ᠰᠠᠶᠢᠬᠠᠨ ᠡᠪᠣᠯ ᠪᠣᠯᠬᠤ ᠨᠢ
ᠨᠡᠶᠢᠲᠡᠯᠡᠭᠰᠡᠨ ᠴᠠᠭ᠄
2023/12/8
ᠴ᠊᠂ ᠴᠢᠩᠨᠠᠭᠠᠳᠣᠷᠵᠢ ᠰᠠᠶ᠋ᠢᠬᠠᠨ ᠵᠠᠯᠠᠯᠡᠭᠰᠡᠨ ᠰᠢᠪᠠᠭᠤᠳ ᠰᠠᠷᠠᠨ ᠳᠤ ᠡᠪᠣᠯᠵᠢᠬᠦ ᠪᠠᠷ ᠨᠢᠰᠴᠢᠭᠡᠭᠰᠡᠨ ᠰᠠᠯᠠᠭ᠎ᠠ ᠮᠣᠳᠣᠨ ᠤ ᠨᠠᠪᠴᠢᠰ ᠨᠠᠷᠠᠨ ᠳᠤ ᠳᠡᠯᠭᠡᠷᠡᠬᠦ ᠪᠠᠷ ᠬᠡᠶᠢᠰᠴᠢᠭᠡᠭᠰᠡᠨ ᠰᠠᠭᠯᠠᠭᠠᠷ ᠬᠠᠩᠭᠠᠢ ᠶᠢᠨ ᠠᠭᠤᠯᠠᠰ ᠭᠤᠨᠢᠭ ᠢᠶᠠᠨ ᠨᠢᠭᠤᠭᠠᠳ ᠴᠠᠶᠢᠷᠠᠴᠢᠬᠠᠭᠰᠠᠨ ᠰᠠᠭᠠᠯᠢᠴᠢᠨ ᠪᠦᠰᠡᠬᠦᠢ ᠳᠣᠯᠠᠭᠠᠯᠠᠭᠠᠳ ᠬᠤᠷᠠᠭᠠᠨ ᠳᠡᠪᠡᠯ ᠡᠮᠣᠰᠴᠢᠭᠡᠭᠰᠡᠨ ᠰᠠᠶᠢᠬᠠᠨ ᠡᠪᠣᠯ ᠪᠣᠯᠬᠤ ᠨᠢ ᠡ ᠴᠡᠴᠡᠭ ᠤᠨ ᠠᠮᠠᠷᠠᠭ ᠡᠷᠪᠡᠬᠡᠢ ᠴᠠᠷᠳᠠ ᠶᠢᠨ ᠴᠢᠯᠠᠭᠤᠨ ᠳᠤ ᠰᠢᠩᠬᠡᠴᠢᠭᠡᠭᠰᠡᠨ ᠴᠡᠩᠬᠡᠭ ᠣᠰᠣᠨ ᠤ ᠵᠢᠷᠠᠭᠠᠬᠠᠢ ᠴᠡᠬᠡᠯ ᠤᠨ ᠴᠦᠬᠦᠷᠦᠮ ᠳᠤ ᠨᠢᠭᠤᠭᠳᠠᠴᠢᠬᠠᠭᠰᠠᠨ ᠦᠬᠡᠯᠡᠭᠡ ᠪᠢᠴᠢᠬᠠᠨ ᠪᠣᠯᠵᠣᠮᠣᠷ ᠡᠬᠦᠷ ᠢᠶᠠᠨ ᠵᠠᠰᠠᠭᠠᠳ ᠲᠣᠬᠠᠯᠠᠴᠢᠬᠠᠭᠰᠠᠨ ᠦᠷ ᠰᠦᠨᠢ ᠶᠢᠨ ᠵᠠᠭᠠᠷ ᠢᠶᠠᠷ ᠦᠨᠡᠭᠡ ᠬᠢᠷᠰᠡ ᠱᠣᠭᠰᠢᠴᠢᠬᠠᠭᠰᠠᠨ ᠰᠠᠶᠢᠬᠠᠨ ᠡᠪᠣᠯ ᠪᠣᠯᠬᠤ ᠨᠢ ᠡ ᠬᠦᠷᠵᠡᠩ ᠪᠠᠭᠤᠴᠠ ᠲᠠᠢ ᠡᠪᠣᠯᠵᠢᠶ᠎ᠡ ᠶᠢ ᠨᠠᠮᠣᠷ ᠤᠨ ᠬᠠᠳᠣᠯᠠᠩ ᠳᠠᠷᠣᠴᠢᠬᠠᠭᠰᠠᠨ ᠬᠦᠯ ᠦᠭᠡᠢ ᠴᠠᠭᠠᠨ ᠳᠠᠯ᠎ᠠ ᠳᠤ ᠬᠡᠳᠦᠨ ᠮᠣᠷᠢᠳ ᠴᠠᠩᠳᠣᠴᠢᠬᠠᠭᠰᠠᠨ ᠬᠦᠭᠡ ᠴᠢᠨ᠋ᠸ᠎ᠠ ᠶᠢᠨ ᠣᠯᠢᠯᠳᠠ ᠳᠡᠭᠷᠢ ᠶᠢᠨ ᠬᠡᠬᠡᠯᠢᠨ ᠳᠤ ᠬᠦᠷᠴᠢᠭᠡᠭᠰᠡᠨ ᠬᠦᠷ ᠴᠠᠰᠣᠨ ᠤ ᠳᠣᠣᠷ᠎ᠠ ᠬᠠᠪᠣᠷ ᠤᠨ ᠢᠷᠭᠤᠢ ᠰᠣᠶᠣᠭᠠᠯᠠᠴᠢᠬᠠᠭᠰᠠᠨ ᠰᠠᠶᠢᠬᠠᠨ ᠡᠪᠣᠯ ᠪᠣᠯᠬᠤ ᠨᠢ ᠡ ᠭᠠᠵᠠᠷ ᠤᠨ ᠡᠵᠡᠨ ᠰᠠᠪᠳᠠᠭ ᠭᠠᠯᠪᠠ ᠶᠢᠨ ᠬᠦᠷᠦᠰᠣᠨ ᠳᠤ ᠨᠣᠶᠢᠷᠰᠣᠴᠢᠬᠠᠭᠰᠠᠨ ᠭᠠᠯ ᠤᠨ ᠪᠣᠷᠬᠠᠨ ᠰᠠᠬᠢᠭᠤᠰᠦ ᠭᠠᠩ ᠳᠣᠯᠭᠠᠨ ᠳᠤ ᠮᠠᠨᠳᠣᠴᠢᠬᠠᠭᠰᠠᠨ ᠰᠣᠶᠢᠬᠡ ᠮᠦᠩᠬᠦᠨ ᠲᠠᠯᠠᠰᠳᠦ ᠠᠴᠠ ᠴᠠᠰᠣᠨ ᠤ ᠰᠣᠯᠣᠩᠭ᠎ᠠ ᠳᠠᠳᠠᠴᠢᠬᠠᠭᠰᠠᠨ ᠰᠦ ᠡᠷᠬᠦᠭᠰᠡᠨ ᠡᠵᠢ ᠢᠰᠡᠬᠡᠢ ᠭᠤᠳᠣᠯ ᠢᠶᠠᠷ ᠭᠤᠶᠣᠴᠢᠬᠠᠭᠰᠠᠨ ᠰᠠᠶᠢᠬᠠᠨ ᠡᠪᠣᠯ ᠪᠣᠯᠬᠤ ᠨᠢ ᠡ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号