︽ᠵᠠᠬᠢᠷᠦᠯ ᠬᠤᠨᠳᠠᠭᠠᠳᠦ︾ ᠬᠦᠯ ᠪᠦᠮᠪᠦᠭᠡ ᠶᠢᠨ ᠣᠷᠣᠯᠳᠣᠭᠠᠨ
ᠨᠡᠶᠢᠲᠡᠯᠡᠭᠰᠡᠨ ᠴᠠᠭ᠄
2018/3/22
 ︽ᠵᠠᠬᠢᠷᠦᠯ ᠬᠤᠨᠳᠠᠭᠠᠳᠦ︾ ᠬᠦᠯ ᠪᠦᠮᠪᠦᠭᠡ ᠶᠢᠨ ᠣᠷᠣᠯᠳᠣᠭᠠᠨ       ᠡᠷᠢᠶᠡᠨ ᠬᠤᠲᠠ ᠶᠢᠨ ᠮᠣᠩᠭᠤᠯ ᠳᠣᠮᠳᠠᠳᠦ ᠰᠣᠷᠭᠠᠭᠤᠯᠢ ᠠᠴᠠ  ᠡᠷᠬᠢᠯᠡᠭᠰᠡᠨ 2018 ᠣ᠊‍ᠨ ᠤ ᠬᠠᠪᠣᠷ ᠤᠨ ᠣᠯᠠᠷᠢᠯ ᠤᠨ ︽ ᠵᠡᠬᠢᠷᠣᠯ ᠬᠤᠨᠳᠠᠭᠠᠳᠦ︾ ᠰᠣᠷᠭᠠᠭᠤᠯᠢ ᠶᠢᠨ ᠬᠦᠷᠢᠶᠡᠨ ᠤ ᠬᠦᠯ ᠪᠦᠮᠪᠦᠭᠡ ᠶᠢᠨ ᠣᠷᠣᠯᠳᠣᠭᠠᠨ‌ᠨᠢ ᠰᠣᠷᠭᠠᠭᠤᠯᠢ ᠶᠢᠨ ᠬᠦᠷᠢᠶᠡᠨ ᠤ ᠰᠣᠶᠣᠯ ᠤᠨ ᠪᠦᠳᠦᠬᠡᠨ ᠪᠠᠶᠢᠭᠤᠯᠣᠯᠳᠠ ᠶᠢ ᠠᠬᠢᠭᠤᠯᠵᠦ᠂ ᠰᠣᠷᠣᠭᠴᠢᠳ ᠤᠨ ᠨᠢᠭᠳᠠᠷᠠᠯ ᠤᠨ ᠬᠦᠴᠦᠨ ᠪᠠ ᠬᠠᠮᠳᠦ  ᠨᠠᠶᠢᠲᠡ ᠶᠢᠨ ᠦᠵᠡᠯ ᠣᠬᠠᠮᠰᠠᠷ ᠢ  ᠴᠢᠩᠭᠠᠳᠬᠠᠨ᠂ ᠮᠠᠨ ᠤ ᠰᠣᠷᠭᠠᠭᠤᠯᠢ ᠶᠢᠨ ᠣᠯᠠᠨ ᠳᠦᠮᠡᠨᠴᠢ ᠳᠠᠮᠢᠷ ᠤᠨ ᠬᠦᠳᠡᠯᠭᠡᠭᠡᠨ ᠪᠠ  ︽ ᠪᠠᠶᠠᠰᠬᠤᠯᠠᠩᠳᠦ ᠲᠠᠮᠢᠷ ︾  ᠤᠨ ᠬᠦᠭᠵᠢᠯᠲᠠ ᠶᠢ  ᠠᠬᠢᠭᠤᠯᠵᠦ᠂ ᠡᠷᠡᠬᠦᠯ ᠠᠰᠢᠭᠲᠠᠢ ᠰᠣᠷᠭᠠᠭᠤᠯᠢ ᠶᠢᠨ ᠬᠦᠷᠢᠶᠡᠨ ᠤ ᠠᠭᠤᠷ ᠠᠮᠢᠰᠬᠤᠯ ᠢ  ᠪᠣᠢ ᠪᠣᠯᠭᠠᠬᠤ ᠶᠢᠨ ᠳᠣᠯᠠᠲᠠ᠂ 3 ᠰᠠᠷᠠᠶᠢᠨ17  ᠡᠳᠦᠷ ︽ ᠵᠠᠬᠢᠷᠣᠯ ᠬᠤᠨᠳᠠᠭᠠᠳᠦ︾  ᠬᠦᠯ ᠪᠦᠮᠪᠦᠬᠡᠨ ᠤ ᠬᠤᠯᠪᠣᠭᠠᠳᠦ ᠣᠷᠣᠯᠳᠣᠭᠠᠨ ᠶᠠᠪᠣᠭᠳᠠᠪᠠ᠃     ᠳᠣᠰ ᠣᠳᠠᠭᠠᠨ ᠤ ︽ ᠵᠠᠬᠢᠷᠣᠯ ᠬᠤᠨᠳᠠᠭᠠᠳᠦ︾ ᠬᠦᠯ ᠪᠦᠮᠪᠦᠭᠡ ᠶᠢᠨ ᠬᠤᠯᠪᠣᠭᠠᠳᠦ ᠣᠷᠣᠯᠳᠣᠭᠠᠨ ᠳᠤ ᠠᠩᠬ᠎ᠠ ᠳᠣᠮᠳᠠ ᠶᠢᠨ ᠪᠦᠯᠦᠭ ᠲᠤ ᠡᠷᠡᠭᠲᠠᠢ᠂ ᠡᠮᠡᠭᠲᠠᠢ 11  ᠳᠣᠭᠤᠶᠢᠯᠠᠩ ᠲᠠᠢ᠂ ᠳᠡᠬᠡᠳᠦ ᠳᠣᠮᠳᠠ ᠶᠢᠨ ᠪᠦᠯᠦᠭ ᠲᠤ ᠡᠷᠡᠭᠲᠠᠢ 9 ᠳᠣᠭᠤᠶᠢᠯᠠᠩ᠂ ᠡᠮᠡᠭᠲᠠᠢ 7 ᠳᠣᠭᠤᠶᠢᠯᠠᠩ ᠣᠷᠣᠯᠳᠣᠭᠠᠨ ᠳᠤ ᠣᠷᠣᠯᠴᠠᠪᠠ᠃      ᠣᠷᠣᠯᠳᠣᠭᠠᠨ ᠨᠢ ᠬᠡᠳᠦᠶᠢᠪᠡᠷ ᠭᠠᠭᠴᠠ ᠢᠯᠠᠭᠴᠢ ᠲᠠᠢ ᠪᠠᠶᠢᠳᠠᠭ ᠪᠣᠯᠪᠠᠴᠤ᠂ ︽ᠨᠦᠬᠦᠷᠯᠡᠯ ᠨᠢᠬᠡᠳᠦᠬᠡᠷ᠂ ᠣᠷᠣᠯᠳᠣᠭᠠᠨ ᠬᠤᠶᠠᠳᠣᠭᠠᠷ︾ ᠬᠡᠰᠡᠨ ᠵᠣᠷᠢᠯᠲᠠ ᠪᠠᠷ᠂  ᠡᠶ᠎ᠡ ᠨᠠᠶᠢᠷ ᠲᠠᠢ᠂ ᠪᠠᠶᠠᠷ ᠬᠦᠷ ᠲᠠᠢ᠂ ᠪᠠᠰᠠ ᠬᠡᠨ  ᠨᠢᠬᠡᠨ ᠳᠡᠭᠡᠨ ᠨᠠᠶᠢᠷ   ᠳᠠᠯᠪᠢᠯ ᠦᠭᠡᠢ     ᠣᠷᠣᠯᠳᠦᠵᠦ ᠡᠬᠢᠯᠡᠯ᠎ᠡ᠃ ᠲᠠᠯᠠᠪᠠᠢ ᠶᠢᠨ  ᠭᠠᠳᠠᠨᠠᠬᠢ  ᠰᠣᠷᠣᠭᠴᠢᠳ ᠴᠦ ᠬᠡᠰᠡᠨ ᠵᠦᠬᠡᠷ  ᠰᠠᠭᠤᠯ ᠦᠭᠡᠢ᠂ ᠦᠪᠡᠷ ᠦᠪᠡᠷ ᠤᠨ ᠪᠠᠭ ᠤᠨ ᠳᠦᠯᠦᠬᠡ ᠴᠢᠨᠡᠭᠡ ᠮᠡᠳᠡᠨ  ᠣᠬᠠᠢ ᠬᠠᠰᠬᠢᠷᠣᠨ᠂ ᠬᠦᠴᠦ ᠨᠡᠮᠡᠵᠦ   ᠦᠷᠢᠰᠦᠯᠳᠦᠬᠡᠨ ᠢ ᠣᠯᠠᠮ ᠬᠤᠷᠴᠠ ᠰᠢᠷᠦᠬᠦᠨ ᠪᠣᠯᠭᠠᠨ᠎ᠠ᠃   ᠦᠵᠡᠭᠴᠢᠳ ᠤᠨ ᠨᠢᠳᠦ ᠶᠢ ᠪᠣᠯᠢᠶᠠᠵᠦ  ᠂ ᠪᠠᠬ᠎ᠠ ᠶᠢ  ᠳᠠᠳᠠᠭᠰᠠᠨ ︽ ᠵᠠᠬᠢᠷᠣᠯ ᠬᠤᠨᠳᠠᠭᠠᠳᠦ︾ ᠰᠣᠷᠭᠠᠭᠤᠯᠢ ᠶᠢᠨ ᠬᠦᠷᠢᠶᠡᠨ ᠤ ᠬᠦᠯ ᠪᠦᠮᠪᠦᠭᠡ ᠶᠢᠨ ᠣᠷᠣᠯᠳᠣᠭᠠᠨ ᠨᠢ  ᠡᠶᠢᠮᠦᠷᠬᠦ ᠠᠮᠵᠢᠯᠲᠠ ᠲᠠᠢ ᠡᠬᠢᠯᠡᠯ᠎ᠡ᠃
 
ᠢᠷᠡᠯᠲᠡ᠄ ᠡᠷᠢᠶᠡᠨ ᠬᠤᠲᠠ ᠶᠢᠨ ᠮᠣᠩᠭᠤᠯ ᠳᠣᠮᠳᠠᠳᠦ ᠰᠣᠷᠭᠠᠭᠤᠯᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号