ᠮᠣᠩᠭᠤᠯ ᠦᠨᠳᠦᠰᠦᠳᠠᠨ  ᠤ ᠠᠯᠳᠠᠷᠲᠦ ᠰᠢᠨᠵᠢᠯᠡᠬᠦ ᠣᠬᠠᠭᠠᠨᠳᠠᠨ ᠰᠢᠭᠤᠷᠭᠠᠨ
ᠨᠡᠶᠢᠲᠡᠯᠡᠭᠰᠡᠨ ᠴᠠᠭ᠄
2018/4/18
       
     
        ᠮᠣᠩᠭᠤᠯ ᠦᠨᠳᠦᠰᠦᠳᠠᠨ  ᠤ ᠠᠯᠳᠠᠷᠲᠦ ᠰᠢᠨᠵᠢᠯᠡᠬᠦ ᠣᠬᠠᠭᠠᠨᠳᠠᠨ ᠰᠢᠭᠤᠷᠭᠠᠨ 1940 ᠣᠨ  ᠳᠤ ᠦᠪᠦᠷ ᠮᠣᠩᠭᠤᠯ ᠤᠨ ᠬᠢᠩᠭᠠᠨ ᠠᠶᠢᠮᠠᠭ  ᠤᠨ ᠬᠤᠷᠴᠢᠨ ᠪᠠᠷᠠᠭᠤᠨ ᠭᠠᠷ  ᠤᠨ ᠡᠮᠦᠨᠡᠲᠦ ᠬᠤᠰᠢᠭᠤᠨ  ᠳᠤ ᠵᠠᠶᠠᠭᠠᠵᠠᠢ᠃ ᠡᠬᠡ ᠮᠣᠩᠭᠤᠯ ᠬᠡᠯᠡ ᠪᠠᠷ  ᠢᠶᠠᠨ ᠰᠠᠭᠤᠷᠢ ᠰᠣᠷᠭᠠᠨ ᠬᠦᠮᠦᠵᠢᠯ ᠬᠦᠷᠳᠡᠵᠦ᠂ 1965 ᠤᠨ  ᠳᠤ ᠦᠪᠦᠷ ᠮᠣᠩᠭᠤᠯ  ᠤᠨ ᠶᠡᠭᠡ ᠰᠣᠷᠭᠠᠭᠤᠯᠢ  ᠶᠢᠨ ᠠᠮᠢᠲᠦ ᠪᠣᠳᠠᠰ  ᠤᠨ ᠰᠠᠯᠪᠦᠷᠢ  ᠶᠢ ᠳᠡᠬᠦᠰᠭᠡᠪᠡ᠃ 1984 ᠣᠨ  ᠳᠤ ᠶᠠᠫᠤᠨ ᠣᠯᠣᠰ  ᠲᠤ ᠮᠠᠯ ᠡᠮᠨᠡᠯᠭᠡ  ᠶᠢᠨ ᠤᠬᠠᠭᠠᠨ  ᠤ ᠳ᠋ᠤᠺᠲ᠋ᠦᠷ ᠴᠣᠯᠠ ᠬᠠᠮᠠᠭᠠᠯᠠᠵᠠᠢ᠃       ᠲᠡᠷᠡ ᠪᠠᠷ ᠣᠷᠢᠳ ᠬᠤᠵᠢᠳ ᠦᠪᠦᠷ ᠮᠣᠩᠭᠤᠯ  ᠤᠨ ᠶᠡᠭᠡ ᠰᠣᠷᠭᠠᠭᠤᠯᠢ  ᠶᠢᠨ ᠫᠷᠣᠹᠧᠰᠰᠣᠷ ᠪᠦᠭᠡᠳ ᠵᠠᠬᠢᠷᠤᠯ᠂ ᠳᠣᠮᠳᠠᠲᠦ ᠣᠯᠣᠰ  ᠤᠨ ᠢᠨ᠋ᠵᠧᠨᠧᠷᠢᠩ  ᠤᠨ ᠬᠦᠷᠢᠶᠠᠯᠠᠩ  ᠤᠨ ᠠᠺᠠᠳᠧᠮᠢᠴᠢ ᠪᠦᠭᠡᠳ ᠳᠡᠳ᠋ ᠳᠠᠷᠤᠭ᠎ᠠ᠂ ᠳᠣᠮᠳᠠᠲᠦ ᠣᠯᠣᠰ  ᠤᠨ ᠮᠠᠯ ᠳᠡᠵᠢᠭᠡᠪᠦᠷᠢ  ᠶᠢᠨ ᠬᠦᠪᠦᠷᠡᠯ ᠦᠷᠡᠵᠢᠯ  ᠤᠨ ᠠᠮᠢᠳᠦ ᠪᠣᠳᠠᠰ  ᠤᠨ ᠵᠦᠢ  ᠶᠢᠨ ᠮᠡᠷᠬᠡᠵᠢᠯᠳᠠᠨ ᠪᠦᠭᠡᠳ ᠠᠮᠢᠳᠦ ᠪᠣᠳᠠᠰ  ᠤᠨ ᠮᠡᠷᠭᠡᠵᠢᠯ  ᠤᠨ ᠲᠧᠭᠨᠢᠭᠴᠢ ᠵᠡᠷᠭᠡ ᠳᠡᠭᠡᠲᠦ ᠳᠡᠰ  ᠤᠨ ᠴᠣᠯᠠ ᠮᠢᠨᠳᠠᠭ ᠪᠠ ᠠᠯᠪᠠᠨ  ᠤ ᠬᠦᠨᠲᠦ ᠳᠣᠰᠢᠶᠠᠯ  ᠢ ᠡᠬᠦᠷᠭᠡᠯᠡᠵᠦ ᠶᠠᠪᠣᠵᠠᠢ᠃ ᠮᠦᠨ ᠳᠣᠮᠳᠠᠲᠦ ᠣᠯᠣᠰ  ᠤᠨ ᠰᠢᠨᠵᠢᠯᠡᠭᠡ ᠲᠧᠭᠨᠢᠭ  ᠤᠨ ᠨᠡᠶᠢᠭᠡᠮᠯᠢᠭ  ᠤᠨ ᠳᠡᠳ᠋ ᠳᠠᠷᠢᠬᠦᠯᠡᠭᠴᠢ᠂ ᠳᠤᠮᠳᠠᠲᠦ ᠣᠯᠣᠰ  ᠤᠨ ᠮᠠᠯ ᠠᠵᠦ ᠠᠬᠤᠢ ᠪᠠ ᠮᠠᠯ ᠡᠮᠨᠡᠯᠭᠡ  ᠶᠢᠨ ᠨᠡᠶᠢᠭᠡᠮᠯᠢᠭ  ᠤᠨ ᠳᠡᠳ᠋ ᠭᠡᠷᠡᠭ ᠡᠷᠬᠢᠯᠡᠭᠴᠢ᠂ ᠳᠣᠮᠳᠠᠲᠦ ᠣᠯᠣᠰ  ᠤᠨ ᠣᠳᠣ ᠦᠶ᠎ᠠ  ᠶᠢᠨ ᠢᠳᠡᠰᠢᠨ ᠬᠤᠨᠢᠨ  ᠤ ᠦᠢᠯᠡᠳᠬᠡᠭᠦᠨ  ᠤ ᠮᠡᠷᠭᠡᠵᠢᠯ  ᠤᠨ ᠰᠢᠰᠲ᠋ᠧᠮ  ᠤᠨ ᠲᠡᠷᠢᠬᠦᠯᠡᠭᠴᠢ ᠰᠢᠨᠵᠢᠯᠡᠬᠦ ᠣᠬᠠᠭᠠᠳᠠᠨ᠂ ᠪᠦᠬᠦ ᠣᠯᠣᠰ  ᠤᠨ ᠣᠯᠣᠰ ᠲᠦᠷᠦ  ᠶᠢᠨ ᠵᠦᠪᠯᠡᠯᠭᠡᠨ  ᠤ ᠭᠡᠰᠢᠬᠦᠨ᠂ ᠦᠪᠦᠷ ᠮᠣᠩᠭᠤᠯ  ᠤᠨ ᠦᠪᠡᠷᠳᠡᠭᠡᠨ ᠵᠠᠰᠠᠬᠤ ᠣᠷᠣᠨ  ᠤ ᠰᠢᠨᠵᠢᠯᠡᠭᠡ ᠲᠧᠭᠨᠢᠭ  ᠤᠨ ᠨᠡᠶᠢᠭᠡᠮᠯᠢᠭ  ᠤᠨ ᠨᠡᠷ᠎ᠡ ᠬᠦᠨᠳᠦᠲᠦ ᠳᠠᠷᠢᠬᠦᠯᠡᠭᠴᠢ᠂ ᠤᠯᠣᠰ  ᠤᠨ ᠰᠣᠷᠭᠠᠨ ᠬᠦᠮᠦᠵᠢᠯ  ᠤᠨ ᠭᠡᠯᠳᠡᠰ  ᠤᠨ ᠰᠢᠨᠵᠢᠯᠡᠭᠡ ᠲᠧᠭᠨᠢᠭ  ᠤᠨ ᠵᠦᠪᠯᠠᠯ  ᠤᠨ ᠭᠡᠰᠢᠬᠦᠨ᠂ ᠣᠯᠣᠰ  ᠤᠨ ᠳᠠᠷᠢᠶᠠᠯᠠᠩ  ᠤᠨ ᠬᠡᠯᠳᠡᠰ  ᠤᠨ ᠰᠢᠨᠵᠢᠯᠡᠭᠡ ᠲᠧᠭᠨᠢᠭ  ᠤᠨ ᠵᠦᠪᠯᠠᠯ  ᠤᠨ ᠭᠡᠰᠢᠬᠦᠨ᠂ ᠳᠣᠮᠳᠠᠲᠦ ᠣᠯᠣᠰ  ᠤᠨ ᠲᠠᠷᠢᠶᠠᠯᠠᠩ  ᠤᠨ ᠠᠮᠢᠲᠦ ᠪᠣᠳᠠᠰ  ᠤᠨ ᠮᠡᠷᠭᠡᠵᠢᠯ  ᠤᠨ ᠨᠡᠶᠢᠭᠡᠮᠯᠢᠭ  ᠤᠨ ᠭᠡᠷᠡᠭ ᠡᠷᠬᠢᠯᠡᠭᠴᠢ ᠵᠡᠷᠭᠡ ᠨᠡᠶᠢᠭᠡᠮ  ᠤᠨ ᠳᠣᠰᠢᠶᠠᠯ  ᠢ ᠬᠠᠪᠰᠣᠷᠭᠠᠨ ᠡᠬᠦᠷᠭᠡᠯᠡᠵᠦ ᠪᠠᠶᠢᠪᠠ᠃       ᠰᠢᠨᠵᠢᠯᠡᠬᠦ ᠣᠬᠠᠭᠠᠨᠳᠠᠨ ᠰᠢᠭᠤᠷᠭᠠᠨ ᠪᠣᠯ ᠳᠡᠯᠡᠬᠡᠢ ᠳᠡᠭᠡᠷ᠎ᠡ ᠠᠩᠬ᠎ᠠ ᠬᠤᠷᠣᠭᠤ ᠰᠢᠯ  ᠳᠤ ᠬᠦᠪᠦᠷᠡᠯ ᠪᠦᠢᠵᠢᠭᠤᠯᠬᠤ ᠮᠡᠷᠭᠡᠵᠢᠯ  ᠢ ᠡᠭᠦᠳᠴᠣ᠂ ᠮᠠᠯ ᠳᠡᠵᠢᠭᠡᠪᠦᠷᠢ  ᠤᠨ ᠡᠬᠦᠯᠳᠡᠷ ᠰᠠᠶᠢᠵᠢᠷᠠᠭᠤᠯᠬᠤ ᠰᠢᠨ᠎ᠠ ᠵᠠᠮ  ᠢ ᠨᠡᠭᠡᠭᠡᠭᠰᠠᠨ ᠬᠦᠮᠦᠨ ᠮᠦᠨ᠃ 1984 ᠣᠨ  ᠳᠤ ᠳᠡᠯᠡᠬᠡᠢ  ᠶᠢᠨ ᠣᠣᠭᠠᠨ ᠬᠤᠷᠣᠭᠤ ᠰᠢᠯ  ᠤᠨ ᠢᠰᠢᠭᠡ  ᠶᠢ ᠪᠣᠶᠢᠵᠢᠭᠤᠯᠣᠨ ᠭᠠᠷᠭᠠᠪᠠ᠃ 1989 ᠣᠨ  ᠳᠤ ᠳᠣᠮᠳᠠᠲᠦ ᠣᠯᠣᠰ  ᠤᠨ ᠣᠣᠭᠠᠨ ᠬᠤᠷᠣᠭᠤ ᠰᠢᠯ  ᠤᠨ ᠬᠤᠷᠠᠭ᠎ᠠ ᠪᠠ ᠳᠣᠭᠤᠯ  ᠢ ᠪᠦᠢᠵᠢᠭᠤᠯᠣᠨ ᠭᠠᠷᠭᠠᠪᠠ᠃ ᠣᠷᠢᠳ ᠬᠤᠵᠢᠳ ᠣᠯᠣᠰ  ᠤᠨ ︽863︾  ᠶᠢᠨ ᠲᠦᠯᠦᠪᠯᠡᠭᠡ ᠳᠠᠬᠢ ︽75︾᠂ ︽85︾᠂ ︽95︾  ᠶᠢᠨ ᠲᠦᠷᠦᠯ ᠵᠦᠢᠯ  ᠢ ᠡᠬᠦᠷᠭᠡᠯᠡᠨ ᠬᠢᠵᠦ᠂ ᠦᠪᠦᠷ ᠮᠣᠩᠭᠤᠯ  ᠤᠨ ᠦᠪᠡᠷᠳᠡᠭᠡᠨ ᠵᠠᠰᠠᠬᠤ ᠣᠷᠣᠨ  ᠤ ᠪᠣᠭᠤᠮᠳᠠ ᠳᠠᠪᠠᠭ᠋ᠣ ᠰᠢᠪᠳᠤᠯᠤᠯᠳᠠ ᠶᠢᠨ ᠲᠦᠷᠦᠯ ᠵᠦᠢᠯ ᠵᠢᠴᠢ ᠤᠯᠤᠰ  ᠤᠨ ᠪᠠᠶᠢᠭᠠᠯᠢ  ᠶᠢᠨ ᠰᠢᠨᠵᠢᠯᠡᠬᠦ ᠣᠬᠠᠭᠠᠨ  ᠤ ᠰᠠᠭᠤᠷᠢ ᠮᠦᠩᠬᠦᠨ  ᠤ ᠳᠣᠰᠠᠯᠠᠮᠵᠢ  ᠶᠢᠨ ᠲᠦᠷᠦᠯ ᠵᠦᠢᠯ  ᠢ ᠡᠬᠦᠷᠬᠡᠯᠡᠨ ᠬᠢᠵᠦ᠂ ᠣᠯᠠᠨ ᠳᠠᠯ᠎ᠠ  ᠶᠢᠨ ᠰᠣᠳᠣᠯᠭᠠᠨ  ᠤ ᠦᠷ᠎ᠡ ᠪᠦᠳᠦᠮᠵᠢ  ᠶᠢ ᠣᠯᠣᠭᠰᠠᠨ ᠪᠠᠶᠢᠨ᠎ᠠ᠃ ᠤᠷᠴᠢᠮ  ᠤᠨ ᠵᠢᠯ  ᠤᠳ  ᠲᠤ ᠣᠯᠣᠰ  ᠤᠨ ᠳᠣᠳᠣᠭᠠᠲᠦ ᠭᠠᠳᠠᠭᠠᠲᠦ ᠳᠤ 130 ᠭᠠᠷᠣᠢ ᠡᠷᠳᠡᠮ ᠰᠢᠨᠵᠢᠯᠡᠭᠡᠨ  ᠤ ᠦᠬᠦᠯᠡᠯ ᠨᠠᠶᠢᠳᠠᠯᠠᠬᠦᠯᠵᠦ᠂ 9 ᠨᠣᠮ ᠪᠦᠳᠦᠬᠡᠵᠠᠢ᠃ ᠲᠦᠯᠦᠭᠡᠯᠡᠭᠴᠢ ᠪᠦᠳᠦᠭᠡᠯ ᠨᠢ ︽ᠦᠪᠦᠷ ᠮᠣᠩᠭᠤᠯ  ᠤᠨ ᠠᠮᠢᠲᠦ ᠪᠣᠳᠠᠰ  ᠤᠨ ᠦᠢᠯᠠᠯᠭ᠎ᠠ︾ ᠪᠣᠯᠣᠨ᠎ᠠ᠃ ᠡᠳᠦᠭᠡ ᠳᠡᠬᠦᠨ  ᠤ ᠡᠷᠳᠡᠮ ᠪᠦᠳᠦᠭᠡᠯ ᠳᠡᠯᠡᠭᠡᠢ  ᠶᠢᠨ ᠰᠢᠨᠵᠢᠯᠡᠬᠦ ᠣᠬᠠᠭᠠᠨ  ᠤ ᠭᠠᠷ ᠠᠪᠣᠯᠭ᠎ᠠ ᠪᠣᠯᠵᠠᠢ᠃       ᠡᠷᠳᠡᠮ ᠰᠢᠨᠵᠢᠯᠡᠭᠡᠨ  ᠤ ᠨᠦᠷᠢ ᠶᠡᠭᠡ ᠦᠷ᠎ᠡ ᠪᠦᠳᠦᠬᠡᠯ ᠲᠠᠢ ᠠᠵᠢᠯᠯᠠᠵᠦ ᠶᠠᠪᠣᠭᠰᠠᠨ ᠰᠢᠭᠤᠷᠭᠠᠨ ᠭᠤᠸᠠᠢ ᠤᠷᠢᠳ ᠬᠤᠵᠢᠳ ᠦᠪᠦᠷ ᠮᠣᠩᠭᠤᠯ  ᠤᠨ ᠦᠪᠡᠷᠳᠡᠭᠡᠨ ᠵᠠᠰᠠᠬᠤ ᠣᠷᠣᠨ  ᠤ ᠰᠢᠨᠵᠢᠯᠡᠭᠡ ᠲᠧᠭᠨᠢᠭ  ᠤᠨ ᠳᠠᠪᠰᠢᠯᠳᠠ  ᠶᠢᠨ ᠭᠤᠷᠪᠠᠳᠣᠭᠠᠷ ᠳᠠᠰ  ᠤᠨ ᠱᠠᠩᠨᠠᠯ᠂ ᠨᠢᠭᠡᠳᠦᠭᠡᠷ ᠳᠠᠰ  ᠤᠨ ᠱᠠᠩᠨᠠᠯ ᠪᠠ ᠤᠨᠴᠠ ᠳᠡᠰ  ᠤᠨ ᠱᠠᠩᠨᠠᠯ  ᠢᠶᠠᠷ ᠮᠢᠯᠢᠶᠠᠯᠭᠠᠵᠦ᠂ ᠣᠯᠣᠰ  ᠤᠨ ᠰᠢᠨᠵᠢᠯᠡᠭᠡ ᠲᠧᠭᠨᠢᠭ  ᠤᠨ ᠬᠤᠶᠠᠳᠣᠭᠠᠷ ᠳᠠᠰ  ᠤᠨ ᠱᠠᠩᠨᠠᠯ  ᠢᠶᠠᠷ ᠮᠢᠯᠢᠶᠠᠯᠭᠠᠵᠦ᠂ ᠣᠯᠠᠭᠠᠨᠬᠦᠦ  ᠶᠢᠨ ᠱᠠᠩ  ᠤᠨ ᠮᠦᠩᠬᠦᠨ  ᠤ ᠱᠠᠩᠨᠠᠯ ᠬᠦᠷᠳᠡᠵᠦ᠂ ᠳᠠᠶᠢᠸᠠᠨ  ᠤ ᠭᠤᠸᠠᠩ ᠬᠤᠸᠠ ᠰᠢᠨᠵᠢᠯᠡᠭᠡ ᠲᠧᠭᠨᠢᠭ  ᠤᠨ ᠰᠠᠭᠤᠷᠢ ᠮᠦᠩᠬᠦᠨ  ᠤ ᠱᠠᠩᠨᠠᠯ ᠳᠣᠰᠴᠣ᠂ ᠰᠢᠶᠠᠩᠭᠠᠩ  ᠤᠨ ᠾᠧ ᠯᠢᠶᠠᠩ ᠾᠧ ᠯᠢ  ᠶᠢᠨ ᠰᠠᠭᠤᠷᠢ ᠮᠦᠩᠬᠦᠨ  ᠤ ᠰᠢᠨᠵᠢᠯᠡᠬᠦ ᠣᠬᠠᠭᠠᠨ ᠪᠠ ᠲᠧᠭᠨᠢᠭ ᠮᠡᠷᠭᠡᠵᠢᠯ  ᠤᠨ ᠳᠠᠪᠰᠢᠯᠳᠠ  ᠶᠢᠨ ᠱᠠᠩᠨᠠᠯ ᠬᠦᠷᠳᠡᠵᠦ᠂ ᠠᠮᠧᠷᠢᠺᠡ  ᠶᠢᠨ ᠲᠦᠷᠪᠠᠩ ᠰᠢᠨᠵᠢᠯᠡᠭᠡ ᠲᠧᠭᠨᠢᠭ  ᠤᠨ ᠰᠢᠨ᠎ᠠ  ᠶᠢ ᠡᠭᠦᠳᠬᠦ ᠱᠠᠩᠨᠠᠯ ᠬᠦᠷᠳᠡᠵᠦ᠂ ᠪᠦᠬᠦ ᠤᠯᠤᠰ  ᠤᠨ ︽5.1︾  ᠶᠢᠨ ᠬᠦᠳᠡᠯᠮᠦᠴᠢᠨ  ᠤ ᠮᠧᠲ᠋ᠠᠯ ᠬᠦᠷᠳᠡᠵᠦ᠂ ᠣᠯᠣᠰ  ᠤᠨ ᠳᠡᠭᠡᠲᠦ ᠳᠡᠰ  ᠤᠨ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠳᠣᠪᠣᠶᠢᠮ᠎ᠠ ᠬᠤᠪᠢ ᠨᠡᠮᠡᠷᠢ ᠦᠵᠡᠬᠦᠯᠦᠭᠰᠠᠨ ᠱᠠᠩᠨᠠᠯ ᠬᠦᠬᠢᠬᠦᠯᠦᠯ  ᠢ ᠳᠣᠰᠴᠣ᠂ ᠣᠯᠣᠰ  ᠤᠨ ᠳᠣᠪᠣᠶᠢᠮ᠎ᠠ ᠬᠤᠪᠢ ᠨᠡᠮᠡᠷᠢ ᠦᠵᠡᠭᠦᠯᠦᠭᠰᠠᠨ ᠵᠠᠯᠠᠭᠤ ᠢᠳᠡᠷ ᠮᠡᠷᠭᠡᠵᠢᠯᠳᠠᠨ  ᠢᠶᠠᠷ ᠬᠤᠶᠠᠷᠳᠠᠨ ᠦᠨᠡᠯᠡᠭᠳᠡᠵᠦ᠂ ᠣᠯᠣᠰ  ᠲᠤ ᠪᠠᠨ ᠪᠣᠴᠠᠵᠦ ᠢᠷᠡᠭᠰᠠᠨ ᠳᠣᠪᠣᠶᠢᠮ᠎ᠠ ᠬᠤᠪᠢ ᠨᠡᠮᠡᠷᠢ ᠦᠵᠡᠬᠦᠯᠦᠭᠰᠠᠳ  ᠪᠠᠷ ᠦᠨᠡᠯᠡᠭᠳᠡᠵᠦ᠂ ᠪᠦᠬᠦ ᠣᠯᠣᠰ  ᠤᠨ ᠲᠡᠷᠢᠬᠦᠨ  ᠤ ᠠᠵᠢᠯᠳᠠᠨ ᠪᠠᠷ ᠦᠨᠡᠯᠡᠭᠳᠡᠵᠦ᠂ ᠪᠦᠬᠦ ᠣᠯᠣᠰ  ᠤᠨ ᠰᠢᠯᠢᠳᠡᠭ ᠰᠢᠨᠵᠢᠯᠡᠭᠡ ᠲᠧᠭᠨᠢᠭ  ᠤᠨ ᠮᠡᠷᠭᠡᠵᠢᠯᠳᠠᠨ  ᠢᠶᠠᠷ ᠦᠨᠡᠯᠡᠭᠳᠠᠵᠦ᠂ ᠦᠪᠡᠷᠳᠡᠭᠡᠨ ᠵᠠᠰᠠᠬᠤ ᠣᠷᠣᠨ  ᠤ ᠰᠢᠯᠢᠳᠡᠭ ᠨᠠᠮ  ᠤᠨ ᠭᠡᠰᠢᠬᠦᠨ ᠪᠠ ᠰᠢᠯᠢᠳᠡᠭ ᠵᠠᠬᠢᠷᠣᠯ  ᠢᠶᠠᠷ ᠦᠨᠡᠯᠡᠭᠳᠡᠵᠦ᠂ ᠬᠦᠬᠡᠬᠤᠳᠠ  ᠶᠢᠨ ᠠᠷᠪᠡᠨ ᠰᠢᠯᠢᠳᠡᠭ ᠰᠠᠶᠢᠨ ᠡᠷᠭᠡᠲᠦ ᠠᠷᠠᠳ  ᠤᠨ ᠨᠠᠷ᠎ᠡ ᠴᠣᠯᠠ  ᠶᠢ ᠬᠦᠷᠳᠡᠵᠦ᠂ 2002 ᠣᠨ  ᠳᠤ ᠨᠠᠮ  ᠤᠨ ᠲᠦᠪ ᠬᠤᠷᠢᠶᠠᠨ  ᠤ ᠵᠣᠬᠢᠶᠠᠨ ᠪᠠᠶᠢᠭᠤᠯᠬᠤ ᠬᠡᠯᠳᠡᠰ᠂ ᠣᠬᠠᠭᠤᠯᠬᠤ ᠭᠡᠯᠳᠡᠰ᠂ ᠠᠵᠢᠯᠳᠠᠨ  ᠤ ᠬᠡᠯᠳᠡᠰ᠂ ᠰᠢᠨᠵᠢᠯᠡᠭᠡ ᠲᠧᠭᠨᠢᠭ  ᠤᠨ ᠬᠡᠯᠳᠡᠰ  ᠠᠴᠠ ᠣᠯᠭᠤᠭᠰᠠᠨ ︽ᠭᠠᠷᠠᠮᠠᠭᠠᠢ ᠲᠧᠭᠨᠢᠭ ᠮᠡᠷᠭᠡᠵᠢᠯᠳᠠᠨ︾  ᠤ ᠢᠷᠡᠭᠤ ᠠᠯᠳᠠᠷ  ᠢ ᠬᠦᠷᠳᠡᠪᠡ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号