡᠷᠢᠶᠡᠨ ᠬᠤᠲᠠ ᠶᠢᠨ ᠰᠠᠯᠬᠢᠨ ᠴᠠᠬᠢᠯᠭᠠᠨ ᠤ ᠮᠠᠰᠢᠨ ᠴᠣᠭᠴᠠᠯᠠᠪᠣᠷᠢ ᠶᠢᠨ ᠪᠠᠭᠳᠠᠭᠠᠮᠵᠢ ᠨᠢ 34 ᠳᠦᠮᠡᠨ ᠺᠢᠯᠦᠸᠠᠲ | ᠂ ᠬᠡᠷᠡᠯ ᠴᠠᠬᠢᠯᠭᠠᠨ ᠤ ᠮᠠᠰᠢᠨ ᠴᠣᠭᠴᠠᠯᠠᠪᠣᠷᠢ ᠶᠢᠨ ᠪᠠᠭᠳᠠᠭᠠᠮᠵᠢ ᠨᠢ12 ᠳᠦᠮᠡᠨ ᠺᠢᠯᠣᠸᠠᠲ︔ ᠣᠳᠣᠬᠠᠨ ᠤ | ᠮᠠᠰᠢᠨ ᠴᠣᠭᠴᠠᠯᠠᠪᠣᠷᠢ ᠶᠢᠨ ᠬᠡᠪᠴᠢᠶ᠎ᠡ ᠪᠠᠷ ᠪᠣᠳᠣᠪᠠᠯ᠂ ᠡᠷᠢᠶᠡᠨ ᠬᠤᠲᠠ ᠶᠢᠨ ᠰᠢᠨ᠎ᠡ ᠡᠨᠧᠷᠬᠢ ᠶᠢᠨ ᠵᠢᠯ ᠳᠣᠮᠳᠠᠴᠢ | ᠴᠠᠬᠢᠯᠭᠠᠨ ᠭᠠᠷᠭᠠᠬᠤ ᠬᠡᠮᠵᠢᠶ᠎ᠡ ᠪᠠᠷᠤᠭ 6.4 —6.5 ᠳ᠋ᠦᠩᠰᠢᠭᠤᠷ ᠭᠷᠡᠳᠦ᠋ᠰ ᠬᠦᠷᠦᠨ᠎ᠡ᠃ 2015 ᠣᠨ ᠤ | ᠴᠠᠬᠢᠯᠭᠠᠨ ᠭᠠᠷᠭᠠᠯᠳᠠ ᠶᠢᠨ ᠶᠡᠷᠦᠩᠬᠡᠢ ᠬᠡᠮᠵᠢᠶ᠎ᠡ 6 ᠳ᠋ᠦᠩᠰᠢᠭᠤᠷ ᠺᠢᠯᠣᠸᠠᠲ ᠴᠠᠭ ᠬᠦᠷᠪᠡ︔ 2016 ᠣᠨ ᠤ 1 | —8 ᠰᠠᠷ᠎ᠠ ᠶᠢᠨ ᠴᠠᠬᠢᠯᠭᠠᠨ ᠭᠠᠷᠭᠠᠯᠲᠠ ᠶᠢᠨ ᠬᠡᠮᠵᠢᠶ᠎ᠡ 4.5 ᠳ᠋ᠦᠩᠰᠢᠭᠤᠷ ᠺᠢᠯᠣᠸᠠᠲ ᠴᠠᠭ ᠬᠦᠷᠪᠡ᠃ | |