ᠶᠤᠸᠠᠨ ᠤᠯᠤᠰ ᠤᠨ ᠰᠤᠶᠤᠯ ᠲᠡᠤᠭᠡ ᠲᠠᠢ ᠬᠤᠯᠪᠤᠭᠳᠠᠬᠤ ᠦᠯᠢᠭᠡᠷ ᠲᠤᠮᠤᠭ ᠤᠳ — ᠶᠤᠸᠠᠨ‌ᠤᠯᠤᠰ ᠤᠨ ᠥᠷᠲᠡᠭᠡ ᠵᠠᠮ
ᠨᠡᠶᠢᠲᠡᠯᠡᠭᠰᠡᠨ ᠴᠠᠭ᠄
2018/4/2
     ᠦᠨᠦ ᠶᠢᠨ ᠳᠡᠯᠡᠭᠡᠢ ᠶᠢᠨ ᠵᠡᠮ ᠨᠡᠪᠳᠡᠷᠡᠯᠭᠡ ᠪᠡ ᠬᠠᠷᠢᠯᠴᠠᠭ᠎ᠠ ᠶᠠᠪᠤᠯᠴᠠᠭᠠᠨ ᠤ ᠤᠯᠪᠠᠭ᠎ᠠ ᠪᠤᠯᠤᠭᠰᠠᠠ ᠤᠯᠠᠭ᠎ᠠ‌ᠦᠷᠳᠡᠭᠡ ᠶᠢ ᠴᠢᠩᠭᠢᠰ ᠤᠨ ᠦᠶ᠎ᠡ ᠳᠤ ᠡᠭᠦᠰᠭᠡᠨ ᠦᠭᠡᠳᠡᠢ ᠬᠠᠭᠠᠨ ᠳᠦᠷᠢᠮᠵᠢᠭᠦᠯᠵᠦ᠂ ᠬᠤᠪᠢᠯᠠᠢ ᠬᠠᠭᠠᠨ ᠤ ᠦᠶ᠎ᠡ ᠭᠦᠷᠴᠤ ᠢᠷᠡᠭᠡᠳ ᠪᠦᠷᠢᠨᠰᠢᠭᠦᠯᠦᠨ ᠳᠡᠭᠦᠯᠳᠡᠷᠵᠢᠭᠦᠯᠦᠭᠰᠡᠡ ᠭᠡᠳᠡᠭ ᠪᠢᠯᠡ᠃      ᠶᠤᠸᠠᠨ ᠤᠯᠤᠰ ᠤᠨ ᠦᠶ᠎ᠡ ᠳᠤ ᠤᠯᠠᠨ ᠦᠷᠳᠡᠭᠡ ᠵᠠᠮ ᠭᠠᠷᠴᠤ᠂ ᠳᠡᠭᠡᠳᠦ ᠨᠡᠶᠢᠰᠯᠡᠯ ᠪᠡ  ᠳᠡᠶᠢᠳᠤ ᠨᠡᠶᠢᠰᠯᠡᠯ ᠤᠨ ᠬᠤᠭᠤᠷᠤᠨᠳᠤ ᠵᠢᠴᠢ ᠬᠠᠷᠠᠬᠤᠷᠢᠨ ᠭᠦᠷᠳᠡᠯ᠎ᠡ 119 ᠦᠷᠳᠡᠭᠡ ᠪᠠᠶᠢᠵᠦ᠂ ᠬᠤᠶᠠᠷ ᠨᠡᠶᠢᠰᠯᠡᠯ ᠤᠨ ᠬᠤᠭᠤᠷᠤᠨᠳᠤ ᠡᠵᠡᠨ ᠬᠠᠭᠠᠨ ᠤ ᠠᠶᠠᠯᠠᠳᠠᠭ ᠦᠷᠳᠡᠭᠡ ᠵᠡᠮ᠂ ᠰᠠᠶᠢᠳ ᠳᠦᠰᠢᠮᠡᠯ᠂ ᠡᠯᠴᠢ ᠨᠡᠷ ᠤᠨ ᠵᠤᠷᠴᠢᠳᠠᠬ‌ᠦᠷᠳᠡᠭᠡ ᠵᠡᠮ ᠭᠡᠵᠦ ᠴᠦᠮ ᠠᠰ ᠠᠰ ᠲᠠᠭᠠᠨ ᠪᠠᠶᠢᠬᠰᠠᠠ ᠭᠡᠨ᠎ᠡ᠃ ᠶᠤᠸᠠᠨ ᠤᠯᠤᠰ ᠤᠨ ᠰᠡᠭᠦᠯᠴᠢ ᠪᠤᠯᠬᠤ ᠳᠤ ᠪᠦᠭᠦ ᠤᠯᠤᠰ ᠤᠨ ᠭᠡᠪᠴᠢᠶᠡᠨ ᠳᠤ 1500 ᠭᠠᠷᠤᠢ ᠦᠷᠳᠡᠭᠡ ᠵᠡᠮ ᠲᠠᠢ ᠪᠠᠶᠢᠵᠦ᠂ ᠡᠭᠦᠨ ᠳᠤ ᠪᠤᠭᠤᠮᠳᠠ ᠶᠢᠨ ᠠᠷᠤ ᠳᠤ ᠨᠡᠪᠳᠡᠷᠡᠭᠰᠡᠡ ᠦᠷᠳᠡᠭᠡ ᠵᠡᠮ 109 ᠪᠠᠶᠢᠬᠰᠠᠠ ᠭᠡᠳᠡᠭ᠃ ᠠᠳᠡ ᠪᠢᠳᠡ ᠵᠦᠪᠭᠡᠨ ᠳᠡᠭᠡᠳᠦ ᠨᠡᠶᠢᠰᠯᠡᠯ ᠪᠤᠯᠤᠨ ᠶᠡᠭᠡ ᠨᠡᠶᠢᠰᠯᠡᠯ ᠤᠨ ᠬᠤᠭᠤᠷᠤᠨᠳᠡᠭᠢ ᠡᠵᠡᠨ ᠬᠠᠭᠠᠨ ᠤ ᠠᠶᠠᠯᠠᠳᠠᠭ ᠴᠤᠬᠤᠮ ᠦᠷᠳᠡᠭᠡ᠂ ᠳᠤᠮᠤᠬᠠᠨ‌‍ᠪᠠᠭᠤᠳᠠᠯ ᠪᠤᠶᠤ ᠬᠠᠭᠠᠨ ᠤ ᠨᠡᠭᠦᠳᠡᠯ ᠤᠷᠳᠤᠨ ᠤ ᠪᠠᠭᠤᠷᠢ ᠠᠴᠠ ᠭᠡᠳᠦ ᠶᠢ ᠳᠤᠪᠴᠢ ᠳᠠᠨᠢᠯᠴᠠᠭᠤᠯᠤᠶ᠎ᠠ᠃     ᠮᠢᠩᠭᠠᠨ ᠦᠷᠳᠡᠭᠡ — ︽ᠤᠯᠠᠭᠠᠨ ᠪᠠᠯᠭᠠᠳ︾      ᠡᠷᠳᠡᠨ ᠤ ᠴᠢᠩ ᠤᠯᠤᠰ ᠤᠨ ᠦᠶ᠎ᠡ ᠶᠢᠨ ᠳᠠᠶᠢᠹᠤᠰᠧ ᠮᠠᠯᠵᠢᠯ ᠤᠨ ᠳᠠᠯᠠᠪᠠᠢ ᠶᠢᠨ ᠪᠠᠷᠠᠭᠤᠨ ᠡᠮᠤᠨ᠎ᠡ ᠨᠢᠭᠡᠨ‌ᠡᠷᠳᠡᠨ ᠤ ᠬᠤᠳᠠ ᠶᠢᠨ ᠪᠠᠭᠤᠷᠢ ᠪᠠᠶᠢᠳᠠᠭ ᠢ ᠡᠨᠡ ᠨᠤᠳᠤᠭ ᠤᠨ ᠨᠠᠰᠤᠳᠠᠨ ᠪᠤᠭᠤᠷᠤᠯᠴᠤᠳ ᠤᠯᠠᠭᠠᠨ ᠪᠠᠯᠭᠠᠳ ︵ᠤᠯᠠᠭᠠᠨᠬᠤᠳᠠ ᠴᠤ ᠭᠡᠳᠡᠭ︶ ᠭᠡᠳᠡᠭ᠃ ᠬᠤᠳᠠ ᠶᠢᠨ ᠪᠠᠭᠤᠷᠢ ᠨᠢ ᠡᠷᠭᠢᠨ ᠳᠤᠭᠤᠷᠢᠨ ᠬᠤᠶᠠᠷ ᠭᠠᠵᠠᠷ ᠤᠨ ᠭᠡᠪᠴᠢᠶ᠎ᠡ ᠲᠠᠢ᠃ ᠬᠤᠳᠠ ᠶᠢᠨ ᠭᠡᠷᠡᠮ ᠨᠢ ᠡᠮᠤᠨ᠎ᠡ ᠪᠠᠨ ᠨᠢᠭᠡ ᠳᠤᠮᠤ ᠡᠭᠦᠳᠡ᠂ ᠵᠡᠭᠦᠨ ᠪᠠᠷᠠᠭᠤᠨ ᠳᠠᠯ᠎ᠠ ᠳᠠᠭᠠᠨ ᠳᠤᠰᠪᠦᠷᠢ ᠨᠢᠭᠡ ᠬᠤᠳᠠ ᠶᠢᠨ ᠡᠭᠦᠳᠡ ᠲᠠᠢ ᠪᠠᠶᠢᠵᠦ᠂ ᠳᠡᠭᠡᠳᠦ ᠨᠠᠶᠢᠰᠯᠠᠯ ᠱᠠᠩᠳᠤ ᠬᠤᠳᠠ ᠠᠴᠠ ᠪᠠᠷᠠᠭᠤᠨ ᠡᠮᠤᠨᠡᠰᠢ ᠲᠠᠶᠢᠲᠤ ᠨᠡᠶᠢᠰᠯᠡᠯ ᠵᠦᠭ ᠬᠠᠨᠳᠤᠭᠰᠠᠠ ᠦᠷᠳᠡᠭᠡ ᠵᠡᠮ ᠤᠨ ᠳᠦᠷᠪᠡᠳᠦᠭᠡᠷ ᠦᠷᠳᠡᠭᠡ ᠪᠠᠭᠤᠳᠠᠯ ᠶᠤᠮ ᠭᠡᠨ᠎ᠡ᠃ ᠡᠷᠳᠡᠨ ᠤ ᠭᠦᠮᠦᠰ ᠤᠨ ᠠᠶᠠᠯᠠᠯ ᠤᠨ ᠳᠡᠮᠳᠡᠭᠯᠡᠯ ᠳᠤ ᠪᠢᠴᠢᠭᠰᠡᠡ ᠢ ᠦᠨᠳᠦᠰᠦᠯᠡᠪᠡᠯ ᠴᠢᠯᠠᠭᠤᠨ ᠭᠡᠷᠡᠮ ᠵᠶ᠋ᠠᠷ‌‍ᠭᠦ᠋ᠷᠢᠶᠡᠯᠡᠭᠰᠡᠡ ᠡᠨᠡᠭᠦ ᠡᠷᠳᠡᠨ ᠤ ᠬᠤᠳᠠ ᠨᠢ ᠵᠠᠮ ᠵᠠᠭᠡᠯᠢ ᠶᠢᠨ ᠬᠤᠶᠠᠷ ᠳᠠᠯ᠎ᠡ ᠪᠠᠷ ᠢᠶᠠᠨ ᠭᠦᠭᠡᠷᠡᠨ ᠴᠡᠯᠭᠡᠷᠡᠭᠰᠡᠡ‌ᠨᠠᠷᠠᠰᠤ ᠮᠠᠶᠢᠯᠠᠰᠤ ᠪᠡ ᠠᠩᠭᠢᠯᠤᠮ᠎ᠠ ᠦᠨᠦᠷᠳᠤ ᠠᠷᠴᠠ ᠽᠨᠨᠳᠠᠨ ᠮᠤᠳᠤ ᠲᠠᠢ᠂ ᠴᠠᠭᠠᠨ ᠭᠡᠷᠡᠮ ᠤᠨ ᠡᠮᠤᠨᠡᠭᠢ ᠬᠤᠳᠠ ᠪᠠᠯᠭᠠᠳ ᠢ ᠪᠤᠳᠤᠪᠠᠯ ᠶᠤᠰᠤᠳᠠᠢ ᠠᠷᠢᠭᠤᠨ ᠴᠡᠪᠡᠷ᠂ ᠨᠠᠮ ᠵᠢᠮᠭᠡᠨ ᠬᠤᠳᠠ ᠪᠠᠯᠭᠠᠳ ᠪᠠᠶᠢᠬᠰᠠᠠ ᠠᠵᠤᠭᠤ᠃ᠤᠯᠠᠭᠠᠨ ᠪᠠᠯᠭᠠᠳ ᠨᠢ ᠦᠷᠦᠭᠡᠰᠤᠨ ᠴᠢᠯᠠᠭᠤᠨ ᠬᠠᠭᠠᠯᠭ᠎ᠠ ᠠᠴᠠ ᠵᠠᠭᠤᠨ ᠭᠠᠵᠠᠷ ᠯᠡ ᠵᠠᠶᠢᠳᠠᠢ ᠪᠠᠶᠢᠳᠠᠭ ᠭᠡᠨ᠎ᠡ᠃ᠴᠠᠭᠠᠨᠨᠠᠭᠤᠷ ᠦᠷᠳᠡᠭᠡ —  ᠪᠠᠷᠠᠭᠤᠨ ᠰᠡᠷᠢᠭᠦᠨ ᠤᠷᠳᠤᠨ       ᠱᠠᠩᠳᠤ ᠨᠠᠶᠢᠰᠯᠠᠯ ᠢ ᠵᠤᠷᠢᠵᠦ ᠮᠤᠯᠳᠤᠰᠢ ᠬᠠᠭᠠᠯᠭ᠎ᠠ ᠪᠠᠷ ᠭᠠᠷᠴᠤ ᠢᠷᠡᠭᠰᠡᠡ ᠬᠠᠭᠠᠨ ᠡᠵᠡᠨ ᠮᠢᠩᠭᠠᠨ ᠦᠷᠳᠡᠭᠡ ᠤᠯᠠᠭᠠᠨ ᠪᠠᠯᠭᠠᠳ ᠢ ᠳᠠᠭᠠᠷᠢᠭᠠᠳ ᠳᠦᠷ ᠠᠮᠠᠷᠠᠵᠦ᠂ ᠡᠨᠡᠭᠦ ᠨᠡᠯᠦᠭᠡᠷ ᠶᠡᠭᠡ ᠳᠠᠯᠠᠢ ᠳᠠᠩᠭᠢᠰ ᠮᠡᠳᠤ ᠴᠡᠩᠭᠡᠷᠯᠡᠭᠰᠡᠡ ᠴᠠᠭᠠᠨᠨᠠᠭᠤᠷ ᠤᠨ ᠪᠠᠷᠠᠭᠤᠨ ᠡᠷᠭᠢ ᠳᠠᠬᠢ ︽ᠪᠠᠷᠠᠭᠤᠨ ᠰᠡᠷᠢᠭᠦᠨ ᠤᠷᠳᠤᠨ︾ ᠳᠠᠭᠠᠨ ᠢᠷᠡᠵᠦ ᠬᠤᠨᠤᠭᠯᠠᠬᠤ ᠪᠤᠶᠤ ᠳᠠᠪᠠᠳᠠᠢ ᠪᠤᠯ ᠳᠠᠪᠤ ᠳᠤᠯᠤᠭ᠎ᠠ ᠴᠤ ᠬᠤᠨᠤᠳᠠᠭ ᠭᠡᠨ᠎ᠡ᠃ ᠪᠤᠭᠤᠮᠳᠠ ᠶᠢᠨ ᠠᠷᠤ ᠳᠤ ᠨᠡᠪᠳᠡᠷᠡᠭᠰᠡᠡ ᠡᠨᠡᠭᠦ ᠬᠠᠷ᠎ᠠ‌‍ᠭᠦ᠋ᠨᠳᠡᠢ ᠶᠢᠨ ᠡᠷᠳᠡᠨ ᠤ ᠶᠡᠭᠡ ᠬᠠᠩᠭᠠᠢ ᠵᠡᠮ ᠤᠨ ᠳᠠᠭᠠᠤ ᠬᠢ ᠠᠭᠤᠯᠠ ᠤᠰᠤᠨ ᠤ ᠳᠠᠩᠰᠤᠭ ᠦᠵᠡᠮᠵᠢ ᠶᠢ ᠪᠠᠭ᠋ᠠᠷᠬᠠᠨ ᠳᠤᠭᠤᠬᠰᠠᠠ ᠬᠤᠪᠢᠯᠠᠢ ᠬᠠᠭᠠᠨ ᡁᠢ ᠶᠤᠸᠠᠨ ᠤ ᠠᠷᠪᠠᠨ ᠳᠠᠪᠤᠳᠤᠭᠠᠷ ᠤᠨ ᠳᠤ ᠵᠡᠷᠯᠢᠬ ᠪᠠᠭᠤᠯᠭᠠᠨ‌ᠨᠡᠭᠦᠳᠡᠯ ᠤᠨ ᠤᠷᠳᠤᠨ ︵ᠦᠷᠳᠡᠭᠡ ᠪᠠᠭᠤᠳᠠᠯ︶ ᠢ ᠡᠭᠢᠯᠡᠵᠦ ᠪᠠᠶᠢᠭᠤᠯᠤᠭᠰᠠᠠ ᠪᠠᠶᠢᠵᠠᠢ᠃ ᠳᠠᠷᠠᠭ᠎ᠠ ᠵᠢᠯ ᠨᠢ ᠬᠤᠪᠢᠯᠠᠢ ᠪᠠᠶ᠎ᠠ ᠪᠠᠷ ᠢᠶᠠᠨ ᠤᠷᠳᠤᠨ ᠤ ᠪᠠᠶᠢᠭᠤᠯᠤᠯᠳᠠ ᠶᠢ ᠪᠠᠶᠢᠴᠠᠭᠠᠨ ᠦᠵᠡᠵᠦ ᠵᠤᠭᠠᠴᠠᠬᠰᠠᠠ ᠬᠡᠨ᠎ᠠ᠃ ᠲᠠᠬᠦᠨ ‍ᠤ‌‍ᠲ᠋ᠠᠷᠠᠭ᠎ᠠ ᠵᠢᠯ ᠨᠢ ᠪᠠᠷᠠᠭᠤᠨ ᠰᠡᠷᠢᠭᠦᠨ ᠤᠷᠳᠤᠨ ᠤ ᠪᠦᠭᠦ ᠪᠠᠷᠢᠯᠭ᠎ᠠ ᠶᠢ ᠵᠢᠯᠤᠭᠤᠳᠤᠭᠰᠠᠠ ᠭᠡᠰᠢᠭᠳᠡᠨ ᠴᠡᠷᠢᠭ ᠤᠨ ᠶᠠᠷᠤᠩᠭᠡᠢ ᠵᠠᠭᠢᠷᠤᠬᠴᠢ ᠠᠴᠠ ᠬᠤᠪᠢᠯᠠᠢ ᠬᠠᠭᠠᠨ ᠳᠤ ︽ᠦᠵᠡᠮᠵᠢ ᠰᠤᠨᠢᠷᠬᠠᠬᠤ ᠬᠠᠷᠰᠢ︾ — ᠰᠢᠶᠠᠩ ᠯᠢ ᠳ᠋ᠢᠶᠠᠨ ᠢ ᠪᠠᠶᠢᠭᠤᠯᠤᠨ ᠦᠭᠪᠡ᠃ ᠬᠤᠵᠢᠮ ᠨᠢ ᠪᠠᠰᠠ ᠠᠳᠡ ᠶᠦᠩᠰᠢᠶᠡᠪᠤᠤ ᠤᠷᠳᠤᠨ ᠢ ᠨᠡᠮᠡᠵᠦ ᠪᠠᠶᠢᠭᠤᠯᠤᠭᠠᠳ ᠡᠵᠡᠨ ᠬᠠᠭᠠᠨ ᠤ ᠠᠪᠠ ᠬᠤᠮᠤᠷᠭ᠎ᠠ ᠳᠠᠯᠪᠢᠬᠤ ᠭᠡᠷᠡᠭᠴᠡᠭᠡ ᠶᠢ ᠬᠠᠩᠭᠠᠳᠠᠭ ᠪᠠᠶᠢᠬᠰᠠᠠ ᠬᠡᠨ᠎ᠠ᠃ ᠡᠨᠡ ᠪᠠᠭᠤᠷᠢ ᠶᠢ ᠨᠤᠳᠤᠭ ᠤᠨ ᠠᠷᠠᠳ ︽ᠴᠠᠭᠠᠨ ᠭᠡᠷᠳᠡᠢ︾ ᠭᠡᠵᠦ ᠨᠡᠷᠡᠯᠡᠭᠰᠡᠨ ᠪᠠᠶᠢᠨ᠎ᠠ᠃ᠯᠢ ᠯᠢᠩ ᠲᠠᠢ ᠦᠷᠳᠡᠭᠡ — ᠪᠤᠷᠤ ᠬᠤᠳᠠ          ᠤᠳᠤ ᠶᠢᠨ ᠱᠠᠩᠳᠤ ᠶᠢᠨ ᠭᠤᠤᠯ ᠪᠠᠯᠭᠠᠰᠤᠨ ᠤ ᠠᠷᠤ ᠳᠠᠬᠢ ᠡᠷᠳᠡᠨ ᠤ ᠠᠯᠳᠠᠨ ᠤᠯᠤᠰ ᠤᠨ ᠬᠤᠸᠠᠨᠵᠧᠦ ᠬᠤᠳᠠ ᠶᠢᠨ ᠪᠠᠭᠤᠷᠢ ᠠᠴᠠ ᠡᠮᠤᠨᠡᠰᠢ ᠳᠦᠴᠢᠨ ᠭᠠᠵᠠᠷ ᠶᠠᠪᠤᠪᠠᠯ ᠮᠤᠩᠭᠤᠯᠴᠤᠳ ᠤᠨ ᠭᠡᠯᠡᠳᠡᠭ ᠪᠤᠷᠤ ᠬᠤᠳᠠ ᠭᠡᠭᠦ ᠡᠷᠳᠡᠨ ᠤ ᠸᠧᠢ ᠯᠦ ᠶᠢ ᠦᠷᠳᠡᠭᠡ ᠶᠢᠨ ᠪᠠᠭᠤᠷᠢ ᠪᠤᠢ᠃ ᠡᠨᠡ ᠪᠤᠯ ᠮᠠᠰᠢ ᠡᠷᠳᠡᠨ ᠤ ᠬᠤᠳᠠ ᠪᠠᠯᠭᠠᠳ ᠪᠦᠭᠡᠳ‌‍ᠶᠤᠸᠠᠨ ᠤᠯᠤᠰ ᠤᠨ ᠦᠶ᠎ᠡ ᠶᠢᠨ ︽ᠯᠢ ᠯᠢᠩ ᠲᠠᠢ︾ ᠭᠡᠭᠦ ᠨᠢᠭᠡᠨ ᠴᠢᠬᠤᠯᠠ ᠦᠷᠳᠡᠭᠡ ᠪᠠᠭᠤᠳᠠᠯ ᠪᠤᠯᠬᠤ ᠶᠤᠮ᠃ ᠡᠷᠳᠡ ᠳᠤ ᠬᠠᠨ ᠤᠯᠤᠰ ᠤᠨ ᠯᠢ ᠯᠢᠩ ᠭᠡᠳᠡᠭ ᠨᠡᠷᠡᠳᠦ ᠵᠠᠩᠵᠤᠨ ᠾᠦᠩᠨᠤ ᠠᠶᠢᠮᠠᠬ ᠲᠤ ᠤᠯᠵᠠᠯᠠᠬᠳᠠᠨ‌ᠮᠤᠩᠭᠤᠯ ᠳᠤ ᠰᠢᠳᠤᠷᠭᠤ ᠪᠠᠷ ᠵᠢᠳᠭᠦᠭᠰᠡᠡ ᠢᠶᠠᠷ ᠳᠡᠭᠦᠨ ᠢᠶᠠᠷ ᠪᠤᠭᠤᠮᠳᠠ ᠶᠢᠨ ᠠᠷᠤ ᠳᠠᠬᠢ ᠡᠨᠡᠭᠦ ᠬᠤᠳᠠ‌‍ᠰᠠᠭᠤᠷᠢᠨ ᠢ ᠰᠠᠭᠢᠭᠤᠯᠵᠠᠢ᠃ ᠬᠤᠵᠢᠮ ᠨᠢ ᠮᠤᠩᠭᠤᠯᠴᠤᠳ ᠳᠡᠭᠦᠨ ᠤ ᠭᠠᠪᠢᠶ᠎ᠠ ᠵᠢᠳᠭᠦᠯ ᠢ ᠳᠤᠷᠠᠰᠬᠠᠨ ᠳᠡᠮᠳᠡᠭᠯᠡᠵᠦ ᠳᠤᠰ ᠬᠤᠳᠠ ᠶᠢᠨ ᠬᠤᠶᠢᠳᠤ ᠬᠠᠭᠠᠯᠭᠠᠨ ᠳᠡᠭᠡᠷ᠎ᠡ ︽ᠯᠢ ᠯᠢᠩ ᠲᠠᠢ︾ ᠭᠡᠮᠡᠭᠦ ᠴᠢᠯᠠᠭᠤᠨ ᠭᠦᠰᠢᠶ᠎ᠡ ᠪᠤᠰᠬᠠᠵᠦ ᠦᠭᠭᠦᠭᠰᠡᠡ ᠢᠶᠠᠷ ᠶᠤᠸᠠᠨ ᠤᠯᠤᠰ ᠤᠨ ᠦᠶ᠎ᠡ ᠳᠤ ᠴᠤ ᠯᠢ ᠯᠢᠩ ᠲᠠᠢ ᠦᠷᠳᠡᠭᠡ ᠭᠡᠳᠡᠭ ᠪᠠᠶᠢᠵᠠᠢ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠡ ᠮᠠᠯᠴᠢᠳ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号