ᠪᠣᠭᠤᠷᠣᠯ ᠡᠵᠢ
ᠨᠡᠶᠢᠲᠡᠯᠡᠭᠰᠡᠨ ᠴᠠᠭ᠄
2021/3/11
  ᠪᠣᠭᠤᠷᠣᠯ ᠡᠵᠢ                                        ᠮ᠊᠂ ᠳᠣᠷᠠᠯᠠᠯ ᠨᠠᠷᠠᠳᠦ ᠶᠢᠨ ᠡᠨᠡᠭᠡᠨ ᠵᠠᠢ ᠳᠤ ᠣᠶᠠᠷᠠᠯ ᠮᠦᠷᠦᠬᠡᠳᠦᠯ ᠬᠦᠪᠣᠷᠡᠬᠦᠯᠬᠦ ᠨᠠᠮᠣᠷ ᠤᠨ ᠰᠢᠷᠭᠠᠯ ᠡᠳᠦᠷ ᠤᠳ ᠠᠭᠠᠭ ᠲᠠᠢ ᠴᠠᠢ ᠳᠤ ᠰᠠᠮᠣᠷᠣᠭᠳᠠᠨ ᠬᠤᠨ ᠤ ᠣᠶᠠᠬᠠᠨ ᠭᠠᠩᠭᠠᠨᠠᠭ᠎ᠠ ᠳᠣᠭᠤᠨᠣᠨ ᠳᠡᠭᠡᠬᠦᠷ ᠡᠷᠬᠢᠵᠦ ᠬᠤᠯᠪᠣᠭ᠎ᠠ ᠨᠠᠭᠤᠷ ᠤᠨ ᠵᠠᠬ᠎ᠠ ᠠᠴᠠ ᠦᠷ᠎ᠡ ᠪᠠᠨ ᠳᠠᠭᠠᠭᠤᠯᠵᠦ ᠨᠢᠰᠬᠦ ᠳᠤ ᠬᠦᠬᠡᠷᠦᠬᠦᠢ ᠪᠣᠭᠤᠷᠣᠯ ᠡᠵᠢ ᠶᠢᠨ ᠮᠢᠨᠢ ᠰᠡᠳᠬᠢᠯ ᠨᠢ ᠨᠢᠭᠡ ᠯᠡ ᠬᠦᠨᠳᠣᠷᠡᠨ ᠬᠦᠨᠦᠭ ᠲᠠᠢ ᠰᠦ ᠶᠢᠨ ᠳᠡᠬᠡᠵᠢ ᠪᠠᠨ ᠭᠠᠯᠠᠭᠤᠨ ᠴᠣᠪᠣᠭᠠᠨ ᠳᠤ ᠡᠷᠬᠦᠵᠦ ︽ᠬᠦᠦ ᠮᠢᠨᠢ ᠬᠦᠬᠡᠷᠦᠬᠦᠢ᠂ ᠰᠠᠶᠢᠨ ᠶᠠᠪᠤ ᠡ︾ ᠬᠡᠰᠡᠨ ᠬᠦᠰᠡᠯ ᠤᠨ ᠴᠠᠶᠢᠯᠭᠠᠨ ᠢᠷᠦᠬᠡᠯ ᠢᠶᠠᠨ ᠳᠡᠪᠰᠢᠬᠦᠯᠵᠦ ᠬᠤᠰᠢᠭᠤᠷᠠᠨ ᠨᠢᠰᠬᠦ ᠰᠢᠪᠠᠭᠤᠳ ᠤᠨ ᠳᠦᠷᠦᠬᠦᠦ ᠶᠢ ᠰᠢᠷᠳᠡᠨ ᠬᠤᠯᠠ ᠳᠤ ᠪᠠᠶᠢᠭ᠎ᠠ ᠦᠷ᠎ᠠ ᠳᠤᠨᠢ ᠵᠦᠩᠨᠡᠯ ᠢ ᠨᠢ ᠬᠦᠷᠬᠡᠵᠦ ᠦᠭᠬᠦ ᠶᠢ ᠬᠤᠨ ᠴᠠᠭᠠᠨ ᠭᠠᠯᠠᠭᠤᠨ ᠳᠤ ᠰᠦᠨ ᠰᠠᠴᠣᠯᠢ ᠪᠠᠷ ᠨᠠᠶᠢᠳᠠᠭᠠᠳ ᠬᠤᠷᠮᠣᠰᠳᠠ ᠳᠡᠭᠷᠢ ᠳᠤ ᠪᠠᠨ ᠳᠠᠭᠠᠳᠬᠠᠵᠦ ᠰᠠᠭᠤᠭ᠎ᠠ ᠳ᠋ᠠ᠂ ᠮᠢᠨᠦ ᠪᠣᠭᠤᠷᠣᠯ ᠡᠵᠢ᠃ ᠠᠩᠬᠠᠨ ᠤ ᠴᠠᠰᠣᠨ ᠤ ᠠᠶᠠᠷᠬᠠᠨ ᠯᠠᠪᠰᠠ ᠪᠠᠷ ᠠᠩᠬᠢᠷ ᠬᠤᠩᠭᠤᠷ ᠦᠷ᠎ᠡ ᠪᠠᠨ ᠬᠡᠳ ᠠᠮᠠᠷᠠᠵᠦ ᠣᠨᠳᠠᠬᠤ ᠪᠠᠨ ᠴᠦ ᠮᠠᠷᠳᠠᠨ ᠬᠤᠷᠠᠭᠠᠨ ᠳᠡᠪᠡᠯ ᠤᠨ ᠵᠦᠢᠳᠡᠯ ᠤᠳ ᠢ ᠬᠤᠷᠣᠭᠤᠪᠴᠢ ᠵᠡᠬᠦᠣ ᠰᠠᠯᠭᠠᠯ ᠦᠭᠡᠢ ᠬᠦᠪᠣᠷᠢᠳᠴᠦ ︽ᠬᠤᠷᠳᠣᠨ ᠣᠶᠣᠵᠦ ᠪᠠᠷᠠᠴᠢᠬᠠᠭᠠᠳ ᠦᠬᠢᠳ ᠢᠶᠠᠨ  ᠢᠷᠡᠬᠦ ᠪᠠᠷ ᠡᠮᠦᠰᠦᠨ᠎ᠡ︾  ᠬᠡᠵᠦ ᠴᠠᠰᠣᠳᠦ ᠡᠪᠣᠯ ᠤᠨ ᠣᠷᠳᠦ ᠰᠦᠨᠢ ᠶᠢ ᠠᠨᠢᠰᠬ᠎ᠠ ᠴᠠᠪᠴᠢᠯ ᠦᠭᠡᠢ ᠦᠩᠬᠡᠷᠡᠬᠡᠬᠦ ᠳᠤ ᠪᠠᠨ ᠡᠷᠳᠡᠨᠢᠳᠦ ᠠᠷᠢᠭᠤᠨ ᠪᠡᠶ᠎ᠡ   ᠠᠴᠠ ᠨᠢ ᠳᠠᠰᠣᠷᠠᠵᠦ ᠮᠡᠨᠳᠦᠯᠡᠭᠰᠡᠨ ᠨᠠᠮ᠎ᠠ ᠶᠢ ᠪᠠᠨ ᠡᠷᠢᠶᠡᠨ ᠬᠤᠷᠸ᠎ᠠ ᠶᠢᠨ ᠪᠣᠳᠠᠩ ᠳᠣᠮᠳᠠ ᠳᠦᠬᠡᠷᠢᠴᠢᠬᠡᠬᠦ ᠴᠦ ᠪᠣᠯᠪᠠ ᠦᠦ ᠬᠡᠮᠡᠨ ᠵᠣᠪᠠᠵᠦ ᠴᠠᠶᠢᠯᠭᠠᠨ ᠰᠡᠳᠬᠢᠯ ᠤᠨ ᠬᠡᠷᠡᠯᠳᠦ ᠨᠠᠷᠠ ᠪᠠᠨ ᠦᠷ᠎ᠡ ᠨᠠᠳᠠ ᠳᠤ ᠪᠠᠨ ᠯᠡ ᠮᠠᠨᠳᠣᠭᠤᠯᠳᠠᠭ ᠴᠠᠭᠯᠠᠰᠢ ᠦᠭᠡᠢ ᠰᠠᠶᠢᠬᠠᠨ ᠮᠢᠨᠦ ᠪᠣᠭᠤᠷᠣᠯ ᠡᠵᠢ ᠡᠷᠬᠡ ᠬᠦᠬᠡᠷᠦᠬᠦᠨ ᠦᠷ᠎ᠡ ᠪᠠᠨ ︽ ᠡᠷᠳᠡᠬᠡᠨ ᠬᠠᠷᠢᠭᠠᠳ ᠢᠷᠡᠬᠡᠰᠡᠢ︾ ᠬᠡᠵᠦ ᠡᠯᠢᠭᠡ ᠵᠢᠷᠣᠬᠡ ᠨᠢ ᠳᠠᠩᠳᠠ ᠪᠠᠨ ᠳᠠᠳᠠᠯᠳᠣᠬᠤ ᠳᠤ ᠪᠠᠨ ᠴᠦ ᠢᠰᠡᠬᠡᠢ ᠬᠡᠷ ᠤᠨ ᠮᠢᠨᠢ ᠬᠠᠭᠠᠨ ᠳᠦᠰᠢᠭ ᠠᠪᠤ ᠶᠢᠨ ᠮᠢᠨᠢ ᠢᠩᠳᠦᠯᠬᠦ ᠰᠡᠳᠬᠢᠯ   ᠢ ᠨᠢ ᠬᠦᠨᠳᠡᠴᠢᠬᠡᠬᠦ ᠠᠴᠠ ᠪᠠᠨ ᠪᠣᠯᠭᠤᠮᠵᠢᠯᠠᠨ ︽ ᠬᠦᠦ ᠶᠢᠨ ᠮᠢᠨᠢ ᠰᠣᠷᠣᠯᠭ᠎ᠠ ᠶᠠᠭᠠᠷᠠᠣ ᠯᠡ ᠪᠠᠶᠢᠯᠬᠦᠢ ᠬᠦᠷᠦᠬᠡᠳ ᠢᠷᠡᠬᠦ ᠨᠢ ᠠᠷᠠᠢ ᠯᠡ ᠪᠣᠯᠤᠭ᠎ᠠ ᠦᠭᠡᠢ ᠯᠡ ᠪᠠᠶᠢᠬ᠎ᠠ︾ ᠬᠡᠵᠦ ᠬᠠᠶᠢᠷᠠᠳᠦ  ᠦᠷ᠎ᠡ ᠳᠤ ᠪᠠᠨ ᠳᠡᠮᠠᠣᠯᠦᠭᠰᠡᠨ ᠰᠡᠳᠬᠢᠯ ᠢᠶᠠᠨ ᠬᠠᠨᠢ ᠪᠠᠨ ᠳᠠᠶᠢᠪᠣᠰᠢᠷᠠᠭᠤᠯᠬᠤ ᠦᠭᠡ ᠪᠣᠯᠭᠠᠴᠢᠬᠠᠳᠠᠭ ᠴᠦ ᠰᠠᠷ᠎ᠠ ᠰᠢᠨ᠎ᠡ ᠶᠢᠨ ᠪᠠᠶᠠᠷ ᠢᠶᠠᠨ ᠬᠦᠯᠢᠶᠡᠵᠦ ᠶᠠᠳᠠᠨ ᠮᠣᠩᠭᠠᠨᠢᠵᠦ ᠰᠠᠨᠠᠵᠦ ᠮᠦᠷᠦᠬᠡᠳᠦᠭᠰᠡᠨ ᠰᠡᠳᠬᠢᠯ ᠢᠶᠠᠨ ᠡᠳᠦᠷ ᠤᠨ ᠳᠤᠭ᠎ᠠ ᠪᠠᠷ ᠠᠷᠭᠠᠳᠠᠨ ᠳᠡᠷᠳᠡᠭᠡ ᠳᠤ ᠰᠣᠨᠣᠯᠵᠠᠬᠤ ᠴᠠᠭᠠᠨ ᠵᠠᠮ ᠢ ᠰᠠᠷᠠᠪᠴᠢᠯᠠᠨ ᠰᠠᠷᠠᠪᠴᠢᠯᠠᠨ ᠬᠠᠷᠠᠭᠰᠠᠭᠠᠷ ᠳᠡᠭᠵᠢᠨ ᠬᠤᠩᠭᠤᠷ ᠦᠷ᠎ᠡ ᠨᠢ ᠭᠠᠷᠣᠭᠠᠳ ᠣᠴᠢᠬᠤ ᠶᠢ ᠨᠢ ᠬᠦᠰᠡᠨ ᠳᠠᠪᠬᠤᠷ ᠠᠯᠠᠭ ᠨᠢᠳᠦᠨ ᠠᠴᠠ   ᠪᠠᠨ ᠢᠩᠬᠢᠨ ᠨᠢᠯᠪᠣᠰᠦ ᠴᠣᠪᠣᠷᠠᠭᠤᠯᠵᠦ ᠳᠡᠩᠳᠠ ᠪᠠᠨ ᠦᠬᠡᠶᠢᠯᠡᠳᠡᠭ ᠰᠡᠳᠬᠢᠯ ᠢᠶᠠᠨ ᠬᠦᠯᠢᠶᠡᠯᠳᠠ ᠪᠠᠷ ᠳᠠᠶᠢᠪᠣᠰᠢᠷᠠᠭᠤᠯᠵᠦ ᠵᠣᠭᠰᠣᠳᠠᠭ         ᠮᠢᠨᠦ ᠪᠣᠭᠤᠷᠣᠯ ᠡᠵᠢ᠂ ᠮᠣᠩᠭᠤᠯ ᠨᠣᠳᠤᠭ ᠤᠨ ᠠᠭᠤᠯᠠᠰ         ᠮᠦᠷᠦᠬᠡᠳᠦᠯ ᠬᠦᠰᠡᠯ ᠳᠤ ᠮᠦᠩᠬᠡᠷᠡᠬᠦ ᠠᠵᠠ ᠶᠢᠨ ᠭᠠᠭᠴᠠ ᠳᠡᠭᠷᠢ         ᠦᠷ᠎ᠡ ᠳᠤ ᠪᠠᠨ ᠳᠡᠮᠡᠣᠯᠦᠭᠰᠡᠨ ᠡᠬᠡᠴᠣᠣᠯ ᠤᠨ ᠦᠵᠡᠰᠬᠦᠯᠡᠩᠳᠦ ᠭᠤᠸ᠎ᠠ ᠳᠦᠷᠢ         ᠦᠵᠦᠬᠦᠷ ᠦᠭᠡᠢ ᠳᠡᠨᠢᠬᠡᠷ ᠬᠤᠷᠸ᠎ᠠ ᠶᠢᠨ  ᠦᠷᠦᠴᠡᠨ ᠤ ᠭᠠᠭᠴᠠ ᠰᠦᠨ ᠪᠣᠯᠠᠭ ᠡ᠃         ᠮᠢᠨᠦ ᠪᠣᠭᠤᠷᠣᠯ ᠡᠵᠢ︕
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号