ᠶᠡᠷᠦᠩᠬᠡᠶᠢᠯᠡᠭᠴᠢ ᠠᠵᠢᠯ ᠡᠷᠢᠭᠰᠡᠨ ᠨᠢ
ᠨᠡᠶᠢᠲᠡᠯᠡᠭᠰᠡᠨ ᠴᠠᠭ᠄
2018/4/2
        ᠠᠮᠧᠷᠢᠺᠠ ᠶᠢᠨ ᠭᠤᠴᠢᠨ ᠨᠢᠭᠡᠳᠦᠭᠡᠷ ᠶᠡᠷᠦᠩᠬᠡᠶᠢᠯᠡᠭᠴᠢ ᠾᠧᠪᠦ᠋ᠸᠧᠲ · ᠺᠧᠯᠠᠺ · ᠬᠤᠹᠦ᠋ᠸᠧ ᠶᠡᠭᠡ  ᠰᠤᠷᠭᠠᠭᠤᠯᠢ ᠲᠡᠭᠦᠰᠦᠭᠰᠡᠨ ᠤ ᠲᠠᠷᠠᠭ᠎ᠠ᠂ ᠲᠤᠬᠠᠢ ᠶᠢᠨ ᠦᠶ ᠎ᠠ ᠶᠢᠨ  ᠰᠠᠨ  ᠹᠷᠠᠨᠰᠢᠰᠺᠦ ᠶᠢᠨ  ᠠᠭᠤᠷᠬᠠᠢ ᠶᠢᠨ  ᠦᠢᠯᠡᠳᠪᠦᠷᠢ ᠶᠢᠨ  ᠨᠡᠷᠡᠳᠦ ᠢᠨᠵᠧᠨᠧᠷ ᠼᠧᠨᠢᠩ ᠳᠤ ᠲᠤᠰᠠᠯᠠᠬᠴᠢ ᠢᠨᠵᠧᠨᠧᠷ ᠪᠤᠯᠬᠤ ᠪᠠᠷ ᠵᠤᠷᠢᠭ ᠰᠢᠭᠤᠳᠴᠤ᠂ ᠭᠤᠷᠪᠠᠨ  ᠰᠠᠷ  ᠎ᠠ ᠶᠢᠨ  ᠴᠠᠭ  ᠭᠠᠷᠭᠠᠨ ᠲᠤᠰᠬᠠᠢᠢᠯᠠᠨ ᠪᠤᠯᠪᠠᠰᠤᠷᠠᠯ ᠤᠨ ᠠᠩᠬᠢ ᠳᠤ ᠨᠡᠷ ᠎ᠡ ᠮᠡᠳᠡᠭᠦᠯᠵᠦ  ᠠᠭᠤᠷᠬᠠᠢ ᠶᠢᠨ  ᠡᠬᠢ  ᠪᠠᠶᠠᠯᠢᠭ ᠢ  ᠬᠠᠶᠢᠨ  ᠰᠦᠪᠡᠭᠴᠢᠯᠡᠬᠦ ᠮᠡᠷᠭᠡᠵᠢᠯ ᠢ ᠰᠢᠰᠲᠧᠮ ᠲᠠᠢ ᠰᠤᠷᠤᠯᠴᠠᠵᠤ᠂ ᠢᠳᠡᠭᠡᠯ ᠲᠡᠭᠦᠯᠳᠡᠷ ᠼᠧᠨᠢᠩ ᠤᠨ  ᠺᠤᠮᠫᠠᠨᠢ ᠳᠤ  ᠤᠴᠢᠬᠰᠠᠨ  ᠪᠢᠯᠡ᠃  ᠭᠡᠪᠡᠴᠤ ᠼᠧᠨᠢᠩ ᠲᠡᠭᠦᠨ ᠤ ᠪᠡᠶ᠎ᠡ ᠶᠢᠨ ᠲᠠᠨᠢᠯᠴᠠᠭᠤᠯᠭ᠎ᠠ ᠶᠢ  ᠰᠤᠨᠤᠰᠤᠭᠰᠠᠨ ᠤ  ᠲᠠᠷᠠᠭ᠎ᠠ᠄  ︽ᠤᠳᠤ  ᠴᠢᠮ  ᠎ᠠ  ᠰᠢᠭ᠋  ᠲᠤᠰᠠᠯᠠᠬᠴᠢ ᠢᠨᠵᠧᠨᠧᠷ ᠤᠨ ᠠᠵᠢᠯ ᠢ ᠵᠤᠷᠢᠵᠤ ᠢᠷᠡᠭᠰᠡᠨ ᠰᠢᠯᠢᠳᠡᠭ ᠰᠤᠷᠤᠬᠴᠢ ᠤᠯᠠᠨ ᠪᠠᠶᠢᠨ᠎ᠠ᠂ ᠭᠡᠪᠡᠴᠤ ᠨᠠᠳᠠᠳᠤ ᠲᠤᠰᠠᠯᠠᠬᠴᠢ ᠢᠨᠵᠧᠨᠧᠷ ᠲᠤᠳᠠᠬᠳᠠᠵᠤ ᠦᠭᠡᠢ︾ ᠬᠡᠪᠡ᠃         ᠡᠬᠦᠨ ᠢ ᠰᠤᠨᠤᠰᠤᠭᠠᠳ ᠬᠤᠹᠦ᠋ᠸᠧ ᠪᠤᠰᠤᠳ ᠲᠠᠢ ᠠᠳᠠᠯᠢ ᠵᠤᠷᠢᠭ  ᠮᠤᠬᠤᠷᠠᠬᠰᠠᠨ  ᠦᠭᠡᠢ  ᠬᠠᠷᠢᠨ᠄  ︽ᠲᠡᠭᠡᠪᠡᠯ ᠲᠠᠨ ᠤ ᠺᠤᠮᠫᠠᠨᠢ ᠳᠤ ᠨᠠᠳᠠᠳᠤ  ᠲᠤᠬᠢᠷᠠᠬᠤ  ᠪᠤᠰᠤᠳ  ᠠᠵᠢᠯ  ᠪᠠᠶᠢᠨ᠎ᠠ  ᠤᠤ︖︾  ᠭᠡᠵᠦ  ᠠᠰᠠᠭᠤᠪᠠ᠃  ᠼᠧᠨᠢᠩ  ᠲᠦᠷ ᠪᠤᠳᠤᠯᠬᠢᠯᠠᠬᠰᠠᠨ ᠢᠶᠠᠨ᠄ ︽ᠦᠰᠦᠭ ᠴᠤᠬᠢᠬᠤ ᠨᠠᠷᠢᠨ ᠪᠢᠴᠢᠭᠡᠴᠢ ᠬᠡᠷᠡᠭᠳᠡᠢ ᠪᠠᠶᠢᠨ᠎ᠠ︾ ᠭᠡᠵᠦ ᠬᠡᠯᠡᠪᠡ᠃  ᠬᠤᠹᠦ᠋ᠸᠧ᠄  ︽ᠪᠢ ᠦᠰᠦᠭ ᠴᠤᠬᠢᠵᠤ ᠴᠢᠳᠠᠨ᠎ᠠ᠂ ᠬᠡᠷᠪᠡ ᠲᠠ ᠵᠦᠪᠰᠢᠶᠡᠷᠡᠬᠦ ᠳᠤ ᠬᠦᠷᠪᠡᠯ᠂ ᠨᠠᠳᠠᠳᠤ ᠲᠦᠷᠪᠡᠨ ᠡᠳᠦᠷ ᠤᠨ  ᠴᠢᠯᠦᠭᠡ  ᠦᠭᠴᠦ᠂ ᠲᠦᠷᠪᠡᠨ ᠡᠳᠦᠷ ᠤᠨ ᠲᠠᠷᠠᠭ᠎ᠠ ᠠᠵᠢᠯ ᠢᠶᠠᠨ ᠡᠬᠢᠯᠡᠬᠦᠯᠵᠦ ᠪᠤᠯᠤᠨ᠎ᠠ ᠤᠤ︖︾ ᠭᠡᠵᠦ ᠢᠨᠢᠶᠡᠮᠰᠦᠭᠯᠡᠨ ᠭᠡᠯᠡᠪᠡ᠃         ᠡᠶᠢᠨᠬᠦ ᠬᠤᠹᠦ᠋ᠸᠧ ᠼᠧᠨᠢᠩ ᠤᠨ ᠺᠤᠮᠫᠠᠨᠢ ᠳᠤ ᠨᠠᠷᠢᠨ ᠪᠢᠴᠢᠭᠡᠴᠢ ᠪᠠᠷ ᠠᠵᠢᠯᠯᠠᠵᠠᠢ᠃ ᠬᠡᠳᠦ᠋ᠢᠪᠡᠷ ᠲᠡᠭᠦᠨ ᠤ ᠦᠰᠦᠭ ᠴᠤᠬᠢᠬᠤ ᠬᠤᠷᠳᠤᠴᠠ ᠨᠢ ᠪᠤᠰᠤᠳ ᠠᠵᠢᠯᠳᠠᠨ ᠢ  ᠬᠦᠷᠭᠦ  ᠦᠭᠡᠢ  ᠪᠤᠯᠪᠠᠴᠤ  ᠠᠵᠢᠯ ᠳᠠᠭᠠᠨ  ᠤᠨᠴᠠᠭᠠᠢ  ᠨᠠᠷᠢᠨ  ᠬᠢᠨᠠᠮᠠᠭᠠᠢ ᠬᠠᠨᠳᠤᠳᠠᠭ ᠤᠴᠢᠷ ᠠᠴᠠ ᠤᠳᠠᠯ ᠦᠭᠡᠢ ᠼᠧᠨᠢᠩ ᠳᠤ  ᠴᠢᠬᠤᠯᠠᠴᠢᠯᠠᠨ  ᠬᠡᠷᠡᠭᠯᠡᠭᠳᠡᠭᠰᠡᠨ  ᠪᠦᠭᠡᠳ  ᠰᠡᠬᠦᠯᠡᠷ ᠨᠢ  ᠬᠤᠹᠦ᠋ᠸᠧ ᠺᠤᠮᠫᠠᠨᠢ ᠶᠢᠨ ᠤᠤᠯ ᠤᠨ  ᠲᠤᠰᠠᠯᠠᠬᠴᠢ  ᠢᠨᠵᠧᠨᠧᠷ ᠢ  ᠤᠷᠤᠯᠠᠵᠤ  ᠴᠢᠳᠠᠪᠠ᠃  ᠬᠤᠵᠢᠮ ᠨᠢ᠂  ᠼᠧᠨᠢᠩ  ᠪᠠᠰᠠ  ᠲᠡᠭᠦᠨ ᠢ ᠠᠦᠰᠲᠷᠢᠶ ᠎ᠠ᠂ ᠲᠤᠮᠳᠠᠳᠤ ᠤᠯᠤᠰ ᠵᠠᠷᠭᠡ ᠤᠯᠤᠰ ᠤᠷᠤᠨ ᠳᠤ ᠲᠤᠮᠢᠯᠠᠨ ᠠᠭᠤᠷᠬᠠᠢ ᠶᠢᠨ ᠤᠷᠤᠨ ᠤ ᠶᠡᠷᠦᠩᠬᠡᠢ ᠢᠨᠵᠧᠨᠧᠷ ᠤᠨ ᠠᠵᠢᠯ ᠢ ᠬᠠᠷᠢᠭᠤᠴᠠᠭᠤᠯᠵᠠᠢ᠃ ᠬᠤᠹᠦ᠋ᠸᠧ 40 ᠨᠠᠰᠤᠳᠠᠢ ᠳᠠᠭᠠᠨ  ᠤᠯᠤᠰ  ᠲᠦᠷᠦ ᠶᠢᠨ  ᠵᠠᠮ ᠢᠶᠠᠷ  ᠵᠠᠮᠨᠠᠵᠤ᠂  1928 ᠤᠨ ᠳᠤ ᠶᠡᠷᠦᠩᠬᠡᠶᠢᠯᠡᠭᠴᠢ ᠶᠢᠨ ᠰᠠᠭᠤᠷᠢᠨ ᠳᠤ ᠭᠠᠷᠤᠬᠰᠠᠨ ᠪᠠᠶᠢᠨ᠎ᠠ᠃         ᠬᠤᠹᠦ᠋ᠸᠧ ᠶᠠᠭᠤᠨ ᠳᠤ ᠵᠤᠷᠢᠭᠤᠳᠠ ᠲᠦᠷᠪᠡᠨ ᠡᠳᠦᠷ ᠤᠨ ᠴᠢᠯᠦᠭᠡ ᠭᠤᠶᠤᠬᠰᠠᠨ ᠪᠤᠢ︖ ᠤᠯᠠᠨ ᠵᠢᠯ ᠤᠨ ᠲᠠᠷᠠᠭ᠎ᠠ ᠲᠡᠷᠡ ᠨᠠᠶᠢᠵᠠ ᠳᠠᠭᠠᠨ ᠡᠨᠡᠬᠦ ᠨᠢᠭᠤᠴᠠ ᠪᠠᠨ  ᠢᠯᠡᠴᠢᠯᠡᠪᠡ᠃  ︽ᠦᠨᠡᠨ ᠳᠡᠭᠡᠨ  ᠲᠤᠬᠠᠢ ᠶᠢᠨ  ᠦᠶ  ᠎ᠠ ᠳᠤ  ᠪᠢ  ᠦᠰᠦᠭ ᠴᠤᠬᠢᠬᠤ ᠮᠠᠰᠢᠨ ᠢ ᠬᠡᠷᠡᠭᠯᠡᠵᠦ ᠴᠢᠳᠠᠬᠤ ᠦᠭᠡᠢ ᠪᠠᠶᠢᠵᠠᠢ᠂ ᠭᠡᠪᠡᠴᠤ ᠲᠦᠷᠪᠡᠨ ᠡᠳᠦᠷ ᠤᠨ ᠲᠤᠳᠤᠷ ᠎ᠠ  ᠮᠠᠰᠢᠨ ᠢᠶᠠᠷ  ᠦᠰᠦᠭ ᠴᠤᠬᠢᠬᠤ ᠶᠢ  ᠰᠤᠷᠤᠴᠢᠬᠠᠨ᠎ᠠ  ᠭᠡᠵᠦ  ᠪᠠᠶ  ᠎ᠠ ᠳᠡᠭᠡᠨ   ᠢᠳᠡᠭᠡᠯ ᠲᠠᠢ   ᠪᠠᠶᠢᠵᠠᠢ︾   ᠭᠡᠪᠡ᠃   ᠡᠨᠡ ᠨᠢ   ᠠᠵᠢᠯ ᠳᠠᠭᠠᠨ ᠬᠤᠶᠢᠷᠭᠤᠰᠢᠬᠰᠠᠨ ᠤᠪᠤᠷ ᠪᠢᠰᠢ᠂ ᠬᠠᠷᠢᠨ ᠨᠡᠩ ᠢᠯᠡᠬᠦᠦ  ᠰᠠᠨᠠᠭᠠᠴᠢᠯᠠᠭ᠎ᠠ ᠲᠠᠢ  ᠪᠤᠯᠬᠤ ᠪᠠᠷ  ᠮᠠᠷᠠᠶᠢᠨ  ᠴᠢᠷᠮᠠᠶᠢᠬᠤ  ᠠᠷᠭ᠎ᠠ ᠤᠬᠠᠭᠠᠨ ᠪᠠᠶᠢᠵᠠᠢ᠃
 
ᠢᠷᠡᠯᠲᠡ᠄ ᠦᠪᠣᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号