ᠬᠠᠷᠢᠶ᠎ᠠ ᠣᠷᠣᠨ ᠤ ᠬᠥᠮᠥᠨ ᠠᠮᠠ
ᠨᠡᠶᠢᠲᠡᠯᠡᠭᠰᠡᠨ ᠴᠠᠭ᠄
2018/4/10
                          ᠬᠠᠷᠢᠶ᠎ᠠ ᠣᠷᠣᠨ ᠤ ᠬᠥᠮᠥᠨ ᠠᠮᠠᠨᠢᠭᠡ᠂ ᠪᠦᠬᠦ ᠬᠤᠳᠠ ᠶᠢᠨ ᠪᠠᠶᠢᠩᠭᠤ ᠣᠷᠣᠰᠢᠨ ᠰᠠᠭᠤᠭ᠎ᠠ ᠬᠦᠮᠥᠨ ᠠᠮᠠ        ᠪᠦᠬᠦ ᠬᠤᠳᠠ ᠶᠢᠨ ᠪᠠᠶᠢᠩᠭᠤ ᠤᠷᠤᠰᠢᠨ ᠰᠠᠭᠤᠭ᠎ᠠ ᠬᠦᠮᠥᠨ ᠠᠮᠠ ᠶᠢᠨ ᠳᠤᠭ᠎ᠠ 74179 ᠪᠠᠶᠢᠵᠤ᠂ ᠳᠠᠪᠣᠳᠣᠭᠠᠷ ᠤᠳᠠᠭᠠᠨ ᠤ ᠪᠦᠬᠦ ᠣᠯᠣᠰ ᠤᠨ ᠬᠥᠮᠥᠨ ᠠᠮᠠ ᠶᠢᠨ ᠨᠡᠶᠢᠳᠡᠮ ᠪᠠᠶᠢᠴᠠᠭᠠᠯᠳᠠ ᠳᠠᠷᠤᠢ 2000 ᠣᠨ ᠤ 11 ᠰᠠᠷ᠎ᠠ ᠶᠢᠨ 1 ᠤ ᠡᠳᠦᠷ ᠤᠨ ᠳᠡᠭ ᠴᠠᠭ ᠲᠤ ᠪᠦᠷᠢᠳᠭᠡᠭᠳᠡᠭᠰᠡᠨ 47025 ᠬᠦᠮᠥᠨ ᠲᠠᠢ ᠬᠠᠷᠢᠴᠠᠭᠤᠯᠪᠠᠯ᠂ ᠰᠡᠭᠦᠯ ᠤᠨ ᠠᠷᠪᠠᠨ ᠵᠢᠯ ᠤᠨ ᠬᠤᠭᠤᠴᠠᠭᠠᠨ ᠳᠤ ᠨᠡᠶᠢᠳᠡ 27154 ᠬᠦᠮᠥᠨ ᠨᠡᠮᠡᠭᠳᠡᠵᠥ᠂ 57.74% ᠪᠠᠷ ᠦᠰᠴᠥ᠂ ᠵᠢᠯ ᠤᠨ ᠳᠣᠮᠳᠠᠴᠢ ᠦᠰᠥᠯᠳᠡ ᠶᠢᠨ ᠨᠣᠷᠮ᠎ᠠ ᠨᠢ 4.66% ᠬᠦᠷᠪᠡ᠃ᠬᠤᠶᠠᠷ᠂ ᠨᠠᠰᠥᠨ ᠤ ᠪᠦᠳᠦᠴᠡ     ᠪᠦᠬᠦ ᠬᠤᠳᠠ ᠶᠢᠨ ᠪᠠᠶᠢᠩᠭᠤ ᠣᠷᠣᠰᠢᠨ ᠰᠠᠭᠤᠭ᠎ᠠ ᠬᠦᠮᠥᠨ ᠠᠮᠠ ᠶᠢᠨ ᠳᠣᠳᠣᠷ᠎ᠠ᠂ 0-14 ᠨᠠᠰᠥᠨ ᠤ ᠬᠥᠮᠥᠨ ᠠᠮᠠ 12805 ᠪᠠᠶᠢᠵᠤ᠂ 17.26% ᠶᠢ ᠡᠵᠡᠯᠡᠨ᠎ᠡ︔ 15-64 ᠨᠠᠰᠥᠨ ᠤ ᠬᠥᠮᠥᠨ ᠠᠮᠠ 59198 ᠪᠠᠶᠢᠵᠤ᠂ 79.8% ᠶᠢ ᠡᠵᠡᠯᠡᠨ᠎ᠡ︔ 65 ᠨᠠᠰᠥᠨ ᠠᠴᠠ ᠳᠡᠭᠡᠭᠰᠢ ᠬᠦᠮᠥᠨ ᠠᠮᠠ 2176 ᠪᠠᠶᠢᠵᠤ᠂ 2.93% ᠶᠢ ᠡᠵᠡᠯᠡᠨ᠎ᠡ᠃ᠭᠤᠷᠪᠠ᠂ ᠦᠨᠳᠦᠰᠥᠳᠡᠨ ᠤ ᠪᠦᠷᠢᠯᠳᠥᠯ     ᠪᠦᠬᠦ ᠬᠤᠳᠠ ᠶᠢᠨ ᠪᠠᠶᠢᠩᠭᠤ ᠣᠷᠣᠰᠢᠨ ᠰᠠᠭᠤᠭ᠎ᠠ ᠬᠦᠮᠥᠨ ᠠᠮᠠ ᠶᠢᠨ ᠳᠣᠳᠣᠷ᠎ᠠ᠂ ᠮᠣᠩᠭᠤᠯ ᠦᠨᠳᠦᠰᠥᠳᠡᠨ  ᠤ ᠬᠦᠮᠥᠨ ᠠᠮᠠ 14349 ᠪᠠᠶᠢᠵᠤ᠂ 19.34% ᠶᠢ ᠡᠵᠡᠯᠡᠨ᠎ᠡ︔ ᠬᠢᠳᠠᠳ ᠦᠨᠳᠦᠰᠦᠳᠡᠨ ᠤ ᠬᠦᠮᠥᠨ ᠠᠮᠠ 59172 ᠪᠠᠶᠢᠵᠤ᠂ 79.77% ᠶᠢ ᠡᠵᠡᠯᠡᠨ᠎ᠡ︔ ᠪᠤᠰᠥᠳ ᠴᠥᠬᠡᠨ ᠳᠣᠭᠠᠳᠤ ᠦᠨᠳᠦᠰᠥᠳᠡᠨ ᠤ ᠬᠦᠮᠥᠨ ᠠᠮᠠ 658 ᠪᠠᠶᠢᠵᠤ᠂ 0.89% ᠶᠢ ᠡᠵᠡᠯᠡᠨ᠎ᠡ᠃ ᠳᠦᠷᠪᠡ᠂ ᠬᠦᠮᠥᠨ ᠠᠮᠠ ᠶᠢᠨ ᠰᠣᠷᠭᠠᠨ ᠬᠦᠮᠦᠵᠢᠯ ᠬᠦᠷᠳᠡᠭᠰᠡᠨ ᠬᠢᠷᠢ ᠬᠡᠮᠵᠢᠶ᠎ᠡ     ᠪᠦᠬᠦ ᠬᠤᠳᠠ ᠶᠢᠨ ᠪᠠᠶᠢᠩᠭᠤ ᠣᠷᠣᠰᠢᠨ ᠰᠠᠭᠤᠭ᠎ᠠ ᠬᠦᠮᠥᠨ ᠠᠮᠠ ᠶᠢᠨ ᠳᠣᠳᠣᠷ᠎ᠠ᠂ ᠶᠡᠭᠡ ᠰᠣᠷᠭᠠᠭᠤᠯᠢ ︵ᠳᠡᠭᠡᠳᠤ ᠵᠡᠷᠭᠡ ᠶᠢᠨ ᠳᠣᠰᠬᠠᠢ ᠮᠡᠷᠭᠡᠵᠢᠯ ᠤᠨ ᠰᠣᠷᠭᠠᠭᠤᠯᠢ ᠠᠴᠠ ᠳᠡᠭᠡᠭᠰᠢ︶ ᠶᠢᠨ ᠬᠢᠷᠢ ᠬᠡᠮᠵᠢᠶ᠎ᠡ ᠲᠠᠢ ᠬᠦᠮᠥᠨ ᠠᠮᠠ ᠶᠢᠨ ᠳᠤᠭ᠎ᠠ 7946 ᠪᠠᠶᠢᠵᠤ᠂ ᠦᠨᠳᠦᠷ ᠵᠡᠷᠭᠡ ᠶᠢᠨ ᠳᠤᠮᠳᠠ ᠰᠣᠷᠭᠠᠭᠤᠯᠢ ︵ᠳᠣᠮᠳᠠ ᠵᠡᠷᠭᠡ ᠶᠢᠨ ᠳᠣᠰᠬᠠᠢ ᠮᠠᠷᠭᠡᠵᠢᠯ ᠤᠨ ᠰᠣᠷᠭᠠᠭᠤᠯᠢ︶ ᠶᠢᠨ ᠬᠢᠷᠢ ᠬᠡᠮᠵᠢᠶ᠎ᠡ ᠲᠠᠢ ᠬᠦᠮᠥᠨ ᠠᠮᠠ 14020 ᠪᠠᠶᠢᠵᠤ᠂ ᠳᠣᠮᠳᠠ ᠰᠣᠷᠭᠠᠭᠤᠯᠢ ᠶᠢᠨ ᠬᠢᠷᠢ ᠬᠡᠮᠵᠢᠶ᠎ᠡ ᠲᠠᠢ ᠬᠦᠮᠥᠨ ᠠᠮᠠ 30437 ᠪᠠᠶᠢᠵᠤ᠂ ᠪᠠᠭ᠎ᠠ ᠰᠣᠷᠭᠠᠭᠤᠯᠢ ᠶᠢᠨ ᠬᠢᠷᠢ ᠬᠡᠮᠵᠢᠶ᠎ᠡ ᠲᠠᠢ ᠬᠦᠮᠥᠨ ᠠᠮᠠ 15418 ᠪᠠᠶᠢᠨ᠎ᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号