ᠠᠪᠤᠷᠭᠤ ᠬᠦᠷᠪᠡᠯ ᠤᠨ ᠨᠣᠳᠤᠭ
ᠨᠡᠶᠢᠲᠡᠯᠡᠭᠰᠡᠨ ᠴᠠᠭ᠄
2018/4/10
                             ᠠᠪᠤᠷᠭᠤ ᠬᠦᠷᠪᠡᠯ ᠤᠨ ᠨᠣᠳᠤᠭ     ᠡᠷᠢᠶᠡᠨ ᠬᠤᠳᠠ ᠨᠢ ᠠᠽᠢᠶ᠎ᠠ ᠲᠢᠪ ᠳᠤ ᠬᠠᠮᠤᠭ ᠡᠷᠳᠡ ᠠᠪᠦᠷᠭᠤ ᠬᠦᠷᠪᠡᠯ ᠤᠨ ᠠᠷᠠᠭ ᠶᠠᠰᠣᠨ ᠤ ᠴᠢᠯᠠᠭᠤᠵᠢᠮᠠᠯ ᠪᠠ ᠦᠨᠳᠡᠭᠡᠨ ᠤ ᠴᠢᠯᠠᠭᠤᠵᠢᠮᠠᠯ ᠢ ᠢᠯᠡᠷᠡᠭᠦᠯᠥᠭᠰᠡᠨ ᠭᠠᠵᠠᠷ ᠣᠷᠣᠨ ᠤ ᠨᠢᠭᠡ ᠪᠠᠶᠢᠵᠤ᠂ ᠳᠡᠯᠡᠬᠡᠢ ᠳᠡᠭᠡᠷᠡᠬᠢ ᠬᠠᠮᠤᠭ ᠲᠣᠮᠣ ᠴᠠᠷᠳᠠ ᠶᠢᠨ ᠭᠠᠯᠪᠠ ᠶᠢᠨ ᠦᠶ᠎ᠡ ᠶᠢᠨ ᠠᠪᠣᠷᠭᠤ ᠭᠦᠷᠪᠡᠯ ᠤᠨ ᠴᠢᠯᠠᠭᠤᠵᠢᠮᠠᠯ ᠠᠳᠡ ᠪᠠᠶᠢᠷᠢᠯᠠᠵᠤ᠂ ᠬᠠᠷᠢᠶ᠎ᠠ ᠨᠤᠳᠤᠭ ᠳᠡᠪᠢᠰᠭᠡᠷ ᠲᠤ 134 ᠬᠠᠪᠳᠠᠭᠠᠢ ᠳᠦᠷᠪᠡᠯᠵᠢᠨ ᠺᠢᠯᠥᠮᠧᠲᠷ ᠲᠠᠯᠠᠪᠠᠢ ᠲᠠᠢ ᠣᠯᠣᠰ  ᠤᠨ ᠳᠡᠰ ᠤᠨ ᠭᠠᠵᠠᠷ ᠰᠢᠨᠵᠢᠯᠡᠭᠡᠨ ᠤ ᠴᠡᠴᠡᠷᠯᠢᠭ ᠲᠠᠢ ᠪᠠᠶᠢᠳᠠᠭ᠃1893 ᠣᠨ ᠳᠤ᠂ ᠳᠣᠮᠳᠠᠳᠣ ᠠᠽᠢᠶ᠎ᠠ ᠶᠢᠨ ᠣᠷᠣᠨ ᠢᠶᠠᠷ ᠶᠠᠪᠤᠭᠳᠠᠭᠤᠯᠤᠭᠰᠠᠨ ᠰᠣᠳᠣᠯᠭᠠᠨ ᠤ ᠳᠣᠮᠳᠠ᠂ ᠠᠯᠳᠠᠷᠳᠤ ᠭᠠᠵᠠᠷ ᠰᠢᠨᠵᠢᠯᠡᠭᠡᠨ ᠤ ᠤᠬᠠᠭᠠᠨᠳᠠᠨ ᠣᠪᠧᠷᠯᠧᠹᠢ ᠡᠷᠢᠶᠡᠨ ᠳᠠᠪᠤᠰᠤᠨ ᠨᠠᠭᠤᠷ ᠤᠨ ᠣᠷᠴᠢᠮ ᠢᠶᠠᠷ ᠬᠠᠮᠤᠭ ᠠᠩᠬ᠎ᠠ ᠠᠪᠣᠷᠭᠤ ᠭᠦᠷᠪᠡᠯ ᠤᠨ ᠴᠢᠯᠠᠭᠤᠵᠢᠮᠠᠯ  ᠢ ᠢᠯᠡᠷᠡᠭᠦᠯᠥᠭᠰᠡᠨ ᠶᠣᠮ᠃1922 ᠣᠨ ᠳᠤ᠂ ᠠᠮᠧᠷᠢᠺᠠ ᠶᠢᠨ ᠨᠢᠦ᠋ᠶᠣᠷᠺ ᠬᠤᠳᠠ ᠶᠢᠨ ᠪᠠᠶᠢᠭᠠᠯᠢ ᠶᠢᠨ ᠮᠥᠽᠸᠢ  ᠠᠴᠠ ᠡᠭᠦᠰᠭᠡᠨ ᠪᠠᠶᠢᠭᠤᠯᠤᠭᠰᠠᠨ ︽ᠳᠣᠮᠳᠠᠳᠣ ᠠᠽᠢᠶ᠎ᠠ ᠶᠢᠨ ᠬᠠᠶᠢᠭᠤᠯ ᠤᠨ ᠪᠦᠯᠭᠦᠮ︾ ᠨᠢ ᠡᠷᠢᠶᠡᠨ ᠬᠤᠳᠠ ᠳᠤ ᠬᠠᠶᠢᠨ ᠰᠣᠳᠣᠯᠣᠯᠳᠠ ᠬᠢᠵᠤ᠂ ᠬᠠᠮᠤᠭ ᠠᠩᠬ᠎ᠠ ᠠᠪᠣᠷᠭᠤ ᠭᠦᠷᠪᠡᠯ ᠤᠨ ᠦᠨᠳᠡᠭᠡᠨ ᠤ ᠴᠢᠯᠠᠭᠤᠵᠢᠮᠠᠯ ᠢ ᠢᠯᠡᠷᠡᠭᠦᠯᠥᠭᠰᠡᠨ ᠢᠶᠠᠷ᠂ ᠡᠷᠢᠶᠡᠨ ᠤ ᠠᠪᠣᠷᠭᠤ ᠭᠦᠷᠪᠡᠯ ᠤᠨ ᠠᠮᠢᠳᠣ ᠪᠣᠳᠠᠰ ᠤᠨ ᠰᠣᠳᠣᠯᠭᠠᠨ ᠤ ᠬᠦᠰᠢᠭᠡ ᠶᠢ ᠨᠡᠭᠡᠭᠡᠭᠰᠡᠨ ᠪᠠᠶᠢᠨ᠎ᠠ᠃ ᠵᠠᠭᠤᠭᠠᠳ ᠵᠢᠯ ᠤᠨ ᠳᠣᠷᠰᠢ᠂ ᠣᠷᠣᠰ᠂ ᠠᠮᠧᠷᠢᠺᠠ᠂ ᠰᠸᠧᠳᠧᠨ᠂ ᠵᠦᠪᠯᠡᠯᠳᠤ᠂ ᠺᠠᠨᠠᠳᠠ᠂ ᠶᠠᠫᠤᠨ᠂ ᠪᠧᠯᠭᠢ᠂ ᠢᠲ᠋ᠠᠯᠢ ᠵᠡᠷᠭᠡ ᠤᠯᠤᠰ ᠤᠨ ᠡᠷᠳᠡᠨ ᠤ ᠠᠮᠢᠳᠤ ᠪᠣᠳᠠᠰ ᠤᠨ ᠤᠬᠠᠭᠠᠨᠳᠠᠳ ᠣᠷᠢᠳ ᠬᠤᠵᠢᠳ ᠡᠷᠢᠶᠡᠨ ᠳᠤ ᠢᠷᠡᠵᠥ ᠰᠢᠨᠵᠢᠯᠡᠬᠦ ᠤᠬᠠᠭᠠᠨᠴᠢ ᠰᠣᠳᠣᠯᠭ᠎ᠠ ᠦᠷᠨᠢᠭᠦᠯᠵᠥ᠂ ᠶᠡᠭᠡ ᠬᠡᠮᠵᠢᠶᠡᠨ ᠤ ᠠᠪᠣᠷᠭᠤ ᠬᠦᠷᠪᠡᠯ  ᠤᠨ ᠠᠷᠠᠭ ᠶᠠᠰᠣᠨ ᠤ ᠴᠢᠯᠠᠭᠤᠵᠢᠮᠠᠯ ᠢ ᠢᠯᠡᠷᠡᠭᠦᠯᠵᠥ᠂ ᠬᠦᠨᠳᠥ ᠴᠢᠬᠤᠯᠠ ᠰᠤᠳᠤᠯᠭᠠᠨ ᠤ ᠦᠷ᠎ᠡ ᠪᠦᠳᠦᠭᠡᠯ ᠣᠯᠣᠭᠰᠠᠨ ᠶᠤᠮ᠃ ᠡᠷᠢᠶᠡᠨ ᠬᠤᠳᠣᠭᠤᠷ   ᠳᠠᠬᠢ ᠠᠪᠣᠷᠭᠤ ᠭᠦᠷᠪᠡᠯ ᠤᠨ ᠠᠮᠢᠳᠣ ᠪᠣᠳᠠᠰ ᠤᠨ ᠰᠦᠷᠦᠭ ᠤᠨ ᠴᠢᠯᠠᠭᠤᠵᠢᠮᠠᠯ ᠨᠢ ᠴᠠᠷᠳᠠ ᠶᠢᠨ ᠭᠠᠯᠪᠠ ᠶᠢᠨ ᠰᠡᠭᠦᠯᠴᠢ ᠶᠢᠨ ᠦᠶ᠎ᠡ ᠶᠢᠨ ᠠᠪᠣᠷᠭᠤ ᠬᠦᠷᠪᠡᠯ ᠤᠨ ᠠᠮᠢᠳᠣ ᠪᠣᠳᠠᠰ  ᠤᠨ ᠰᠦᠷᠦᠭ ᠤᠨ ᠳᠥᠯᠥᠭᠡᠯᠡᠯ ᠪᠠᠶᠢᠵᠤ᠂ ᠴᠢᠯᠠᠭᠤᠵᠢᠮᠠᠯ ᠤᠨ ᠳᠦᠷᠦᠯ ᠵᠦᠢᠯ ᠣᠯᠠᠨ᠂ ᠳᠠᠷᠬᠠᠯᠳᠠ ᠦᠷᠬᠡᠨ᠂ ᠪᠦᠷᠢᠨ ᠪᠦᠳᠦᠨ ᠬᠠᠳᠠᠭᠠᠯᠠᠳᠠᠭᠰᠠᠨ ᠪᠠᠶᠢᠵᠤ᠂ ᠴᠠᠷᠳᠠ ᠶᠢᠨ ᠭᠠᠯᠪᠠ ᠶᠢᠨ ᠰᠡᠭᠦᠯᠴᠢ ᠦᠶ᠎ᠡ ᠶᠢᠨ ᠠᠪᠣᠷᠭᠤ ᠭᠦᠷᠪᠡᠯ  ᠤᠨ ᠠᠮᠢᠳᠤ ᠪᠣᠳᠠᠰ ᠤᠨ ᠰᠦᠷᠦᠭ ᠤᠨ ᠭᠤᠤᠯ ᠣᠨᠴᠠᠯᠢᠭ ᠢ ᠬᠠᠷᠠᠭᠤᠯᠤᠭᠰᠠᠨ ᠶᠤᠮ᠃1893 ᠣᠨ ᠠᠴᠠ ᠣᠳᠣ ᠪᠣᠯᠳᠠᠯ᠎ᠠ᠂ ᠣᠷᠢᠳ ᠬᠤᠵᠢᠳ ᠠᠷᠪᠠᠭᠠᠳ ᠳᠦᠷᠦᠯ ᠤᠨ ᠠᠪᠣᠷᠭᠤ ᠭᠦᠷᠪᠡᠯ ᠤᠨ ᠴᠢᠯᠠᠭᠤᠵᠢᠮᠠᠯ ᠢ ᠢᠯᠡᠷᠡᠭᠦᠯᠵᠥ᠂ ᠭᠤᠣᠯᠳᠠᠭᠤ ᠭᠦᠷᠪᠡᠯ ᠬᠥᠯᠳᠥ᠂ ᠠᠷᠢᠶᠠᠳᠠᠨ ᠬᠦᠯᠳᠥ ᠵᠢᠴᠢ ᠰᠢᠪᠠᠭᠤᠨ ᠬᠥᠯᠳᠥ ᠭᠡᠬᠦ ᠵᠡᠷᠭᠡ ᠳᠦᠷᠦᠯ ᠤᠳ ᠪᠣᠢ᠃ ᠢᠯᠡᠷᠡᠭᠦᠯᠥᠭᠰᠡᠨ ᠴᠢᠯᠠᠭᠤᠵᠢᠮᠠᠯ ᠳᠤ ᠡᠪᠡᠰᠦᠨ ᠳᠡᠵᠢᠭᠡᠯᠳᠡᠨ ᠤ ᠳᠦᠷᠦᠯ ᠣᠯᠠᠨ ᠪᠠᠶᠢᠵᠤ᠂ ᠭᠦᠷᠪᠡᠯ ᠤᠨ ᠳᠣᠯᠣᠭᠠᠶᠢᠳᠤ᠂ ᠰᠢᠪᠠᠭᠤᠨ ᠳᠣᠯᠣᠭᠠᠶᠢᠳᠤ ᠪᠣᠯᠣᠨ ᠬᠠᠳᠣᠭᠤᠷ ᠳᠣᠯᠣᠭᠠᠶᠢᠳᠤ ᠵᠡᠷᠭᠡ ᠳᠦᠷᠦᠯ ᠵᠦᠢᠯ ᠪᠣᠢ᠃ ᠣᠨᠴᠠᠭᠠᠶᠢᠯᠠᠨ 2005 ᠣᠨ ᠳᠤ ᠢᠯᠡᠷᠡᠭᠦᠯᠥᠭᠰᠡᠨ ᠳᠡᠯᠡᠬᠡᠢ ᠶᠢᠨ ᠬᠠᠮᠤᠭ ᠳᠣᠮᠤ ᠥᠨᠳᠡᠭᠡ ᠬᠤᠯᠠᠭᠠᠶᠢᠯᠠᠭᠴᠢ ᠳᠦᠷᠥᠯ ᠤᠨ ᠠᠪᠣᠷᠭᠤ ᠭᠦᠷᠪᠡᠯ ᠪᠣᠯᠬᠤ — — ᠡᠷᠢᠶᠡᠨ ᠳᠡᠭᠡᠷᠡᠮᠴᠢ ᠠᠪᠣᠷᠭᠤ ᠭᠦᠷᠪᠡᠯ ᠨᠢ ᠣᠷᠳᠣ ᠪᠠᠷ ᠢᠶᠠᠨ 8 ᠮᠧᠲᠷ᠂ ᠦᠨᠳᠥᠷ ᠢᠶᠠᠷ ᠢᠶᠠᠨ 5.5 ᠮᠧᠲᠷ ᠪᠠᠶᠢᠵᠤ᠂ ᠡᠨᠡ ᠢᠯᠡᠷᠡᠭᠦᠯᠥᠯᠳᠡ ᠨᠢ ᠰᠢᠨᠵᠢᠯᠡᠬᠦ ᠣᠬᠠᠭᠠᠨ ᠤ ᠬᠦᠷᠢᠶᠡᠨ  ᠳᠠᠬᠢ ︽ᠠᠪᠣᠷᠭᠤ ᠭᠦᠷᠪᠡᠯ ᠨᠢ ᠰᠢᠪᠠᠭᠤᠨ ᠤ ᠳᠦᠷᠦᠯ ᠵᠦᠭ ᠤᠯᠠᠷᠢᠨ ᠬᠤᠪᠢᠰᠳᠠᠭ︾ ᠭᠡᠬᠦ ᠤᠯᠠᠮᠵᠢᠯᠠᠯᠳᠤ ᠤᠨᠤᠯ  ᠢ ᠦᠭᠡᠷᠡᠴᠢᠯᠡᠵᠥ᠂ ᠳᠣᠮᠳᠠᠳᠣ ᠣᠯᠤᠰ ᠤᠨ ᠡᠷᠳᠡᠨ ᠤ ᠠᠮᠢᠳᠤ ᠪᠣᠳᠠᠰ ᠤᠨ ᠰᠣᠳᠣᠯᠭᠠᠨ ᠤ ᠣᠬᠠᠭᠠᠨᠳᠠᠳ ᠤᠨ ᠰᠢᠪᠠᠭᠤᠨ ᠤ ᠡᠭᠦᠰᠥᠯ ᠭᠠᠷᠤᠯ ᠢ ᠰᠤᠳᠤᠯᠤᠨ ᠰᠢᠨᠵᠢᠯᠡᠬᠦ ᠳᠤ ᠬᠦᠨᠳᠥ ᠴᠢᠬᠤᠯᠠ ᠬᠤᠪᠢ ᠨᠡᠮᠡᠷᠢ ᠣᠷᠣᠭᠤᠯᠤᠭᠰᠠᠨ ᠪᠠᠶᠢᠨ᠎ᠠ᠃ ᠡᠷᠢᠶᠡᠨ ᠳᠡᠭᠡᠷᠡᠮᠴᠢ ᠠᠪᠣᠷᠭᠤ ᠬᠦᠷᠪᠡᠯ ᠤᠨ ᠢᠯᠡᠷᠡᠭᠦᠯᠥᠯᠳᠡ ᠨᠢ ᠠᠮᠧᠷᠢᠺᠠ ᠶᠢᠨ ︽ᠴᠠᠭ ᠦᠶ᠎ᠡ︾ ᠭᠠᠷᠠᠭ ᠤᠨ ᠰᠣᠨᠢᠨ ᠳᠤ 2007 ᠣᠨ ᠳᠤ ᠡᠭᠦᠰᠦᠭᠰᠡᠨ ︽ᠠᠷᠪᠠᠨ ᠳᠣᠮᠣ ᠰᠢᠨᠵᠢᠯᠡᠬᠦ ᠤᠬᠠᠭᠠᠨ ᠤ ᠢᠯᠡᠷᠡᠭᠦᠯᠥᠯᠳᠡ︾ ᠶᠢᠨ ᠨᠢᠭᠡ ᠪᠠᠷ ᠦᠨᠡᠯᠡᠭᠳᠡᠵᠥ᠂ 2008 ᠣᠨ ᠳᠤ ᠭᠢᠨᠢᠰ ᠤᠨ ᠳᠡᠯᠡᠭᠡᠢ ᠶᠢᠨ ᠳᠡᠮᠳᠡᠭᠯᠡᠯ ᠳᠤ ᠪᠦᠷᠢᠳᠭᠡᠭᠳᠡᠭᠰᠡᠨ ᠪᠠᠶᠢᠨ᠎ᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号