ᠪᠢ ᠠᠭᠤᠴᠢᠯᠠᠭᠰᠠᠨ
ᠨᠡᠶᠢᠲᠡᠯᠡᠭᠰᠡᠨ ᠴᠠᠭ᠄
2022/11/22
ᠰ᠊᠂ ᠣᠳᠬᠤᠨᠳᠣᠶᠠᠭ᠎ᠠ ︵ ᠮᠣᠩᠭᠤᠯ ᠣᠯᠣᠰ︶          ᠪᠢ ᠠᠭᠤᠴᠢᠯᠠᠭᠰᠠᠨ ᠴᠡᠴᠡᠭ ᠴᠡᠴᠡᠭ ᠤᠨ ᠦᠩᠬᠡᠨ ᠳᠤ ᠰᠢᠨᠦᠵᠦ ᠨᠡᠬᠦᠭᠰᠡᠨ ᠡᠷᠪᠡᠬᠡᠢ ᠶᠢᠨ ᠵᠠᠩ ᠢ ᠠᠭᠤᠴᠢᠯᠠᠭᠰᠠᠨ ᠴᠡᠩᠬᠡᠷ ᠮᠠᠨᠠᠨ ᠲᠠᠢ ᠨᠠᠮᠣᠷ ᠢᠶᠠᠷ ᠮᠠᠨᠳᠦ ᠯᠡ ᠪᠠᠶᠢᠭᠠᠰᠠᠢ ᠬᠡᠵᠦ ᠵᠠᠯᠪᠢᠷᠠᠭᠰᠠᠨ ᠴᠠᠭ ᠴᠠᠭ ᠤᠨ ᠠᠶᠠᠰ ᠢᠶᠠᠷ ᠣᠷᠪᠠᠵᠦ ᠨᠡᠬᠦᠭᠰᠡᠨ ᠰᠢᠪᠠᠭᠤᠳ ᠢ ᠠᠭᠤᠴᠢᠯᠠᠭᠰᠠᠨ ᠴᠠᠭᠠᠳᠣᠬᠠᠨ ᠳᠠᠯᠠᠢ ᠳᠤ ᠪᠠᠨ ᠣᠴᠢᠭᠠᠳ ᠵᠢᠷᠭᠠᠭᠠᠳ ᠯᠡ ᠢᠷᠡᠭᠡᠰᠠᠢ ᠬᠡᠵᠦ ᠢᠷᠦᠭᠡᠭᠰᠡᠨ ᠪᠢ ᠠᠭᠤᠴᠢᠯᠠᠭᠰᠠᠨ ᠬᠡᠮ ᠦᠭᠡᠢ ᠶᠠᠪᠣᠬᠤ ᠳᠤ ᠮᠢᠨᠢ ᠬᠦᠳᠬᠡᠭᠰᠡᠨ ᠳᠠᠨᠢᠬᠤ ᠦᠭᠡᠢ ᠬᠦᠮᠦᠨ ᠢ ᠠᠭᠤᠴᠢᠯᠠᠭᠰᠠᠨ ᠬᠢᠰᠬᠢᠭᠰᠡᠨ ᠮᠦᠷ ᠪᠦᠬᠦᠨ ᠳᠤ ᠮᠢᠨᠢ ᠠᠵᠠ ᠳᠣᠬᠢᠶᠠᠳᠠᠭ ᠦᠭᠡᠢ ᠶᠢ ᠣᠶᠢᠯᠠᠭᠠᠭᠰᠠᠨ ᠬᠡᠬᠡ ᠳᠠᠳᠠᠭᠤᠯᠵᠦ ᠶᠠᠪᠣᠬᠤ ᠳᠤ ᠮᠢᠨᠢ ᠠᠳᠠᠭᠠᠷᠬᠠᠭᠰᠠᠨ ᠳᠠᠨᠢᠯ ᠬᠦᠮᠦᠰ ᠢᠶᠠᠨ ᠠᠭᠤᠴᠢᠯᠠᠭᠰᠠᠨ ᠬᠡᠷᠡᠯ ᠪᠠᠶᠢᠭ᠎ᠠ ᠭᠠᠵᠠᠷ ᠲᠤ ᠰᠡᠬᠦᠳᠡᠷ ᠪᠠᠶᠢᠬᠤ ᠶᠢ ᠣᠬᠠᠭᠠᠷᠠᠭᠰᠠᠨ  ᠪᠢ ᠠᠭᠤᠴᠢᠯᠠᠭᠰᠠᠨ ᠨᠠᠮ᠎ᠠ ᠶᠢ ᠭᠤᠮᠣᠳᠠᠭᠠᠵᠦ ᠵᠢᠷᠣᠬᠡ ᠵᠦᠰᠦᠭᠰᠡᠨ ᠬᠡᠨ ᠪᠦᠬᠦᠨ ᠢ ᠠᠭᠤᠴᠢᠯᠠᠭᠰᠠᠨ ᠶᠠᠭᠠᠬᠢᠬᠤᠪ ᠳ᠋ᠠ ᠬᠦᠮᠦᠨ ᠯᠡ ᠶᠤᠮ ᠴᠢᠨᠢ ᠬᠡᠵᠦ ᠴᠠᠭᠠᠳᠬᠠᠭᠰᠠᠨ ᠨᠠᠷᠠᠳᠦ ᠳᠤ ᠣᠯᠠᠨ ᠬᠦᠮᠦᠨ ᠢ ᠭᠤᠮᠣᠳᠠᠭᠠᠭᠰᠠᠨ ᠦᠪᠡᠷ ᠢ ᠪᠠᠨ ᠴᠦ ᠠᠭᠤᠴᠢᠯᠠᠭᠰᠠᠨ ᠶᠠᠭᠠᠬᠢᠯᠳᠠᠢ ᠴᠦ ᠪᠢᠯᠡ ᠳ᠋ᠠ᠂ ᠳᠡᠨᠡᠭᠬᠡᠨ ᠵᠠᠯᠠᠭᠤ ᠨᠠᠰᠦ ᠮᠢᠨᠢ ᠬᠡᠵᠦ ᠴᠠᠶᠢᠷᠠᠭᠤᠯᠣᠭᠰᠠᠨ ᠪᠢ ᠠᠭᠤᠴᠢᠯᠠᠭᠰᠠᠨ ᠠᠭᠤᠴᠢᠯᠠᠬᠤ ᠦᠭᠡᠢ ᠪᠣᠯ ᠵᠢᠷᠣᠬᠡ ᠬᠦᠨᠳᠦᠷᠡᠭᠡᠳ ᠪᠠᠶᠢᠬᠤᠯᠠᠷ ᠨᠢ ᠠᠭᠤᠵᠢᠮᠬᠠᠨ ᠬᠤᠷᠸ᠎ᠠ  ᠭᠡᠭᠴᠢ ᠳᠠᠪᠬᠤᠴᠢᠭᠤᠳᠠᠭᠠᠳ ᠪᠠᠶᠢᠬᠤᠯᠠᠷ ᠴᠦᠮ ᠢ ᠨᠢ ᠪᠢ ᠠᠭᠤᠴᠢᠯᠠᠵᠦ ᠣᠷᠬᠢᠭᠰᠡᠨ ᠴᠡᠭᠡᠵᠢᠨ ᠴᠠᠭᠠᠨ᠎ᠠ   ᠠᠴᠠ ᠮᠢᠨᠢ ᠬᠠᠶᠢᠷ᠎ᠠ ᠣᠨᠳᠣᠷᠣᠭᠰᠠᠨ ᠪᠢ ᠠᠭᠤᠴᠢᠯᠠᠭᠰᠠᠨ
 
ᠢᠷᠡᠯᠲᠡ᠄ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号