ᠠᠪᠤ ᠳᠤ ᠪᠠᠨ
ᠨᠡᠶᠢᠲᠡᠯᠡᠭᠰᠡᠨ ᠴᠠᠭ᠄
2020/4/2
ᠴ᠊᠂ ᠬᠤᠯᠠᠨ ᠰᠠᠶᠢᠬᠠᠨ ᠵᠠᠯᠠᠭᠤ ᠠᠪᠤ ᠶᠢᠨ   ᠢᠶᠠᠨ ᠳᠡᠷᠢᠬᠦᠨ ᠳᠤ ᠪᠣᠭᠤᠷᠣᠯ ᠣᠷᠣᠭᠰᠠᠨ ᠢ  ᠠᠩᠬ᠎ᠠ ᠦᠵᠡᠭᠡᠳ ᠰᠠᠪᠠᠭ᠎ᠠ ᠦᠭᠡᠢ ᠳᠣᠮᠤᠭ᠎ᠠ ᠦᠭᠡᠢ ᠬᠡᠣᠬᠡᠳ ᠨᠠᠰᠦ ᠪᠠᠨ ᠪᠢ ᠲᠡᠷᠡ ᠵᠢᠯ ᠤᠨ ᠬᠢᠨᠢ ᠰᠢᠪᠠᠭᠤᠳ ᠲᠠᠢ ᠬᠠᠮᠳᠦ ᠪᠣᠴᠠᠭᠠᠭᠰᠠᠨ ᠰᠠᠨᠴᠢᠭ ᠲᠤ ᠨᠢ ᠨᠡᠮᠡᠬᠦ ᠮᠦᠩᠬᠦᠨ ᠰᠣᠷ ᠤᠨ ᠳᠣᠭᠠᠯᠠᠩ ᠵᠢᠷᠭᠠᠭᠠᠨ᠎ᠠ ᠳ᠋ᠠ ᠳᠡᠬᠡᠪᠡᠯ ᠬᠡᠬᠦ ᠳᠤ ᠰᠠᠨᠠᠭᠰᠠᠨ ᠢᠶᠠᠷ ᠳᠠᠩᠴᠦ ᠪᠣᠯᠬᠤ ᠦᠭᠡᠢ ᠶᠠᠪᠣᠨ᠎ᠠ ᠠᠪᠤ ᠡ︕ ᠪᠦᠪᠠᠶᠢᠳᠦ ᠬᠤᠩᠭᠤᠷ ᠢᠵᠢᠯᠢ   ᠶᠢᠨ ᠳᠣᠬᠠᠢ ᠳᠠᠭᠤᠣ ᠮᠡᠳᠡᠬᠡᠵᠢ ᠣᠯᠠᠨ ᠪᠦᠳᠡᠬᠢᠬᠡᠨ ᠭᠠᠷᠳᠠᠭ ᠵᠢᠷᠤᠭ ᠰᠢᠭ᠋᠂  ᠰᠠᠨᠠᠭ᠎ᠠ ᠲᠠᠢ ᠬᠢᠳᠡᠭ ᠠᠯᠳᠠᠭ᠎ᠠ ᠰᠢᠭ᠋ ᠪᠦᠬᠦᠶᠢᠯᠡ ᠣᠷᠴᠢᠯᠠᠩ ᠳᠤ ᠬᠠᠷᠢᠨ ᠠᠪᠤ ᠶᠢᠨ ᠠᠴᠢ ᠬᠡᠵᠦ ᠳᠠᠭᠤᠯᠠᠳᠠᠭ ᠦᠭᠡᠢ ᠪᠦᠬᠦᠳᠠ ᠶᠢᠨ ᠬᠢᠨᠢ ᠠᠪᠤ ᠶᠠᠮᠠᠷ ᠮᠢᠨᠦ ᠠᠪᠤ  ᠰᠢᠭ᠋ ᠪᠢᠰᠢ ᠳ᠋ᠡ ᠠᠮᠳᠠᠳᠠᠨ ᠵᠦᠬᠡᠯᠡᠨ ᠬᠤᠶᠠᠷ ᠢᠶᠠᠷ ᠪᠢᠯᠠᠭᠠᠷᠠᠭᠤᠯᠳᠠᠭ ᠮᠠᠭᠤ ᠡᠵᠢ ᠮᠢᠨᠢ ᠠᠶᠢᠯ ᠤᠨ ᠳᠠᠪᠠᠭ ᠠᠴᠠ ᠨᠠᠳᠠᠳᠦ ᠰᠢᠬᠢᠷ ᠬᠠᠷᠠᠮᠯᠠᠵᠦ ︽ ᠰᠢᠷ᠎ᠠ ᠪᠠᠨ ᠪᠣᠯᠭᠤᠭᠠᠨ᠎ᠠ︾ ᠠᠪᠤ ᠮᠢᠨᠢ ᠳᠡᠭᠡᠬᠦ ᠦᠭᠡᠢ ᠡ᠂ ᠠᠯᠠᠭ ᠴᠢᠯᠠᠭᠤ ᠬᠡᠭᠡᠷ᠎ᠡ ᠠᠴᠠ ᠬᠤᠷᠮᠣᠶᠢᠯᠠᠵᠦ ᠬᠦᠦ ᠳᠤ ᠪᠠᠨ ᠵᠢᠰᠦᠯᠡᠬᠦᠯᠦᠨ᠎ᠡ ᠠᠯᠣᠰ ᠤᠨ ᠵᠠᠮ ᠳᠤ ᠠᠭᠤᠯᠠᠰ ᠤᠨ ᠨᠠᠷ᠎ᠠ ᠳᠣᠭᠳᠠᠭᠠᠯᠠᠭᠠᠵᠦ ᠣᠬᠠᠭᠠᠨ ᠨᠡᠮᠡᠨ᠎ᠡ ᠡᠬᠡᠳᠡᠭᠡᠷᠡᠨᠳᠦ ᠮᠢᠩᠭᠠᠨ ᠬᠠᠷᠭᠤᠢ ᠲᠦᠷᠦᠭᠰᠡᠨ ᠬᠡᠷ ᠤᠨ ᠭᠠᠳᠠᠨ᠎ᠠ ᠠᠴᠠ ᠡᠬᠢᠯᠡᠵᠦ ᠡᠮᠡᠬᠡᠯ ᠳᠡᠭᠡᠷ᠎ᠡ ᠪᠠᠨ ᠰᠣᠶᠣᠮᠪᠤ ᠲᠠᠢ ᠣᠨᠠᠭᠠᠨ ᠬᠦᠯᠦᠭ ᠤᠨ ᠨᠢᠷᠣᠭᠤᠨ ᠳᠤ ᠠᠩᠬ᠎ᠠ ᠭᠠᠷᠬᠤ ᠳᠤ ᠰᠠᠨᠰᠠᠷ ᠲᠤ ᠬᠡᠣᠬᠡᠳ ᠨᠢ ᠨᠢᠰᠬᠦ ᠶᠤᠮ ᠰᠢᠭ᠂ ᠡᠵᠢ ᠨᠠᠷ ᠰᠠᠴᠣᠯᠢ ᠪᠠᠨ ᠡᠷᠬᠦᠵᠦ ᠬᠦᠶᠣᠯᠳᠡᠳᠡᠭ ᠰᠠᠭᠠᠬᠠᠯᠳᠠ ᠣᠷᠣᠭᠠᠳ ᠡᠷᠬᠢᠬᠦ ᠶᠤᠮ ᠰᠢᠭ ᠰᠠᠨᠠᠵᠦ ᠠᠪᠤ ᠨᠠᠷ ᠳᠣᠬᠤ ᠶᠢ ᠨᠢ ᠭᠠᠭᠴᠠ ᠦᠨᠦᠷᠯᠡᠳᠡᠭ᠂᠂᠂᠂ ᠠᠳᠭᠠᠵᠦ ᠡᠵᠢ ᠨᠠᠷ ᠡᠳᠦᠷᠵᠢᠨ  ᠷᠠᠳᠢᠣ᠋ ᠰᠢᠭ᠋  ᠣᠬᠢᠯᠠᠨ᠎ᠠ ᠠᠮᠢᠳᠣᠷᠠᠯ ᠳᠤ ᠵᠦᠪᠬᠡᠨ ᠦᠨᠡᠨ ᠢ ᠬᠡᠯᠡᠬᠦ ᠬᠡᠵᠦ ᠠᠪᠤ ᠨᠠᠷ ᠰᠣᠮᠣ ᠶᠢᠨ * ᠦᠵᠡᠸ᠋ᠯ ᠰᠢᠭ᠋ ᠬᠠᠮᠢᠭ᠎ᠠ ᠨᠢᠭᠡ ᠳᠣᠣᠭᠠᠷᠣᠨ᠎ᠠ ᠪᠡᠶ᠎ᠡ ᠡᠪᠡᠳᠦᠯ᠎ᠡ ᠬᠡᠵᠦ ᠡᠵᠢ ᠨᠠᠷ ᠬᠡᠣᠬᠡᠳ ᠢᠶᠠᠨ  ᠠᠷᠭ᠎ᠠ ᠦᠭᠡᠢ ᠨᠢᠭᠡ ᠠᠶᠣᠯᠭᠠᠳᠠᠭ ᠪᠢᠳᠡᠬᠦᠬᠡᠨ ᠳᠣᠳᠣᠷ᠎ᠠ ᠠᠴᠠ ᠪᠠᠨ ᠨᠣᠷᠠᠵᠦ ᠠᠪᠤ ᠨᠢ ᠴᠢᠮᠡᠭᠡ ᠦᠬᠡᠶᠢᠬᠡᠨ ᠦᠳᠡᠯᠳᠡᠭ ᠦᠬᠦᠵᠦ ᠪᠣᠯᠣᠰᠢ ᠦᠭᠡᠢ ᠳᠣᠰᠢᠶᠠᠯ ᠠᠪᠣᠭᠰᠠᠨ ᠴᠡᠷᠢᠭ ᠰᠢᠭ ᠳᠡᠳᠡ ᠦᠷᠡᠰ ᠨᠢ ᠬᠦᠯ ᠪᠠᠨ ᠣᠯᠳᠠᠯ᠎ᠠ ᠴᠣ ᠡᠷᠡᠬᠦᠯ ᠪᠣᠯᠵᠦ ᠵᠦᠴᠦᠬᠡᠯᠡᠳᠡᠭ ᠡ ᠠᠴᠢ ᠶᠢ ᠳᠠᠨᠢ ᠬᠠᠷᠢᠭᠤᠯᠣᠨ᠎ᠠ ᠬᠡᠵᠦ ᠪᠢ ᠣᠯᠠᠨ ᠵᠢᠯ ᠬᠤᠳᠠᠯ ᠶᠠᠷᠢᠯ᠎ᠠ ᠠᠴᠢ ᠶᠢ ᠨᠢ ᠭᠠᠷᠭᠠᠵᠦ ᠦᠭᠬᠦᠴᠢᠬᠡᠬᠡᠳ ᠬᠠᠷᠢᠨ ᠨᠢᠭᠡ  ᠭᠠᠪᠢᠶᠠᠳᠠᠨ ᠰᠢᠭ᠋ ᠰᠦᠬᠦ ᠰᠦᠬᠦ ᠬᠡᠵᠦ ᠬᠡᠪᠳᠡᠬᠦᠯᠦᠭᠡᠳ ᠨᠣᠮᠣᠬᠠᠨ ᠳᠡᠮᠡᠭᠡ ᠨᠣᠣᠯᠠᠭᠤᠯᠬᠤ ᠮᠡᠳᠦ ᠰᠦᠰᠦᠬᠡᠷ ᠬᠡᠳᠦᠨ  ᠪᠠᠴᠠᠭᠠᠨ ᠤ ᠡᠮᠦᠨ᠎ᠡ ᠬᠦᠭᠰᠢᠨ ᠠᠪᠤ ᠶᠢ ᠪᠠᠨ ᠮᠦᠯᠬᠦᠬᠦᠯᠦᠯ᠎ᠡ ᠭᠠᠷ ᠢᠶᠠᠨ ᠡᠷᠬᠦᠵᠦ ᠳᠠᠶᠢᠰᠣᠨ ᠳᠤ ᠪᠠᠨ ᠦᠭᠡ ᠳᠠᠭᠤ ᠦᠬᠡᠢ ᠪᠠᠭᠤᠵᠦ ᠦᠭᠬᠦ ᠮᠡᠳᠦ ᠭᠠᠷᠴᠠᠭ᠎ᠠ ᠦᠭᠡᠢ ᠳᠣᠮᠣ ᠠᠯᠠᠭ᠎ᠠ ᠪᠠᠨ ᠳᠡᠯᠬᠡᠵᠦ ᠲᠠ ᠳᠡᠳᠡᠨ ᠢ ᠪᠠᠨ ᠬᠦᠳᠦᠯᠦᠨ᠎ᠡ ᠭᠠᠷᠠᠭ ᠳᠡᠯᠡᠬᠡᠢ ᠳᠤ ᠣᠶᠠᠩᠭ᠎ᠠ ᠲᠠᠢ ᠡᠶᠢᠮᠦ ᠨᠠᠶᠢᠷᠠᠭᠴᠢ ᠪᠠᠶᠢᠳᠠᠯ᠎ᠠ ᠪᠠᠨ ᠭᠠᠩᠭᠠᠨᠠᠭᠰᠠᠨ ᠬᠡᠳᠦᠨ ᠵᠢᠬᠡ ᠲᠠᠢ ᠪᠠᠨ ᠬᠡᠳᠦᠨᠳᠠ ᠬᠡᠯᠡ ᠳᠤ ᠣᠷᠣᠨ᠎ᠠ ᠭᠠᠳᠠᠭ᠎ᠠ ᠨᠢ ᠨᠠᠪᠴᠢᠰ ᠣᠨᠠᠵᠦ ᠣᠨ ᠵᠢᠯ ᠪᠢᠳᠠᠨ ᠢ ᠣᠨᠠᠭᠰᠠᠨ ᠨᠠᠪᠴᠢᠰ ᠰᠢᠭ᠋ ᠣᠷᠬᠢᠵᠦ ᠭᠠᠶᠢᠭᠤᠢ ᠳ᠋ᠠ ᠪᠢ ᠠᠪᠤ   ᠶᠢ ᠪᠠᠨ ᠵᠢᠷᠭᠠᠭᠠᠵᠦ ᠠᠮᠵᠢᠨ᠎ᠠ ᠬᠡᠵᠦ ᠦᠪᠡᠷ ᠢ ᠪᠠᠨ ᠬᠠᠭᠤᠷᠣᠨ᠎ᠠ᠂᠂᠂᠂ ᠭᠠᠭᠴᠠᠬᠠᠨ ᠵᠢᠷᠣᠬᠡᠨ ᠤ ᠳᠠᠨᠢ ᠴᠣᠬᠢᠯᠳᠠ  ᠨᠠᠮ᠎ᠠ ᠶᠢ ᠵᠢᠮᠠᠯᠠᠨ ᠯᠣᠭᠰᠢᠵᠦ ᠭᠠᠵᠠᠷ ᠳᠡᠭᠡᠷ᠎ᠡ ᠠᠪᠤ ᠮᠢᠨᠢ ᠬᠦᠷᠳᠡᠯ᠎ᠡ ᠮᠦᠩᠬᠡ ᠪᠣᠰᠦ ᠶᠢ ᠰᠠᠨᠠᠭᠤᠯᠳᠠᠭ ᠡ ᠬᠠᠵᠠᠶᠢᠯᠠᠭᠠᠵᠦ ᠪᠣᠯᠬᠤ ᠦᠭᠡᠢ ᠲᠢᠳᠢᠮ ᠰᠢᠭ ᠨᠠᠷ᠎ᠠ ᠪᠠᠷ ᠨᠢ ᠴᠢᠨᠢ ᠪᠢ ᠣᠪᠣᠭᠯᠠᠭᠰᠠᠨ ᠬᠠᠯᠠᠭᠤᠨ ᠵᠢᠷᠣᠬᠡᠨ ᠤ ᠣᠶᠠᠷᠠᠯ ᠬᠠᠶᠢᠷ᠎ᠠ᠂ ᠭᠤᠨᠢᠭ ᠢ ᠴᠢᠨᠢ ᠬᠦᠷᠳᠡᠯ᠎ᠡ ᠦᠪᠯᠡᠭᠰᠡᠨ ᠦᠷᠬᠡᠰᠦᠳᠠᠢ ᠣᠷᠴᠢᠯᠠᠩ ᠳᠤ ᠪᠦᠳᠦᠴᠢᠬᠡᠳ ᠣᠬᠢᠯᠠᠵᠦ ᠰᠠᠭᠤᠬᠤ ᠶᠢᠨ ᠴᠠᠭ ᠲᠤ ᠪᠠᠨ  ᠬᠦᠦ ᠨᠢ ᠦᠯᠦᠬᠡᠢ ᠶᠢ ᠮᠢᠨᠢ ᠰᠠᠶᠢᠯᠣᠭ᠍ᠰᠡᠨ ᠠᠪᠤ ᠲᠠᠢ ᠪᠣᠯᠬᠤᠷ ᠯᠡ ᠠᠮᠢᠳᠦ ᠶᠠᠪᠣᠵᠦ ᠴᠢᠳᠠᠳᠠᠭ ᠡ ᠳᠠᠶᠢᠯᠪᠣᠷᠢ᠄ ᠦᠵᠡᠸ᠋ᠯ —  ᠯᠠᠪᠠᠷ᠂ ᠪᠦᠷᠢᠶ᠎ᠡ  ᠂ ᠳᠠᠭᠤ ᠦᠰᠬᠡᠭᠴᠢ
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号