ᠰᠢᠨᠬᠤᠧᠠ ᠮᠣᠩᠬᠤᠯ ᠨᠧᠲ ᠬᠦᠬᠡᠬᠤᠳᠠ ᠶᠢᠨ 4 ᠰᠠᠷ᠎ᠠ ᠶᠢᠨ 2 ᠤᠨ ᠡᠳᠦᠷ ᠤᠨ ᠴᠠᠬᠢᠯᠭᠠᠨ ᠮᠡᠳᠡᠭᠡ | ᠨᠠᠷᠠᠨᠳᠤᠶᠠᠭ᠎ᠠ ᠪᠣᠯ ᠦᠪᠦᠷ ᠮᠤᠩᠬᠤᠯ ᠤᠨ ᠥᠪᠡᠷᠲᠡᠬᠡᠨ ᠵᠠᠰᠠᠬᠤ ᠤᠷᠤᠨ ᠤ ᠰᠢᠯᠢᠩᠬᠤᠲᠠ ᠶᠢᠨ ᠪᠤᠯᠠᠭᠠᠨ ᠰᠤᠮᠤᠨ ᠤ | ᠪᠠᠶᠠᠨᠳᠡᠯᠭᠡᠷ ᠭᠠᠴᠠᠭᠠᠨ ᠤ ᠮᠠᠯᠴᠢᠨ ᠪᠦᠰᠡᠭᠦᠢ ᠶᠤᠮ᠃ ᠰᠡᠬᠦᠯ ᠤᠨ ᠦᠶ᠎ᠠ ᠳᠤ ᠲᠡᠷᠡᠪᠡᠷ ︽ᠳᠡᠭᠡᠰᠦᠨ ᠰᠤᠶᠤᠯ ᠤᠨ | ᠬᠤᠯᠪᠤᠭ᠎ᠠ︾ ᠪᠠᠶᠢᠭᠤᠯᠵᠦ᠂ ᠤᠯᠠᠨ ᠤᠷᠠᠴᠤᠳ ᠢ ᠵᠤᠯᠭᠠᠭᠤᠯᠤᠭᠠᠳ ᠤᠯᠠᠮᠵᠢᠯᠠᠯᠳᠦ ᠭᠠᠷ ᠤᠷᠠᠯᠠᠯ ᠤᠨ | ᠰᠤᠶᠤᠯ ᠢᠶᠠᠨ ᠤᠯᠠᠮᠵᠢᠯᠠᠨ ᠪᠠᠳᠠᠷᠠᠭᠤᠯᠵᠦ ᠶᠠᠪᠤᠨ᠎ᠠ᠃ | | | | ᠨᠠᠷᠠᠨᠳᠤᠶᠠᠭ᠎ᠠ ᠬᠡᠳᠦ᠋ᠢᠪᠡᠷ ᠰᠠᠶᠢ᠊ ᠢ ᠲᠠᠪᠢᠨ ᠨᠠᠰᠤ ᠬᠦᠷᠴᠦ ᠪᠠᠶᠢᠭ᠎ᠠ ᠪᠤᠯᠪᠠᠴᠦ᠂ ᠬᠠᠷᠠᠬᠠᠨ | ᠪᠠᠭ᠎ᠠ ᠠᠴᠠ ᠪᠠᠨ ᠳᠡᠭᠡᠰᠦ ᠬᠢᠯᠭᠠᠰᠦ ᠶᠢᠨ ᠤᠷᠠᠯᠠᠯ ᠰᠠᠶᠢᠨ ᠤᠷᠤᠯᠳᠤᠳᠠᠭ ᠡᠮᠡᠭᠡ ᠡᠵᠢ ᠪᠤᠯᠤᠨ ᠡᠵᠢ ᠶᠢᠨ ᠢᠶᠠᠨ | ᠨᠦᠯᠦᠭᠡᠯᠡᠯ ᠪᠠ ᠦᠪᠡᠷ ᠤᠨ ᠳᠤᠷ᠎ᠠ ᠪᠠᠬ᠎ᠠ ᠳᠠᠭᠠᠨ ᠭᠦᠳᠦᠯᠦᠭᠳᠡᠨ᠂ ᠬᠢᠯᠭᠠᠰᠦ ᠨᠤᠤᠰᠦ ᠵᠤᠯᠠᠬᠤ ᠠᠴᠠ ᠠᠪᠤᠭᠠᠳ | ᠮᠤᠩᠭᠤᠯ ᠭᠡᠷ ᠤᠨ ᠤᠭᠤᠰᠤᠷ ᠪᠦᠰᠡᠯᠡᠭᠦᠷ ᠲᠠᠮᠤᠵᠦ ᠬᠢᠬᠦ᠂ ᠡᠮᠡᠭᠡᠯ ᠤᠨ ᠤᠯᠤᠩ ᠵᠢᠷᠢᠮ᠂ ᠨᠤᠬᠳᠦ ᠪᠤᠷᠠᠨᠳᠠᠭ | ᠲᠠᠮᠤᠵᠦ ᠤᠶᠤᠬᠤ ᠵᠡᠷᠭᠡ ᠤᠯᠠᠮᠵᠢᠯᠠᠯᠳᠦ ᠳᠡᠭᠡᠰᠦᠨ ᠦᠢᠯᠡ ᠶᠢ ᠪᠦᠷ ᠡᠵᠡᠮᠰᠢᠵᠦ ᠠᠪᠴᠠᠢ᠃ ᠲᠡᠷᠠ ᠳᠡᠭᠡᠰᠦᠨ | ᠦᠢᠯᠠ ᠶᠢ ᠰᠠᠶᠢᠬᠠᠨ ᠬᠢᠬᠦ ᠪᠠᠷ ᠪᠠᠷᠠᠬᠤ ᠦᠭᠡᠢ ᠢᠰᠡᠭᠡᠢ ᠰᠢᠷᠢᠮᠡᠯ᠂ ᠳᠡᠪᠡᠯ ᠳᠡᠷᠯᠢᠭ ᠤᠶᠤᠬᠤ ᠳᠠᠭᠠᠨ ᠴᠦ ᠰᠠᠶᠢᠨ | ᠪᠠᠶᠢᠳᠠᠭ᠃ | ᠳᠡᠭᠡᠰᠦᠨ ᠰᠤᠶᠤᠯ ᠤᠨ ᠬᠤᠯᠪᠤᠭ᠎ᠠ ᠪᠠᠶᠢᠭᠤᠯᠤᠬᠰᠡᠨ ᠳᠤᠬᠠᠢ ᠪᠠᠨ ᠲᠡᠷᠡᠪᠡᠷ᠄ ︽ᠦᠪᠡᠷ ᠢᠶᠠᠨ ᠳᠡᠭᠡᠰᠦᠨ | ᠦᠢᠯᠠ᠂ ᠢᠰᠡᠭᠡᠢ ᠰᠢᠷᠡᠮᠡᠯ᠂ ᠤᠶᠤᠳᠠᠯ ᠬᠢᠳᠡᠯ ᠳᠤ ᠶᠡᠭᠡ ᠳᠤᠷ᠎ᠠ ᠲᠠᠢ᠂ ᠢᠩᠭᠢᠭᠡᠳ ᠭᠠᠭᠴᠠᠭᠠᠷ ᠭᠡᠷ ᠲᠡᠭᠡᠨ | ᠤᠶᠤᠵᠦ ᠬᠢᠭᠡᠳ ᠰᠠᠭᠤᠬᠤ ᠪᠠᠷ ᠳᠡᠭᠡᠰᠦᠨ ᠰᠤᠶᠤᠯ ᠤᠨ ᠬᠤᠯᠪᠤᠭ᠎ᠠ ᠪᠠᠶᠢᠭᠤᠯᠤᠭᠠᠳ ᠪᠦᠳᠦᠭᠡᠯ ᠢᠶᠠᠨ ᠳᠡᠯᠭᠡᠵᠤ᠂ | ᠬᠠᠷᠢᠯᠴᠠᠨ ᠰᠤᠷᠤᠯᠴᠠᠵᠦ᠂ ᠤᠯᠠᠮᠵᠢᠯᠠᠯᠳᠤ ᠰᠤᠶᠤᠯ ᠤᠷᠠᠯᠠᠯ ᠢᠶᠠᠨ ᠦᠷᠭᠡᠨ ᠢᠶᠠᠷ ᠤᠬᠠᠭᠤᠯᠵᠦ᠂ ᠬᠦᠭᠵᠢᠭᠦᠯᠦᠨ | ᠲᠦᠭᠡᠮᠡᠯᠵᠢᠭᠦᠯᠵᠦ᠂ ᠦᠷ᠎ᠠ ᠬᠤᠶᠢᠴᠢᠰ ᠲᠠᠭᠠᠨ ᠤᠯᠠᠮᠵᠢᠯᠠᠨ ᠦᠯᠡᠳᠡᠭᠡᠶᠠ ᠭᠡᠵᠦ ᠪᠤᠳᠤᠬᠰᠡᠨ ᠶᠤᠮ᠃ ᠲᠡᠭᠡᠭᠡᠳ | ᠦᠨᠦ ᠵᠢᠯ ᠤᠨ 3 ᠰᠠᠷ᠎ᠠ ᠶᠢᠨ ᠳᠤᠮᠳᠠᠴᠢ ᠪᠠᠷ ᠲᠤᠰ ᠬᠤᠯᠪᠤᠭ᠎ᠠ ᠶᠢ ᠪᠠᠶᠢᠭᠤᠯᠤᠬᠰᠡᠨ᠂ ᠰᠠᠨᠠᠬᠰᠡᠨ ᠠᠴᠠ ᠭᠠᠳᠠᠭᠤᠷ | ᠮᠠᠨ ᠤ ᠠᠶᠢᠮᠠᠭ ᠤᠨ ᠡᠯ᠎ᠠ ᠬᠤᠰᠢᠭᠤᠨ ᠤ ᠭᠠᠷ ᠤᠷᠠᠴᠤᠤᠯ ᠠᠴᠠ ᠭᠠᠳᠠᠨ᠎ᠠ ᠠᠯᠠᠱᠠ᠂ ᠪᠠᠶᠠᠨᠨᠠᠭᠤᠷ᠂ ᠬᠦᠯᠦᠨ ᠪᠤᠶᠢᠷ | ᠂ ᠲᠦᠩᠯᠢᠶᠤᠤ᠂ ᠤᠯᠠᠭᠠᠨᠬᠠᠳᠠ ᠵᠡᠷᠭᠡ ᠤᠷᠤᠨ ᠳᠠᠶᠠᠭᠠᠷ ᠤᠨ ᠳᠡᠭᠡᠰᠦ᠂ ᠢᠰᠡᠭᠡᠢ ᠰᠢᠷᠢᠮᠡᠯᠴᠢᠨ᠂ ᠮᠠᠯ ᠤᠨ ᠡᠪᠡᠷ᠂ | ᠶᠠᠰᠤᠨ ᠰᠡᠶᠢᠯᠪᠦᠷᠢᠴᠢᠨ᠂ ᠮᠤᠩᠬᠤᠯ ᠭᠡᠷ᠂ ᠮᠤᠳᠤᠨ ᠲᠡᠷᠭᠡ᠂ ᠡᠮᠡᠭᠡᠯ᠂ ᠨᠤᠬᠳᠦ ᠬᠢᠳᠡᠭ ᠮᠤᠳᠤᠨ ᠡᠳ᠋ᠯᠡᠯ᠂ ᠰᠤᠷ | ᠡᠳ᠋ᠯᠡᠯ ᠤᠨ ᠤᠷᠠᠴᠤᠳ ᠪᠠ ᠮᠤᠩᠬᠤᠯ ᠬᠤᠪᠴᠠᠰᠦ ᠵᠠᠰᠠᠯ ᠤᠨ ᠤᠶᠤᠳᠠᠯᠴᠢᠨ ᠵᠡᠷᠭᠡ ᠮᠤᠩᠭᠤᠯ ᠰᠤᠶᠤᠯ᠂ | ᠦᠢᠯᠡᠳᠪᠦᠷᠢᠯᠡᠯ ᠠᠮᠢᠳᠤᠷᠠᠯ᠂ ᠵᠠᠩ ᠦᠢᠯᠠ ᠳᠤ ᠬᠤᠯᠪᠤᠬᠳᠠᠬᠤ ᠤᠯᠠᠨ ᠵᠦᠢᠯ ᠢ ᠬᠢᠳᠡᠭ ᠡᠯ᠎ᠠ ᠨᠤᠳᠤᠭ ᠤᠨ | ᠤᠷᠠᠴᠤᠳ ᠤᠷᠤᠯᠴᠠᠵᠤ ᠶᠡᠭᠡ ᠬᠦᠭᠵᠢᠶᠡᠨ ᠲᠠᠢ ᠪᠠᠶᠢᠨ᠎ᠠ︾ ᠭᠡᠵᠦ ᠪᠠᠶᠠᠷᠯᠠᠨ ᠶᠡᠷᠢᠨ᠎ᠠ᠃ | | | | ᠤᠳᠤᠬᠠᠨ ᠳᠤ᠂ ᠳᠡᠭᠡᠰᠦᠨ ᠰᠤᠶᠤᠯ ᠤᠨ ᠬᠤᠯᠪᠤᠭ᠎ᠠ ᠳᠤ ᠤᠯᠠᠨ ᠭᠠᠵᠠᠷ ᠤᠨ ᠵᠠᠯᠠᠭᠤ᠂ ᠢᠳᠡᠷ᠂ | ᠦᠳᠡᠯᠦᠭᠡ ᠨᠠᠰᠤᠨ ᠤ ᠭᠤᠷᠪᠠᠨ ᠦᠶ᠎ᠠ ᠶᠢᠨ ᠤᠷᠠᠴᠤᠳ ᠦᠪᠡᠷ ᠦᠪᠡᠷᠰᠡᠳ ᠤᠨ ᠢᠶᠠᠨ ᠤᠷᠠᠯᠠᠵᠦ ᠪᠦᠳᠦᠭᠡᠭᠰᠡᠨ | ᠮᠤᠩᠬᠤᠯ ᠭᠡᠷ ᠤᠨ ᠤᠭᠤᠰᠤᠷ ᠪᠦᠰᠡᠯᠡᠭᠦᠷ᠂ ᠲᠤᠭᠤᠷᠢᠭᠤᠯᠭ᠎ᠠ ᠰᠢᠷᠢᠳᠡᠭ᠂ ᠪᠤᠬᠴᠦ ᠰᠠᠪᠠ᠂ ᠡᠪᠡᠷ᠂ ᠶᠠᠰᠤᠨ | ᠰᠡᠶᠢᠯᠤᠮᠡᠯ ᠤᠷᠠᠯᠠᠯ᠂ ᠰᠤᠷ ᠡᠳ᠋ᠯᠡᠯ᠂ ᠮᠤᠩᠬᠤᠯ ᠭᠡᠷ᠂ ᠮᠤᠳᠤᠨ ᠲᠡᠷᠭᠡ ᠵᠡᠷᠭᠡ ᠪᠦᠳᠦᠭᠡᠯ ᠢᠶᠠᠨ ᠬᠢᠬᠦ ᠠᠴᠠ ᠭᠠᠳᠠᠨ᠎ᠠ | ᠳᠡᠯᠭᠡᠨ ᠦᠵᠡᠭᠦᠯᠵᠦ᠂ ᠰᠠᠨᠠᠭ᠎ᠠ ᠪᠤᠳᠤᠯ ᠢᠶᠠᠨ ᠰᠤᠯᠢᠯᠴᠠᠵᠤ᠂ ᠬᠠᠷᠢᠯᠴᠠᠨ ᠤᠷᠮ᠎ᠠ ᠵᠤᠷᠢᠭ ᠬᠠᠶᠢᠷᠠᠯᠠᠨ | ᠵᠤᠷᠢᠬᠵᠢᠭᠤᠯᠵᠦ ᠶᠠᠪᠤᠵᠠᠭᠠᠨ᠎ᠠ᠃ ᠲᠤᠰ ᠬᠤᠯᠪᠤᠭᠠᠨ ᠤ ᠭᠡᠰᠢᠭᠦᠨ ᠪᠤᠯᠬᠤ ᠠᠪᠠᠭ᠎ᠠ ᠬᠤᠰᠢᠭᠤ ᠪᠠᠷ ᠨᠤᠳᠤᠭ ᠲᠠᠢ | ᠮᠠᠯᠴᠢᠨ ᠠᠯᠳᠠᠨᠴᠡᠴᠡᠭ᠄ ︽ᠲᠤᠰ ᠬᠤᠯᠪᠤᠭ᠎ᠠ ᠶᠢ ᠰᠡᠳᠦᠵᠦ ᠪᠠᠶᠢᠭᠤᠯᠤᠬᠰᠡᠨ ᠨᠠᠷᠠᠨᠳᠤᠶᠠᠭ᠎ᠠ ᠳᠠᠭᠠᠨ ᠪᠠᠶᠠᠷᠯᠠᠵᠦ | ᠪᠠᠶᠢᠨ᠎ᠠ᠃ ᠡᠶᠢᠮᠦ ᠰᠠᠶᠢᠬᠠᠨ ᠬᠤᠯᠪᠤᠭ᠎ᠠ ᠪᠠᠶᠢᠭᠤᠯᠵᠦ᠂ ᠤᠯᠠᠮᠵᠢᠯᠠᠯᠳᠦ ᠦᠢᠯᠡ ᠤᠷᠠᠯᠠᠯ ᠳᠠᠭᠠᠨ ᠬᠠᠶᠢᠷ᠎ᠠ | ᠪᠠᠬ᠎ᠠ ᠲᠠᠢ᠂ ᠰᠠᠨᠠᠭ᠎ᠠ ᠤᠨᠤᠭ᠎ᠠ ᠨᠢᠭᠡ ᠲᠠᠢ ᠨᠤᠳᠤᠭ ᠨᠤᠲᠤᠭ ᠤᠨ ᠤᠷᠠᠴᠤᠳ ᠢ ᠵᠤᠯᠭᠠᠭᠤᠯᠵᠤ᠂ ᠬᠠᠷᠢᠯᠴᠠᠨ | ᠰᠤᠷᠤᠯᠴᠠᠬᠤ ᠰᠠᠶᠢᠬᠠᠨ ᠳᠤᠬᠢᠶᠠᠯ ᠤᠯᠭᠤᠯ᠎ᠠ᠃ ᠮᠠᠨ ᠤ ᠭᠡᠷ ᠢᠶᠠᠷ ᠢᠶᠠᠨ ᠳᠡᠭᠡᠰᠦ᠂ ᠢᠰᠡᠭᠡᠢ᠂ ᠮᠤᠩᠬᠤᠯ ᠤᠶᠤᠳᠠᠯ᠂ | ᠶᠠᠰᠤ᠂ ᠰᠤᠷ᠂ ᠮᠤᠳᠤᠨ ᠦᠢᠯᠡ ᠤᠷᠠᠯᠠᠯ ᠤᠨ ᠪᠦᠳᠦᠭᠡᠭᠳᠡᠭᠦᠨ ᠤᠷᠤᠯᠳᠤᠳᠠᠭ ᠶᠤᠮ᠂ ᠤᠳᠤ ᠡᠨᠡᠬᠦ | ᠬᠤᠯᠪᠤᠭ᠎ᠠ ᠪᠠᠷ ᠳᠠᠮᠵᠢᠨ ᠤᠷᠠᠯᠠᠯ ᠪᠦᠳᠦᠭᠡᠯ ᠢᠶᠠᠨ ᠳᠡᠯᠭᠡᠨ᠂ ᠤᠯᠠᠮ ᠵᠤᠷᠢᠬᠵᠢᠵᠤ ᠡᠳᠦᠷᠵᠢᠨ ᠪᠠᠶᠠᠷ ᠲᠠᠢ ᠪᠠᠶᠢᠨ᠎ᠠ︾ | ᠭᠡᠯ᠎ᠠ᠃ | | | ︽ᠴᠤᠪᠤᠵᠦ ᠶᠠᠪᠤᠬᠰᠡᠨ ᠪᠠᠷᠰ ᠠᠴᠠ ᠴᠤᠬᠯᠠᠷᠠᠵᠦ ᠰᠠᠭᠤᠬᠰᠡᠨ ᠱᠠᠭᠠᠵᠠᠭᠠᠢ ᠳᠡᠭᠡᠷ᠎ᠡ︾ ᠭᠡᠳᠡᠭ ᠢᠶᠠᠷ | ᠳᠡᠭᠡᠰᠦᠨ ᠰᠤᠶᠤᠯ ᠤᠨ ᠬᠤᠯᠪᠤᠭ᠎ᠠ ᠨᠢ ᠤᠯᠠᠮᠵᠢᠯᠠᠯᠳᠦ ᠦᠪ ᠰᠤᠶᠤᠯ ᠢᠶᠠᠨ ᠦᠪᠯᠡᠨ ᠤᠯᠠᠮᠵᠢᠯᠠᠵᠦ ᠶᠠᠪᠤᠭ᠎ᠠ ᠦᠷᠭᠡᠨ | ᠤᠯᠠᠨ ᠭᠠᠷ ᠤᠷᠠᠴᠤᠳ ᠢᠶᠠᠨ ᠨᠢᠭᠡ ᠬᠤᠯᠪᠤᠭᠠᠨ ᠳᠤ ᠴᠤᠬᠯᠠᠭᠤᠯᠵᠤ᠂ ᠭᠠᠷ ᠤᠷᠠᠯᠠᠯ ᠤᠨ ᠪᠦᠳᠦᠭᠡᠯ ᠢᠶᠠᠨ ᠳᠡᠯᠭᠡᠨ᠂ | ᠬᠠᠷᠢᠯᠴᠠᠨ ᠰᠤᠷᠤᠯᠴᠠᠬᠤ ᠰᠠᠶᠢᠬᠠᠨ ᠳᠠᠪᠴᠠᠩ ᠬᠠᠩᠭᠠᠬᠰᠠᠨ ᠢᠶᠠᠷ ᠮᠤᠩᠭᠤᠯ ᠦᠨᠳᠦᠰᠦᠳᠡᠨ ᠤ ᠤᠯᠠᠨ ᠰᠠᠶᠢᠬᠠᠨ | ᠦᠢᠯᠡ ᠤᠷᠠᠯᠠᠯ᠂ ᠮᠡᠳᠡᠯᠭᠡ ᠮᠡᠷᠭᠡᠵᠢᠯ ᠢ ᠦᠪᠯᠡᠨ ᠤᠯᠠᠮᠵᠢᠯᠠᠯᠵᠦ᠂ ᠬᠦᠭᠵᠢᠭᠦᠯᠦᠨ ᠳᠡᠯᠭᠡᠷᠡᠭᠦᠯᠬᠦ ᠳᠤ ᠴᠢᠬᠤᠯᠠ | ᠦᠢᠯᠡᠳᠦᠯ ᠦᠵᠡᠭᠦᠯᠵᠦ ᠪᠠᠶᠢᠨ᠎ᠠ᠃ | ᠬᠤᠶᠢᠰᠢᠳᠠ ᠶᠢᠨ ᠠᠵᠢᠯ ᠤᠨ ᠢᠶᠠᠨ ᠲᠠᠯ᠎ᠠ ᠪᠠᠷ ᠨᠠᠷᠠᠨᠳᠤᠶᠠᠭ᠎ᠠ᠄ ︽ᠳᠠᠷᠠᠭᠠᠴᠢ ᠪᠠᠷ ᠳᠡᠭᠡᠰᠦᠨ ᠦᠢᠯᠠ | ᠤᠷᠠᠯᠠᠯ ᠤᠨ ᠤᠷᠤᠯᠳᠤᠭᠠᠨ ᠶᠠᠪᠤᠭᠤᠯᠬᠤ ᠪᠠ ᠳᠡᠭᠡᠰᠦ᠂ ᠢᠰᠡᠭᠡᠢ᠂ ᠮᠤᠳᠤ᠂ ᠰᠤᠷ᠂ ᠶᠠᠰᠤᠨ ᠤᠷᠠᠯᠠᠯ ᠤᠨ ᠳᠡᠯᠭᠡᠨ | ᠦᠵᠡᠭᠦᠯᠤᠯᠭᠡ᠂ ᠪᠤᠷᠤᠯᠠᠭᠤᠯᠭ᠎ᠠ ᠬᠤᠳᠠᠯᠳᠤᠭᠠᠨ ᠤ ᠠᠵᠢᠯᠯᠠᠭ᠎ᠠ ᠦᠷᠨᠢᠭᠦᠯᠵᠦ᠂ ᠮᠤᠩᠭᠤᠯᠴᠤᠳ ᠤᠨ ᠢᠶᠠᠨ ᠡᠨᠡ | ᠰᠠᠶᠢᠬᠠᠨ ᠤᠷ᠎ᠠ ᠮᠡᠷᠭᠡᠵᠢᠯ ᠢ ᠨᠡᠩ ᠤᠯᠠᠨ ᠬᠦᠮᠦᠰ ᠲᠤ ᠲᠠᠨᠢᠭᠤᠯᠤᠨ᠂ ᠵᠢᠩᠭᠢᠨᠢ ᠦᠨ᠎ᠠ ᠦᠷᠳᠡᠭ ᠲᠤᠨᠢ ᠬᠦᠷᠭᠡᠬᠦ | ᠪᠦᠬᠡᠳ ᠤᠷᠬᠢᠬᠳᠠᠬᠤ ᠰᠢᠬᠠᠬᠰᠡᠨ ᠦᠢᠯᠠ ᠤᠷᠠᠯᠠᠯ ᠢᠶᠠᠨ ᠦᠷ᠎ᠠ ᠬᠤᠶᠢᠴᠠᠰ ᠲᠠᠭᠠᠨ ᠦᠪᠯᠡᠨ ᠤᠯᠠᠮᠵᠢᠯᠠᠵᠦ᠂ | ᠤᠯᠠᠮ ᠴᠢᠨᠠᠬᠰᠢ ᠳᠡᠯᠭᠡᠷᠡᠭᠦᠯᠦᠨ ᠬᠦᠭᠵᠢᠭᠦᠯᠬᠦ ᠰᠠᠨᠠᠭ᠎ᠠ ᠲᠠᠢ︾ ᠬᠡᠵᠡᠢ᠃ ︵ᠨᠡᠶᠢᠲᠡᠯᠡᠯ ᠵᠢᠷᠤᠭ ᠢ ᠴᠢᠷᠮ᠎ᠠ︶ | | | | | | | | | | | | | | | |