ᠳᠣᠷᠠᠯᠠᠭᠰᠠᠨ ᠰᠢᠭ᠋ ᠳᠣᠷᠠᠯᠠᠬᠤ ᠰᠠᠶᠢᠬᠠᠨ
ᠨᠡᠶᠢᠲᠡᠯᠡᠭᠰᠡᠨ ᠴᠠᠭ᠄
2020/5/25
ᠳᠣᠷᠠᠯᠠᠭᠰᠠᠨ ᠰᠢᠭ᠋ ᠳᠣᠷᠠᠯᠠᠬᠤ ᠰᠠᠶᠢᠬᠠᠨ                                      ᠴᠠᠩᠳᠦ ᠶᠢᠨ ᠴᠢᠮᠡᠳᠳᠣᠷᠵᠢ ᠳᠣᠷᠠᠯᠠᠭᠰᠠᠨ ᠰᠢᠭ᠋ ᠳᠣᠷᠠᠯᠠᠬᠤ ᠰᠠᠶᠢᠬᠠᠨ ᠳᠠᠭᠤᠯᠠᠭᠠᠳ  ᠴᠦ ᠪᠠᠶᠢᠬᠤ ᠰᠢᠭ᠋ ᠬᠡᠬᠡᠯᠵᠡᠬᠦ ᠰᠠᠶᠢᠬᠠᠨ ᠳᠣᠷᠠᠯᠠᠯ ᠳᠤ ᠪᠠᠨ ᠬᠠᠯᠠᠭᠤᠷᠠᠨ ᠡᠬᠡᠷᠡᠬᠦ ᠰᠠᠶᠢᠬᠠᠨ ᠳᠣᠨᠳᠠᠭᠤᠷ ᠪᠦᠬᠦᠨ ᠢ ᠬᠠᠶᠢᠷ᠎ᠠ ᠪᠠᠷ ᠢᠶᠠᠨ ᠳᠦᠬᠦᠷᠬᠡᠨ ᠳᠣᠷᠠᠯᠠᠭᠰᠠᠨ ᠰᠢᠭ᠋ ᠳᠣᠷᠠᠯᠠᠬᠤ ᠰᠠᠶᠢᠬᠠᠨ᠃ ᠠᠯᠠᠭ ᠵᠡᠬᠦᠳᠦ ᠪᠠᠨ ᠮᠠᠨᠠᠨ ᠬᠦᠷᠪᠡᠭᠰᠡᠬᠡᠷ ᠠᠬᠢᠵᠦ ᠣᠨᠳᠠᠵᠦ ᠴᠢᠳᠠᠯ ᠦᠭᠡᠢ ᠦᠷᠯᠦᠭᠡ ᠪᠣᠯᠭᠠᠬᠤ ᠰᠠᠶᠢᠬᠠᠨ ᠣᠷᠣᠨ ᠬᠡᠷ ᠲᠤ ᠪᠠᠨ ᠳᠣᠭᠳᠠᠵᠦ ᠶᠠᠳᠠᠬᠤ ᠰᠠᠶᠢᠬᠠᠨ ᠣᠷᠣᠶᠢᠳᠠᠵᠦ᠂ ᠡᠵᠢ ᠶᠢᠨ ᠢᠶᠠᠨ ᠰᠡᠳᠬᠢᠯ ᠢ ᠵᠣᠪᠠᠭᠠᠬᠤ ᠰᠠᠶᠢᠬᠠᠨ ᠭᠠᠯ  ᠲᠦᠷᠡᠯᠵᠡᠳᠡᠯ᠎ᠡ ᠬᠠᠷᠠᠴᠠ ᠮᠦᠷᠬᠦᠯᠳᠦᠬᠦ  ᠰᠠᠶᠢᠬᠠᠨ ᠭᠠᠭᠴᠠᠬᠠᠨ ᠴᠢᠮ᠎ᠠ ᠶᠢ  ᠯᠡ ᠪᠣᠳᠣᠨ ᠦᠪᠡᠷ ᠢ ᠪᠠᠨ ᠮᠠᠷᠳᠠᠬᠤ ᠰᠠᠶᠢᠬᠠᠨ ᠨᠢᠭᠡ ᠶᠡᠭᠡ ᠴᠢᠩᠭ᠎ᠠ ᠬᠠᠰᠬᠢᠷᠣᠮᠠᠷ ᠪᠣᠯᠬᠤ ᠰᠠᠶᠢᠬᠠᠨ ᠨᠡᠷ᠎ᠡ ᠶᠢ ᠴᠢᠨᠢ ᠨᠡᠷ᠎ᠡ   ᠲᠠᠢ ᠪᠠᠨ ᠰᠦᠯᠡᠬᠦ ᠰᠠᠶᠢᠬᠠᠨ ᠶᠠᠭᠠᠬᠢᠬᠤ ᠶᠢᠨ ᠠᠷᠭ᠎ᠠ ᠦᠭᠡᠢ ᠠᠯᠳᠠᠭ᠎ᠠ ᠶᠢ ᠴᠢᠨᠢ ᠵᠦᠪᠳᠡᠬᠡᠬᠦ ᠰᠠᠶᠢᠬᠠᠨ ᠶᠠᠭᠠᠷᠠᠨ ᠰᠠᠨᠳᠣᠷᠣᠨ ᠢᠷᠡᠬᠦ ᠳᠤ ᠴᠢᠨᠢ ᠴᠢ ᠮᠢᠨᠢ ᠢᠷᠡᠭᠡ ᠦᠭᠡᠢ ᠪᠠᠶᠢᠬᠤ ᠰᠠᠶᠢᠬᠠᠨ ᠮᠡᠳᠡᠭᠰᠡᠬᠡᠷ ᠪᠠᠶᠢᠵᠦ ᠪᠣᠯᠵᠣᠭᠠᠨ ᠳᠤ ᠪᠠᠨ ᠣᠷᠢᠳᠠᠵᠦ ᠢᠷᠡᠴᠢᠬᠡᠭᠡᠳ ᠮᠡᠷᠭᠡᠨ ᠣᠳᠣᠳ ᠤᠨ ᠳᠣᠣᠷ᠎ᠠ ᠰᠠᠷᠠᠨ ᠤ ᠬᠡᠷᠡᠯ ᠨᠦᠮᠦᠷᠴᠦ ᠬᠤᠯᠬᠢᠬᠤ   ᠳᠤ ᠪᠠᠨ ᠴᠡᠴᠡᠭ ᠠᠴᠠ ᠬᠦᠷᠳᠡᠯ᠎ᠡ ᠴᠢᠮ᠎ᠡ ᠪᠠᠨ ᠯᠡ ᠨᠡᠬᠡᠵᠦ ᠴᠡᠬᠡᠵᠢ ᠨᠡᠪᠳᠠ ᠵᠢᠷᠦᠬᠡ ᠳᠠᠭᠠᠷᠠᠬᠤ ᠰᠠᠶᠢᠬᠠᠨ ᠬᠠᠶᠢᠷᠠᠳᠠᠢ ᠰᠢᠦ ᠪᠢ ᠳᠡᠩᠳᠡᠬᠦᠣ ᠬᠡᠦ ᠦᠪᠡᠷ ᠢ ᠪᠠᠨ ᠣᠷᠣᠭᠤ ᠳᠠᠳᠠᠬᠤ ᠳᠤ ᠬᠠᠮᠠᠷ ᠱᠠᠷᠬᠢᠷᠠᠳᠠᠯ᠎ᠠ ᠨᠢᠯᠪᠣᠰᠦ ᠢᠪᠢᠯᠬᠦ ᠰᠠᠶᠢᠬᠠᠨ ᠳᠣᠷᠠᠯᠠᠭᠰᠠᠨ ᠰᠢᠭ᠋ ᠳᠣᠷᠠᠯᠠᠬᠤ ᠰᠠᠶᠢᠬᠠᠨ᠃                                                                                           1986 ᠣᠨ
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号