ᠮᠣᠩᠭᠤᠯᠵᠢᠨ ᠭᠤᠸ᠎ᠠ
ᠨᠡᠶᠢᠲᠡᠯᠡᠭᠰᠡᠨ ᠴᠠᠭ᠄
2018/4/3
ᠮᠣᠩᠭᠤᠯᠵᠢᠨ ᠭᠤᠸ᠎ᠠ                                 ᠣᠳᠣᠷᠲᠠᠯ᠎ᠠ ᠶᠢᠨ ᠮᠤᠩᠭᠤᠯᠴᠥᠳ ᠢ ᠲᠦᠷᠦᠭᠦᠯᠥᠭᠰᠡᠨ ᠲᠠᠷᠬᠠᠨ ᠡᠬᠡ ᠭᠤᠸ᠎ᠠ ᠮᠠᠷᠠᠯ ᠲᠠᠪᠤᠨ ᠮᠦᠰᠥ ᠶᠢᠨ ᠰᠤᠷᠭᠠᠯ ᠬᠠᠶᠢᠷᠠᠯᠠᠭᠰᠠᠨ ᠰᠢᠳᠤᠭᠡᠨ ᠡᠬᠡ ᠠᠯᠥᠨ ᠭᠤᠸ᠎ᠠ     ᠨᠠᠷᠮᠠᠢ ᠮᠤᠩᠭᠤᠯ ᠢᠶᠠᠨ ᠲᠡᠳᠭᠦᠭᠰᠡᠨ     ᠨᠠᠷᠠᠨ ᠭᠤᠸ᠎ᠠ ᠪᠦᠰᠡᠭᠦ᠋ᠢᠴᠤᠳ ᠮᠢᠨᠢ     ᠰᠠᠶᠢᠬᠠᠨ ᠮᠤᠩᠭᠤᠯ ᠢᠶᠠᠨ ᠦᠷᠥᠰᠢᠶᠡᠭᠰᠡᠨ     ᠰᠠᠷᠠᠨ ᠭᠤᠸ᠎ᠠ ᠪᠦᠰᠡᠭᠦ᠋ᠢᠴᠤᠳ ᠮᠢᠨᠢ ᠪᠤᠭᠳᠠ ᠡᠵᠡᠨ ᠢ ᠵᠠᠶᠠᠭᠠᠭᠰᠠᠨ ᠪᠤᠷᠬᠠᠨ ᠡᠬᠡ ᠦᠭᠡᠯᠥᠨ ᠦᠵᠢᠨ ᠪᠤᠭᠳᠠ ᠶᠢᠨ ᠲᠦᠰᠢᠶ᠎ᠠ ᠪᠤᠶᠠᠨᠳᠤ ᠡᠬᠡ ᠪᠦᠷᠳᠠ ᠦᠵᠢᠨ    ᠮᠤᠩᠭᠤᠯ ᠡᠷᠡᠴᠤᠳ ᠢ ᠬᠦᠮᠤᠵᠢᠭᠦᠯᠦᠭᠰᠡᠨ    ᠮᠤᠩᠭᠤᠯᠵᠢᠨ ᠭᠤᠸ᠎ᠠ ᠪᠦᠰᠡᠭᠦ᠋ᠢᠴᠤᠳ ᠮᠢᠨᠢ    ᠮᠤᠷᠢᠳᠠᠨ ᠪᠠᠭᠠᠳᠤᠳ ᠢ ᠦᠰᠭᠡᠭᠰᠡᠨ     ᠤᠶᠥᠨ ᠭᠤᠸ᠎ᠠ ᠪᠦᠰᠡᠭᠦ᠋ᠢᠴᠤᠳ ᠮᠢᠨᠢ ᠲᠦᠷᠪᠠᠨ ᠬᠠᠭᠠᠨ ᠬᠦᠮᠦᠵᠢᠬᠦᠯᠦᠭᠰᠡᠨᠬᠦᠨᠳᠤᠳᠤ ᠡᠬᠡ ᠰᠤᠷᠬᠠᠠᠠᠳᠠᠨᠢ ᠪᠠᠬᠢ ᠲᠦᠴᠢᠨ ᠲᠦᠮᠡᠨ ᠢ ᠬᠤᠷᠢᠶᠠᠭᠰᠠᠨ ᠴᠡᠴᠡᠨ ᠡᠬᠡ ᠮᠠᠨᠳᠤᠬᠠᠢ ᠰᠡᠴᠡᠨ   ᠠᠷᠢᠭᠤᠨ ᠤᠬᠠᠭᠠᠨ ᠢᠶᠠᠷ ᠲᠡᠳᠭᠦᠭᠰᠡᠨ   ᠠᠯᠳᠠᠷ ᠭᠤᠸ᠎ᠠ ᠪᠦᠰᠡᠭᠦ᠋ᠢᠴᠤᠳ ᠮᠢᠨᠢ   ᠠᠭᠤᠤ ᠮᠤᠩᠭᠤᠯ ᠢᠶᠠᠨ ᠴᠤᠭᠴᠠᠯᠠᠭᠰᠠᠨ     ᠠᠯᠳᠠᠨ ᠭᠤᠸ᠎ᠠ ᠪᠦᠰᠡᠭᠦ᠋ᠢᠴᠤᠳ ᠮᠢᠨᠢ ᠡᠴᠢᠭᠡ ᠶᠢᠨ ᠲᠦᠷᠤ ᠳᠤ ᠵᠢᠳᠭᠦᠭᠰᠡᠨ ᠡᠷᠬᠢᠮᠰᠥᠭ ᠦᠬᠢᠨ ᠠᠯᠠᠭ᠎ᠠ ᠪᠠᠬᠢ ᠡᠷ᠎ᠡ ᠶᠢᠨ ᠦᠢᠯᠡᠰ ᠲᠤ ᠲᠤᠰᠠᠯᠠᠭᠰᠠᠨ ᠡᠷᠡᠯᠭᠡᠭ ᠬᠠᠳᠤᠨ ᠠᠨᠤ ᠳ᠋ᠠᠷ᠎ᠠ       ᠲᠦᠷᠤ ᠶᠢᠨ ᠡᠮᠤᠨ᠎ᠠ ᠬᠢᠯᠠᠯᠵᠠᠭᠰᠠᠨ     ᠮᠡᠷᠭᠡᠨ ᠭᠤᠸ᠎ᠠ ᠪᠦᠰᠡᠭᠦ᠋ᠢᠴᠤᠳ ᠮᠢᠨᠢ     ᠲᠦᠮᠡᠨ ᠤ ᠲᠦᠯᠤᠭᠡ ᠲᠡᠮᠡᠴᠡᠭᠰᠡᠨ     ᠰᠡᠴᠡᠨ ᠭᠤᠸ᠎ᠠ ᠪᠦᠰᠭᠦ᠋ᠢᠴᠤᠳ ᠮᠢᠨᠢ ᠡᠯᠪᠡᠷᠢᠯ ᠵᠢᠷᠤᠮ ᠢ ᠬᠦᠢᠴᠡᠭᠡᠭᠰᠡᠨ ᠢᠳᠡᠭᠡᠯᠳᠤ ᠵᠠᠷᠤᠴᠠ ᠬᠤᠸᠠᠭᠴᠢᠨ ᠡᠮᠡᠭᠡᠨ ᠡᠪ ᠨᠢᠭᠡᠳᠤᠯ ᠢ ᠤᠷᠢᠶᠠᠯᠠᠭᠰᠠᠨ ᠡᠷᠬᠢᠮ ᠵᠦᠭᠴᠢ ᠨᠠᠶᠢᠮᠠᠯᠵᠢᠨ ᠡᠮᠡᠭᠡᠨ    ᠦᠷᠤᠰᠢᠶᠡᠯ ᠬᠠᠶᠢᠷ᠎ᠠ ᠪᠢᠯᠬᠠᠭᠰᠠᠨ   ᠠᠷᠢᠭᠤᠨ ᠭᠤᠸ᠎ᠠ ᠪᠦᠰᠡᠭᠦ᠋ᠢᠴᠤᠳ ᠮᠢᠨᠢ    ᠦᠨᠡᠨᠴᠢ ᠰᠢᠳᠤᠷᠭᠤ ᠠᠴᠢᠯᠠᠭᠰᠠᠨ     ᠦᠨᠡᠨ ᠭᠤᠸ᠎ᠠ ᠪᠦᠰᠡᠭᠦ᠋ᠢᠴᠤᠳ ᠮᠢᠨᠢ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号