ᠮᠣᠩᠭᠤᠯ ᠦᠨᠳᠣᠰᠣᠳᠡᠨ ᠤ ᠶᠡᠭᠡ  ᠵᠢᠳᠬᠦᠯᠳᠡᠨ ᠢᠨᠵᠠᠨᠠᠰᠢ
ᠨᠡᠶᠢᠲᠡᠯᠡᠭᠰᠡᠨ ᠴᠠᠭ᠄
2018/3/29
     ᠢᠨᠵᠠᠨᠨᠠᠰᠢ ᠶᠢᠨ ᠠᠬ᠎ᠠ ᠰᠤᠩᠸᠠᠶᠢᠳᠠᠨᠵᠤᠩ ᠤᠨ ᠡᠳᠦᠷ ᠤᠨ ᠲᠡᠮᠳᠡᠭᠯᠡᠯ ᠳᠤ ᠥᠭᠦᠯᠡᠭᠰᠡᠨ ᠢᠨᠤ᠄ ︽ᠳᠣᠯᠣᠳᠤᠭᠠᠷ ᠳᠡᠭᠦᠦ ᠮᠢᠨᠢ ᠤᠯᠠᠭᠴᠢᠨ ᠲᠠᠬᠢᠶ᠎ᠠ ᠵᠢᠯ ︵1837 ᠣᠨ︶᠂ ᠲᠥᠷᠥ ᠭᠡᠷᠡᠯᠲᠦ ᠶᠢᠨ 17 ᠳ᠋ᠤᠭᠠᠷ ᠣᠨ ᠤ ᠳᠥᠷᠪᠡᠨ ᠰᠠᠷ᠎ᠠ ᠶᠢᠨ 16 ᠤ ᠲᠠᠬᠢᠶ᠎ᠠ ᠴᠠᠭ ᠲᠤ ᠲᠦᠷᠦᠵᠤ︔ ᠰᠢᠷ᠎ᠠ ︵ᠬᠠᠷ᠎ᠠ︖︶ ᠯᠤᠤ ᠵᠢᠯ ︵1892 ᠣᠨ︶᠂ ᠪᠠᠳᠠᠷᠠᠭᠤᠯᠲᠤ ᠲᠥᠷᠥ ᠶᠢᠨ 18 ᠳ᠋ᠤᠭᠠᠷ ᠣᠨ ᠤ ᠴᠠᠭᠠᠨ ᠰᠠᠷ᠎ᠠ ᠶᠢᠨ 27 ᠤ ᠦᠬᠡᠷ ᠴᠠᠭ ᠂ 56 ᠨᠠᠰᠤᠨ᠎ᠠ ᠥᠩᠭᠡᠷᠡᠪᠡ︔ ᠨᠡᠷ᠎ᠡ᠄ ᠢᠨᠵᠠᠨᠨᠠᠰᠢ᠂ ᠮᠣᠩᠭᠤᠯᠴᠢᠯᠠᠪᠠᠰᠤ ᠪᠡᠯᠭᠡ ᠪᠢᠯᠢᠭ ᠤᠨ ᠴᠣᠭᠲᠤ ᠬᠡᠮᠡᠮᠦᠢ᠃ ᠲᠡᠭᠦᠨ ᠤ ᠡᠬᠡᠨᠡᠷ ᠰᠠᠷᠠᠨᠪᠣᠯᠣᠷ᠂ ᠳᠥᠯᠭᠡᠨ ᠡᠷᠳᠡᠮᠲᠦ ᠭᠡᠭᠡ᠂ 26 ᠨᠠᠰᠤ ᠪᠣᠯᠬᠤ ᠳᠤ 3 ᠬᠥᠪᠡᠭᠦᠨ ᠲᠠᠢ ᠪᠣᠯᠵᠤ᠂ 27 ᠨᠠᠰᠤᠨ᠎ᠠ ᠥᠩᠭᠡᠷᠡᠪᠠ︔ ᠠᠬᠠᠮᠠᠳ ᠸᠠᠶᠢᠴᠢᠨ᠂ ᠲᠡᠳ᠋ ᠴᠢᠮᠠᠭᠠᠷ᠂ ᠭᠤᠳᠠᠭᠠᠷ ᠮᠠᠭᠪᠠᠽᠠᠷ︾ ᠭᠡᠵᠡᠢ᠃ ᠨᠡᠬᠡᠨ ᠰᠠᠨᠠᠪᠠᠯ ᠲᠡᠷᠡ ᠴᠠᠭ ᠤᠨ ︽ᠥᠪᠥᠷ ᠵᠢᠷᠭᠤᠭᠠᠨ ᠴᠢᠭᠤᠯᠭᠠᠨ᠂ ᠠᠷᠤ ᠳᠥᠷᠪᠡᠨ ᠠᠶᠢᠮᠠᠭ᠂ ᠬᠠᠯᠬ᠎ᠠ ᠶᠢᠨ ᠨᠡᠶᠢᠲᠡ ᠭᠤᠷᠪᠠᠨ ᠵᠠᠭᠤ ᠰᠢᠬᠠᠮ ᠮᠣᠩᠭᠤᠯ ᠲᠣᠭᠠᠲᠠᠨ︾ ᠤ ᠨᠢᠭᠡᠨ ᠭᠡᠭᠲᠡᠬᠦ ᠲᠦᠮᠡᠳ ᠪᠠᠷᠠᠭᠤᠨ ᠬᠤᠰᠢᠭᠤᠨ᠎ᠠ ᠸᠠᠩᠴᠢᠨᠪᠠᠯ ᠬᠡᠮᠡᠬᠦ ᠰᠤᠷᠪᠤᠯᠵᠢᠲᠤ ᠲᠦᠰᠢᠮᠡᠯ ᠤᠨ ᠭᠡᠷ ᠬᠦᠷᠢᠶᠡᠯᠡᠩ ᠳᠤ ᠣᠳᠣ ᠠᠴᠠ 180 ᠭᠠᠷᠤᠢ ᠵᠢᠯ ᠤᠨ ᠡᠮᠦᠨ᠎ᠡ ᠮᠣᠩᠭᠤᠯ ᠦᠨᠳᠦᠰᠦᠲᠡᠨ ᠤ ᠭᠠᠷᠮᠠᠭᠠᠢ ᠵᠣᠬᠢᠶᠠᠯᠴᠢ᠂ ᠮᠣᠩᠭᠤᠯ ᠲᠡᠦᠬᠡᠴᠢ ᠢᠨᠵᠠᠨᠨᠠᠰᠢ ᠮᠡᠨᠳᠦᠯᠡᠵᠡᠢ᠃    ᠰᠠᠨᠰᠺᠷᠢᠲ ᠢᠶᠠᠷ ᠵᠢᠨᠢᠶᠠᠨᠠᠰᠢᠷᠢ᠂ ᠲᠥᠪᠡᠳ ᠢᠶᠠᠷ ᠢᠰᠢᠪᠠᠯ᠂ ᠮᠣᠩᠭᠤᠯᠴᠢᠯᠠᠭᠰᠠᠨ ᠰᠠᠨᠰᠺᠷᠢᠲ ᠳᠠᠭᠤᠳᠠᠯᠭ᠎ᠠ ᠪᠠᠷ ᠢᠨᠵᠠᠨᠨᠠᠰᠢ ᠪᠣᠯᠵᠤ ᠪᠢᠴᠢᠭ ᠤᠨ ᠤᠳᠬ᠎ᠠ ᠵᠣᠬᠢᠶᠠᠯ ᠳᠤ ᠲᠡᠮᠳᠡᠭᠯᠡᠭᠳᠡᠨ ᠣᠷᠣᠭᠰᠠᠨ᠂ ᠡᠨᠡ ᠶᠡᠭᠡ ᠪᠢᠴᠢᠭ ᠤᠨ ᠬᠥᠮᠥᠨ ᠤ ᠨᠡᠷ᠎ᠡ ᠠᠯᠳᠠᠷ ᠥᠨᠥ ᠨᠢᠭᠡᠨᠲᠡ ᠠᠳᠠᠯᠢ ᠪᠤᠰᠤ ᠪᠠᠷ ᠥᠭᠦᠯᠡᠭᠳᠡᠬᠦ ᠪᠣᠯᠣᠭᠰᠠᠨ ᠪᠣᠯᠪᠠᠴᠤ ︽᠁ ᠬᠠᠯᠠᠭᠤᠨ ᠡᠴᠢᠵᠦ᠂ ᠬᠦᠢᠲᠡᠨ ᠢᠷᠡᠬᠦ᠂ ᠬᠠᠪᠤᠷ ᠨᠠᠮᠤᠷ ᠬᠠᠷᠢᠯᠴᠠᠨ ᠡᠭᠡᠯᠵᠢᠯᠡᠬᠦ᠂ ᠭᠡᠷᠡᠯ ᠰᠡᠭᠦᠳᠡᠷ ᠥᠩᠭᠡᠷᠡᠨ︾ ᠰᠣᠯᠢᠭᠳᠠᠬᠤ ᠴᠠᠭ ᠤᠨ ᠤᠷᠤᠰᠬᠠᠯ ᠢ ᠳᠠᠭᠠᠭᠠᠨ ᠦᠯᠡᠳᠡᠵᠦ ᠴᠢᠳᠠᠭᠰᠠᠨ ᠨᠢ ᠴᠣᠬᠤᠮ ᠶᠠᠭᠤᠨ ᠤ ᠤᠴᠢᠷ ᠪᠢᠯᠡ︕ ᠡᠨᠡ ᠪᠣᠯ ᠭᠠᠭᠴᠠ ᠬᠦ ᠲᠡᠭᠦᠨ ᠤ ︽᠁ ᠡᠳᠦᠷ ᠤᠨ ᠬᠢᠷᠢ ᠳᠤ ᠠᠮᠠᠷᠠᠵᠤ ᠴᠢᠳᠠᠬᠤ ᠦᠭᠡᠢ ᠪᠠᠷ᠂ ᠰᠥᠨᠢ ᠪᠣᠯᠪᠠᠰᠤ ᠲᠤᠭᠤᠷᠠᠲᠠᠯ᠎ᠠ ᠤᠨᠲᠠᠬᠤ ᠦᠭᠡᠢ ᠪᠠᠷ ᠰᠤᠳᠤᠷ ᠱᠠᠰᠲᠢᠷ ᠨᠣᠮ ᠪᠢᠴᠢᠭ ᠤᠨ ᠳᠠᠯᠳᠠ ᠤᠳᠬ᠎ᠠ᠂ ᠲᠣᠪᠴᠢ ᠣᠨᠢᠰᠤᠭ᠎ᠠ ᠪᠦᠬᠦᠨ ᠢ ᠮᠥᠷᠳᠡᠨ ᠡᠷᠢᠵᠦ︾ ᠴᠥᠯᠪᠡᠨ ᠪᠢᠴᠢᠵᠦ᠂ ᠬᠤᠶᠢᠴᠢ ᠦᠶ᠎ᠡ ᠳᠡᠭᠡᠨ ᠦᠯᠡᠳᠡᠭᠡᠵᠦ ᠴᠢᠳᠠᠭᠰᠠᠨ ᠮᠥᠩᠬᠡ ᠨᠠᠰᠤᠲᠠᠢ ᠲᠤᠭᠤᠷᠪᠢᠯ ᠤᠨ ᠬᠢᠨᠢ ᠦᠷ᠎ᠡ ᠥᠭᠭᠦᠭᠡᠵᠢ ᠠᠵᠢ᠃ ᠣᠭᠲᠣᠬᠠᠨ ᠴᠦ ᠮᠡᠳᠡᠭᠳᠡᠯ ᠦᠭᠡᠢ ᠪᠠᠷ ᠣᠷᠣᠰᠢᠨ ᠥᠩᠭᠡᠷᠡᠵᠦ ᠪᠠᠶᠢᠭ᠎ᠠ ᠨᠡᠶᠢᠭᠡᠮ ᠤᠨ ᠠᠰᠤᠷᠤ ᠶᠡᠭᠡ ᠪᠠᠶᠠᠯᠢᠭ ᠪᠣᠯᠣᠭᠰᠠᠨ ᠴᠠᠭ ᠬᠤᠭᠤᠴᠠᠭᠠᠨ ᠤ ᠲᠤᠬᠠᠢ ︽ᠬᠡᠨ ᠬᠥᠮᠥᠨ ᠨᠠᠷᠠ ᠰᠠᠷᠠᠨ ᠤ ᠥᠩᠭᠡᠷᠡᠬᠦ ᠶᠢ ᠦᠯᠦ ᠬᠠᠶᠢᠷᠠᠯᠠᠮᠤᠢ᠂ ᠬᠡᠨ ᠬᠥᠮᠥᠨ ᠥᠪᠡᠷ ᠤᠨ ᠪᠡᠶ᠎ᠡ ᠶᠢᠨ ᠤᠴᠠᠷᠠᠯ ᠢ ᠦᠯᠦ ᠬᠠᠶᠢᠷᠠᠯᠠᠮᠤᠢ᠂ ᠲᠡᠶᠢᠮᠦ ᠶᠢᠨ ᠲᠤᠯᠠᠳᠠ ᠬᠥᠮᠥᠨ ᠲᠥᠷᠥᠯᠬᠢᠲᠡᠨ ᠤ ᠴᠠᠭ ᠤᠨ ᠡᠷᠬᠢᠮ ᠢ ᠴᠣᠬᠤᠮ ᠬᠦ ᠬᠠᠶᠢᠷᠠᠯᠠᠯᠲᠠᠢ ᠁︾ ᠭᠡᠵᠦ ︽ᠬᠥᠳᠡᠭᠡ ᠶᠢᠨ ᠡᠪᠦᠭᠡᠨ ᠤ ᠣᠷᠣᠰᠢᠯ︾ ᠬᠡᠮᠡᠬᠦ ᠰᠢᠭᠦᠮᠵᠢᠯᠡᠯᠲᠦ ᠲᠡᠮᠳᠡᠭᠯᠡᠯ ᠳᠡᠭᠡᠨ ᠬᠠᠷᠠᠭᠤᠯᠤᠨ ᠪᠢᠴᠢᠵᠦ ᠪᠠᠶᠢᠯ᠎ᠠ᠃ ᠡᠶᠢᠮᠦ ᠠᠴᠠ ᠲᠡᠷᠡ ᠪᠠᠷ ᠨᠣᠮ ᠡᠷᠳᠡᠮ ᠢ ᠪᠦᠲᠦᠭᠡᠬᠦ ᠨᠢᠭᠡᠨ ᠦᠵᠦᠭᠦᠷᠲᠦ ᠰᠡᠳᠬᠢᠯ ᠤᠨ ᠤᠴᠢᠷ ︽ᠭᠠᠷ ᠢᠶᠠᠨ ᠪᠠᠷᠢᠵᠤ᠂ ᠡᠪᠦᠳᠦᠭ ᠢᠶᠠᠨ ᠲᠡᠪᠡᠷᠢᠵᠦ᠂ ᠬᠡᠪᠡᠯᠢ ᠪᠠᠨ ᠬᠡᠯᠪᠠᠶᠢᠵᠦ᠂ ᠰᠤᠯᠠ ᠰᠠᠭᠤᠨ ᠵᠢᠷᠭᠠᠵᠤ︾᠂ ︽ᠪᠦᠲᠦᠨ᠎ᠡ ᠭᠡᠷᠡᠯᠲᠦᠭᠦᠯᠦᠨ ᠵᠤᠭᠠᠴᠠᠬᠤ︾ ᠬᠠᠮᠵᠢᠯᠭ᠎ᠠ ᠶᠢᠨ ᠡᠵᠡᠨ ᠤ ᠭᠡᠷ ᠬᠦᠷᠢᠶᠡᠯᠡᠩ ᠤᠨ ᠤᠵᠢᠳ ᠴᠡᠩᠭᠡᠯ ᠢ ᠡᠷᠲᠡ ᠪᠠᠭ᠎ᠠ ᠠᠴᠠ ᠪᠠᠨ ᠣᠭᠤᠷᠴᠠᠢ᠃ ᠢᠩᠭᠢᠵᠦ ᠬᠥᠨᠳᠡᠶᠢᠷᠡᠬᠦ ᠳᠤ ᠨᠥᠯᠥᠭᠡᠯᠡᠭᠰᠡᠨ ᠨᠢᠭᠡ ᠵᠦᠢᠯ ᠨᠢ ᠭᠡᠷ ᠪᠦᠯᠢ ᠶᠢᠨ ᠬᠢᠨ ᠤ ᠪᠢᠴᠢᠭ ᠰᠣᠶᠣᠯ ᠤᠨ ᠤᠯᠠᠮᠵᠢᠯᠠᠯ᠂ ᠢᠯᠠᠩᠭᠤᠶ᠎ᠠ ᠢᠷᠠᠭᠤ ᠨᠠᠶᠢᠷᠠᠭ ᠤᠨ ᠠᠮᠲᠠ ᠰᠢᠮᠲᠡ᠂ ᠵᠣᠬᠢᠶᠠᠨ ᠪᠦᠲᠦᠭᠡᠬᠦ ᠶᠢᠨ ᠪᠠᠶᠠᠷ ᠵᠢᠷᠭᠠᠯ ᠢ ᠡᠷᠲᠡᠨ ᠠᠴᠠ ᠮᠡᠳᠡᠬᠦ ᠪᠣᠯᠣᠭᠰᠠᠨ ᠶᠠᠪᠤᠳᠠᠯ ᠲᠠᠢ ᠤᠴᠢᠷ ᠬᠤᠯᠪᠣᠭ᠎ᠠ ᠲᠠᠢ ᠠᠵᠢ᠃ ᠡᠴᠢᠭᠡ ᠸᠠᠩᠴᠢᠨᠪᠠᠯ ᠨᠢ ︽ᠬᠥᠬᠡ ᠰᠤᠳᠤᠷ︾ ᠷᠤᠮᠠᠨ ᠤ ᠡᠬᠢᠨ ᠤ ᠨᠠᠢᠮᠠᠨ ᠪᠦᠯᠦᠭ ᠢ ᠲᠤᠭᠤᠷᠪᠢᠵᠤ᠂ ᠶᠡᠭᠡ ᠠᠬ᠎ᠠ ᠭᠦᠯᠡᠷᠡᠨᠰᠠ ᠨᠢ᠄ ︽ᠭᠤᠷᠪᠠᠨ ᠢᠮᠠᠬᠤ ᠶᠢᠨ ᠬᠤᠯᠤᠰᠤ ᠶᠢ ᠪᠠᠷᠢᠵᠤ ᠡ᠊ᠨᠳᠡᠭᠦᠦ ᠲᠠᠰᠢᠶ᠎ᠠ ᠪᠢᠴᠢᠬᠦ ᠮᠢᠨᠢ ᠭᠤᠲᠤᠯ ᠣᠶᠢᠮᠤᠰᠤ ᠪᠠᠷᠠᠲᠠᠯ᠎ᠠ ᠶᠠᠪᠤᠵᠤ ᠨᠡᠷ᠎ᠡ ᠠᠰᠢᠭ ᠢ ᠬᠥᠭᠡᠭᠡᠬᠦ ᠠᠴᠠ ᠳᠡᠭᠡᠷ᠎ᠡ︾ ᠬᠡᠮᠡᠨ ᠰᠢᠯᠦᠭᠯᠡᠵᠦ᠂ ᠪᠠᠰᠠ ᠨᠢᠭᠡ ᠠᠬ᠎ᠠ ᠭᠦᠩᠨᠡᠴᠦᠬᠡ ᠨᠢ᠄ ︽ᠪᠠᠭ᠋ᠠᠷᠬᠠᠮ᠎ᠠ ᠪᠢᠴᠢᠭ ᠢ ᠤᠩᠰᠢᠵᠤ ᠁ ᠪᠠᠶᠢᠳᠠᠭ ᠴᠢᠯᠦᠭᠡ ᠳᠤᠷ ᠰᠢᠯᠦᠭ ᠳᠠᠭᠤᠯᠠᠯ ᠵᠣᠬᠢᠶᠠᠬᠤ︾ ᠶᠢᠨ ᠡᠷᠬᠢᠮ ᠰᠠᠶᠢᠬᠠᠨ ᠢᠳᠡ ᠬᠠᠪᠤ ᠶᠢ ᠥᠭᠦᠯᠡᠵᠦ᠂ ᠨᠥᠭᠦᠭᠡ ᠨᠢᠭᠡ ᠠᠬ᠎ᠠ ᠰᠤᠩᠸᠠᠶᠢᠳᠠᠨᠵᠤᠩ ᠨᠢ᠄ ︽ᠨᠠᠶᠢᠷᠠᠮᠳᠠᠬᠤ ᠨᠥᠬᠦᠳ ᠪᠢᠲᠡᠭᠦᠯᠢᠭ ᠰᠢᠯᠦᠭ ᠲᠤᠷ ᠪᠦᠭᠦᠳᠡ ᠶᠡᠬᠡᠳᠡ ᠪᠠᠶᠠᠷᠯᠠᠭᠰᠠᠨ︾ ᠢᠶᠠᠨ ᠬᠥᠭᠡᠭᠡᠨ ᠳᠤᠷᠠᠰᠴᠤ ᠪᠠᠶᠢᠭᠰᠠᠨ ᠵᠡᠷᠭᠡ ᠨᠢ ᠨᠣᠮ ᠡᠷᠳᠡᠮ ᠤᠨ ᠵᠦᠭ ᠨᠢᠳᠦ ᠪᠠᠨ ᠨᠡᠭᠡᠭᠡᠵᠦ᠂ ᠴᠢᠬᠢ ᠪᠠᠨ ᠲᠠᠯᠪᠢᠵᠤ ᠪᠠᠶᠢᠭᠰᠠᠨ ᠳᠡᠭᠦᠦ ᠢᠨᠵᠠᠨᠨᠠᠰᠢ ᠶᠢᠨ ᠠᠯᠤᠰ ᠬᠡᠲᠦ ᠶᠢᠨ ᠰᠤᠷᠤᠯᠭ᠎ᠠ ᠪᠣᠯᠪᠠᠰᠤᠷᠠᠯ ᠳᠤ ᠨᠥᠯᠥᠭᠡᠯᠡᠬᠦ ᠦᠭᠡᠢ ᠪᠠᠶᠢᠵᠤ ᠴᠢᠳᠠᠭᠰᠠᠨ ᠦᠭᠡᠢ᠃ ᠡᠨᠡ ᠪᠦᠬᠦ ᠡᠭᠦᠳᠦᠯ ᠬᠡᠷᠡᠭ ᠤᠨ ᠤᠯᠪᠠᠭ᠎ᠠ ᠦᠨᠳᠦᠰᠦ ᠲᠠᠢ ᠪᠠᠷ ᠬᠠᠮᠲᠤᠷᠠᠵᠤ᠂ ᠰᠤᠷᠴᠤ ᠰᠤᠳᠤᠯᠵᠤ ᠪᠢᠴᠢᠵᠦ ᠲᠤᠭᠤᠷᠪᠢᠵᠤ ᠬᠠᠷᠢᠯᠴᠠᠨ ᠰᠢᠭᠦᠮᠵᠢᠯᠡᠯᠴᠡᠵᠦ᠂ ᠮᠠᠷᠭᠤᠨ ᠲᠡᠮᠡᠴᠡᠯᠳᠦᠵᠦ ᠪᠠᠶᠢᠭᠰᠠᠨ ᠲᠤᠬᠠᠢ ᠪᠠᠨ ᠢᠨᠵᠠᠨᠨᠠᠰᠢ ᠪᠢᠴᠢᠬᠦ ᠳᠡᠭᠡᠨ᠄ ︽ᠠᠬ᠎ᠠ ᠳᠡᠭᠦᠦ ᠬᠠᠪᠤᠷ ᠤᠨ ᠦᠵᠡᠮᠵᠢ ᠨᠠᠮᠤᠷ ᠤᠨ ᠲᠤᠩᠭᠠᠯᠠᠭ ᠲᠤᠷ ᠬᠠᠮᠲᠤ ᠴᠤᠭᠯᠠᠷᠠᠪᠠᠰᠤ ᠠᠮᠲᠠᠲᠠᠶ᠎ᠠ ᠰᠢᠯᠦᠭᠯᠡᠨ ᠬᠠᠪᠤᠲᠠᠶ᠎ᠠ ᠰᠢᠭᠦᠮᠵᠢᠯᠡᠵᠦ ᠪᠠᠶᠠᠰᠤᠨ ᠢᠨᠢᠶᠡᠨ ᠪᠠᠷᠠᠰᠢ ᠦᠭᠡᠢ ᠪᠦᠯᠦᠭᠡ᠃ ᠠᠭᠤᠵᠢᠮ ᠵᠤᠨ᠂ ᠡᠪᠦᠯ ᠤᠨ ᠰᠥᠨᠢ ᠳᠤᠯᠠᠭᠠᠨ ᠪᠦᠷᠭᠡ ᠳᠤ ᠬᠠᠮᠲᠤ ᠴᠤᠭᠯᠠᠯᠳᠤᠨ ᠠᠯᠠᠭ᠎ᠠ ᠪᠠᠨ ᠲᠠᠰᠢᠨ ᠰᠢᠷᠡᠭᠡ ᠶᠢ ᠴᠣᠬᠢᠵᠤ ᠡᠷᠲᠡ ᠡᠳᠦᠭᠡ ᠶᠢ ᠨᠡᠬᠡᠮᠵᠢᠯᠡᠨ ᠬᠡᠯᠡᠯᠴᠡᠳᠡᠭ ᠪᠦᠯᠦᠭᠡ︾ ᠭᠡᠵᠡᠢ᠃ ᠢᠩᠭᠢᠵᠦ ᠭᠡᠷ ᠪᠦᠯᠢ ᠶᠢᠨ ᠳᠣᠲᠣᠷᠠᠬᠢ ᠬᠥᠮᠥᠰ ᠤᠨ ᠰᠢᠯᠦᠭ ᠵᠣᠬᠢᠶᠠᠯ ᠲᠤᠭᠤᠷᠪᠢᠵᠤ ᠲᠡᠦᠬᠡ ᠱᠠᠰᠲᠢᠷ ᠣᠷᠴᠢᠭᠤᠯᠵᠤ᠂ ᠢᠷᠠᠭᠤ ᠨᠠᠶᠢᠷᠠᠭ ᠤᠨ ᠣᠨᠣᠯ ᠪᠣᠳᠣᠷᠣᠣᠯ ᠶᠠᠷᠢᠯᠴᠠᠵᠤ᠂ ᠤᠷᠠᠨ ᠵᠢᠷᠤᠭ ᠣᠷᠣᠯᠳᠤᠵᠤ ᠪᠠᠶᠢᠭᠰᠠᠨ ᠵᠡᠷᠭᠡ ᠨᠢ ᠶᠠᠭᠤᠨ ᠤ ᠡᠮᠦᠨ᠎ᠡ ᠢᠨᠵᠠᠨᠨᠠᠰᠢ ᠶᠢᠨ ᠪᠠᠭ᠎ᠠ ᠠᠬᠤᠢ ᠴᠠᠭ ᠠᠴᠠ ᠤᠷᠠᠯᠢᠭ ᠤᠷᠠᠨ ᠰᠠᠶᠢᠬᠠᠨ ᠪᠣᠯᠣᠨ ᠭᠤᠸ᠎ᠠ ᠵᠦᠢ ᠰᠡᠷᠡᠯ ᠰᠡᠳᠬᠢᠯᠭᠡ ᠬᠥᠭᠵᠢᠨ ᠲᠥᠯᠥᠪᠰᠢᠬᠦ ᠳᠤ ᠴᠢᠬᠤᠯᠠ ᠨᠥᠯᠥᠭᠡ ᠦᠵᠡᠭᠦᠯᠦᠭᠰᠡᠨ ᠪᠠᠶᠢᠨ᠎ᠠ᠃ ᠨᠥᠭᠦᠭᠡ ᠲᠠᠯ᠎ᠠ ᠪᠠᠷ ᠢᠨᠵᠠᠨᠨᠠᠰᠢ ᠶᠢᠨ ᠨᠡᠶᠢᠭᠡᠮ ᠤᠯᠤᠰ ᠲᠥᠷᠥ᠂ ᠭᠦᠨ ᠤᠬᠠᠭᠠᠨ᠂ ᠶᠣᠰᠣ ᠰᠤᠷᠲᠠᠬᠤᠨ ᠤ ᠦᠵᠡᠯ ᠪᠣᠳᠣᠯ ᠪᠦᠷᠢᠯᠳᠦᠨ ᠲᠣᠭᠲᠠᠬᠤ ᠳᠤ ᠲᠤᠬᠠᠢ ᠶᠢᠨ ᠨᠡᠶᠢᠭᠡᠮ᠂ ᠴᠠᠭ ᠦᠶ᠎ᠡ ᠶᠢᠨ ᠶᠡᠭᠡ ᠳᠠᠪᠠᠯᠭᠠᠨ᠂ ᠬᠥᠮᠥᠨ ᠣᠯᠠᠨ ᠤ ᠠᠮᠢᠳᠤᠷᠠᠯ ᠤᠨ ᠪᠣᠳᠠᠲᠤ ᠪᠠᠶᠢᠳᠠᠯ ᠭᠦᠨ ᠭᠦᠨᠵᠡᠭᠡᠢ ᠤᠴᠢᠷ ᠬᠤᠯᠪᠣᠭᠳᠠᠯ ᠦᠵᠡᠭᠦᠯᠵᠡᠢ᠃      ᠢᠨᠵᠠᠨᠨᠠᠰᠢ ᠶᠢᠨ ᠲᠥᠷᠥᠵᠦ ᠥᠰᠦᠭᠰᠡᠨ ᠲᠦᠮᠡᠳ ᠪᠠᠷᠠᠭᠤᠨ ᠬᠤᠰᠢᠭᠤ ᠨᠢ ᠬᠢᠲᠠᠳ ᠲᠠᠢ ᠬᠢᠯᠢ ᠨᠡᠶᠢᠯᠡᠬᠦ ᠬᠠᠮᠤᠭ ᠤᠨ ᠤᠷᠢᠳᠤ ᠵᠠᠬ᠎ᠠ ᠶᠢᠨ ᠨᠤᠲᠤᠭ ᠪᠠᠶᠢᠭᠰᠠᠨ ᠤ ᠡᠷᠬᠡ ᠪᠠᠷ ᠭᠠᠵᠠᠷ ᠭᠤᠶᠤᠬᠤ ᠨᠡᠷᠡᠶᠢᠳᠦᠯ ᠢᠶᠠᠷ ᠬᠢᠲᠠᠳ ᠢᠷᠭᠡᠳ ᠰᠤᠯᠠ ᠴᠢᠯᠦᠭᠡᠲᠡᠢ ᠨᠡᠭᠦᠳᠡᠯᠯᠡᠨ ᠢᠷᠠᠵᠤ᠂ ᠬᠤᠰᠢᠭᠤᠨ ᠤ ᠮᠣᠩᠭᠤᠯᠴᠤᠳ ᠲᠠᠢ ᠬᠤᠯᠢᠯᠳᠤᠨ ᠰᠠᠭᠤᠷᠢᠰᠢᠬᠤ ᠶᠠᠪᠤᠴᠠ ᠳᠤ ᠬᠢᠲᠠᠳ ᠠᠬᠤᠢ᠂ ᠵᠠᠩ ᠵᠠᠩᠰᠢᠯ ᠲᠦᠷᠢᠯᠭᠡᠨ ᠢᠷᠡᠬᠦ ᠮᠠᠭᠤ ᠴᠠᠭ ᠤᠨ ᠬᠤᠰᠢᠭᠤ ᠬᠤᠩᠰᠢᠶᠠᠷ ᠬᠠᠶᠠ ᠰᠡᠵᠢᠭᠦᠷ ᠢᠶᠠᠷ ᠴᠣᠬᠤᠶᠢᠵᠤ᠂ ᠮᠠᠨᠵᠤ ᠴᠢᠩ ᠤᠯᠤᠰ ᠤᠨ ᠡᠰᠡᠷᠭᠦ ᠭᠠᠳᠠᠨ᠎ᠠ ᠠᠴᠠ ᠤᠤᠯᠭᠠᠯᠠᠨ ᠳᠣᠪᠲᠣᠯᠬᠤ ︽ᠢᠨᠵᠠᠷ ᠬᠤᠯᠠᠭᠠᠢ ᠶᠢᠨ ︵ᠠᠩᠭ᠍ᠯᠢ ᠶᠢᠨ ᠳᠠᠯᠠᠢ ᠶᠢᠨ ᠴᠡᠷᠢᠭ︶ ᠬᠡᠷᠡᠭ ᠲᠤᠷ ᠰᠦᠪᠡ ᠠᠮᠠ ᠶᠢ ᠬᠠᠮᠠᠭᠠᠯᠠᠨ ᠰᠠᠬᠢᠬᠤ︾ ᠶᠢᠨ ᠲᠤᠯᠠᠳᠠ ᠮᠣᠩᠭᠤᠯᠴᠤᠳ ᠲᠤ ᠴᠡᠷᠢᠭ ᠮᠣᠷᠢ ᠲᠤᠰᠠᠯᠠᠬᠤ ᠬᠦᠨᠳᠦ ᠬᠦᠴᠢᠷ ᠠᠯᠪᠠ ᠶᠢ ᠲᠤᠯᠭᠠᠬᠤ᠂ ᠰᠢᠬᠠᠬᠤ ᠶᠠᠪᠤᠳᠠᠯ ᠰᠢᠷᠦᠭᠦᠰᠴᠦ᠂ ᠳᠠᠶᠢᠴᠢᠩ ᠤᠯᠤᠰ ᠤᠨ ᠲᠤᠯᠭᠤᠷ ᠲᠥᠷᠥ ᠶᠢ ᠨᠡᠭᠡᠭᠡᠬᠦ ᠦᠶ᠎ᠡ ᠴᠡᠷᠢᠭ ᠲᠤ ᠵᠢᠳᠬᠦᠵᠦ᠂ ᠭᠠᠪᠢᠶ᠎ᠠ ᠪᠠᠶᠢᠭᠤᠯᠤᠭᠰᠠᠨ ᠭᠡᠭᠲᠡᠬᠦ ︽ᠬᠠᠭᠠᠨ ᠤ ᠬᠠᠳᠠᠮ᠂ ᠤᠯᠤᠰ ᠤᠨ ᠨᠠᠭᠠᠴᠤ᠂ ᠡᠵᠡᠨ ᠤ ᠤᠷᠤᠭ᠂ ᠴᠡᠷᠢᠭ ᠤᠨ ᠭᠠᠪᠢᠶᠠᠲᠠᠨ᠂ ᠡᠰᠡᠬᠦᠯ᠎ᠡ ᠸᠠᠩ ᠤᠨ ᠠᠴᠢ᠂ ᠬᠦᠩ ᠤᠨ ᠬᠥᠪᠡᠭᠦᠨ︾ ᠳᠤ ᠪᠠᠷᠢᠬᠤ ᠠᠯᠪᠠ ᠬᠠᠭ᠋ᠤᠤᠯᠢ ᠬᠡᠮᠵᠢᠶ᠎ᠡ ᠬᠢᠷᠢ ᠠᠴᠠ ᠬᠡᠲᠦᠷᠡᠵᠦ᠂ ᠡᠭᠦᠨ ᠢ ᠮᠠᠨᠵᠤ ᠴᠢᠩ ᠤᠯᠤᠰ ᠤᠨ ᠨᠣᠶᠠᠷᠬᠠᠭᠴᠢᠳ ᠠᠴᠠ ᠲᠡᠳᠡᠭᠡᠷ ᠢ ︽ᠸᠠᠩ᠂ ᠪᠠᠶᠢᠯᠡ᠂ ᠪᠠᠶᠢᠰᠡ᠂ ᠬᠦᠩ ᠡᠷᠭᠦᠮᠵᠢᠯᠡᠨ ᠬᠤᠭᠤᠰᠤᠨ ᠶᠡᠭᠡ ᠨᠡᠷ᠎ᠡ ᠡᠷᠭᠦᠭᠡᠳ᠂ ᠮᠥᠩᠭᠦ ᠲᠣᠷᠭ᠎ᠠ ᠪᠠᠷ ᠬᠤᠪᠳᠣᠭᠯᠠᠭᠤᠯᠤᠨ ᠵᠠᠷᠤᠴᠠᠯᠠᠵᠤ︾ ᠪᠠᠶᠢᠭᠰᠠᠨ ᠲᠡᠷᠡ ᠶᠡᠭᠡ ᠲᠥᠯᠥᠭᠡᠰᠦ ᠶᠢ ᠡᠰᠡᠷᠭᠦᠴᠡᠭᠰᠡᠨ ᠳᠣᠣᠷᠠᠲᠤ ᠠᠷᠠᠳ ᠤᠨ ᠬᠥᠳᠡᠯᠭᠡᠭᠡᠨ᠂ ᠳᠣᠲᠣᠭᠠᠳᠤ ᠬᠢᠮᠤᠷᠠᠯ ᠲᠡᠮᠡᠴᠡᠯ ᠬᠦᠴᠦᠲᠡᠢ ᠥᠷᠨᠢᠵᠦ ᠪᠠᠶᠢᠪᠠ᠃ ᠡᠨᠡ ᠪᠦᠬᠦᠨ ᠨᠢ ᠢᠨᠵᠠᠨᠨᠠᠰᠢ ᠶᠢᠨ ᠦᠨᠳᠦᠰᠦᠲᠡᠨ ᠤ ᠤᠬᠠᠮᠰᠠᠷ ᠢ ᠰᠡᠷᠭᠦᠭᠡᠵᠦ᠂ ᠦᠵᠡᠯ ᠰᠤᠷᠲᠠᠯ ᠤᠨ ᠲᠠᠯᠠᠪᠤᠷ ᠲᠤ ᠳᠠᠪᠰᠢᠯ ᠭᠡᠭᠡᠷᠡᠭᠦᠯᠦᠭᠴᠢᠳ ᠤᠨ ᠳᠠᠭᠤ ᠬᠤᠭᠤᠯᠠᠢ ᠶᠢ ᠨᠢ ᠬᠦᠴᠦᠲᠡᠢ ᠴᠤᠤᠷᠢᠶᠠᠳᠤᠭᠤᠯᠤᠭᠰᠠᠨ ᠶᠤᠮ᠃ ︽ᠢᠨᠵᠠᠨᠨᠠᠰᠢ ᠮᠣᠩᠭᠤᠯ ᠦᠨᠳᠦᠰᠦᠲᠡᠨ ᠤ ᠬᠤᠴᠣᠷᠤᠭᠳᠠᠨ ᠳᠣᠷᠦ᠋ᠢᠲᠠᠭᠰᠠᠨ ᠤ ᠭᠤᠣᠯ ᠰᠢᠯᠲᠠᠭᠠᠨ ᠢ ᠨᠢᠭᠡ ᠲᠠᠯ᠎ᠠ ᠠᠴᠠ ᠮᠠᠨᠵᠤ ᠴᠢᠩ ᠤᠯᠤᠰ ᠤᠨ ᠬᠠᠷᠭᠢᠰ ᠪᠣᠳᠣᠯᠭ᠎ᠠ ᠶᠢᠨ ᠤᠷᠰᠢᠭ᠂ ᠨᠥᠭᠦᠭᠡ ᠲᠠᠯ᠎ᠠ ᠠᠴᠠ ᠮᠣᠩᠭᠤᠯ ᠤᠨ ᠹᠸᠣᠳᠠᠯ ᠤᠳ ᠤᠨ ᠲᠡᠨᠡᠭ ᠮᠤᠩᠬᠠᠭ᠂ ᠰᠤᠯᠠ ᠳᠣᠷᠣᠢ ᠶᠢᠨ ᠰᠢᠨᠵᠢ ᠲᠡᠮᠳᠡᠭ ᠮᠥᠨ ᠭᠡᠵᠦ ᠦᠵᠡᠵᠦ︾ ᠲᠤᠬᠠᠢ ᠶᠢᠨ ᠨᠡᠶᠢᠭᠡᠮ ᠤᠨ ᠳᠣᠲᠣᠷᠠᠬᠢ ᠬᠠᠷ᠎ᠠ᠂ ᠰᠢᠷ᠎ᠠ ᠣᠯᠠᠨ ᠤ ᠭᠡᠮᠲᠦ ᠴᠠᠯᠠᠭᠠᠢ ᠶᠠᠪᠤᠳᠠᠯ ᠢ ᠵᠠᠰᠠᠨ ᠰᠢᠨᠡᠳᠬᠡᠭᠴᠢᠳ ᠤᠨ ᠦᠵᠡᠯ ᠪᠣᠳᠣᠯ ᠤᠨ ᠡᠭᠦᠳᠡᠨ ᠠᠴᠠ ᠠᠭᠤᠳᠠᠯᠤᠨ ᠰᠢᠭᠦᠮᠵᠢᠯᠡᠭᠰᠡᠨ ᠶᠤᠮ᠃ ︽᠁ ᠨᠢᠭᠡᠨ ᠵᠦᠢᠯ ᠤᠨ ᠠᠮᠢᠲᠠᠢ ᠶᠠᠭᠤᠮ᠎ᠠ᠂ ᠲᠡᠷᠡ ᠶᠠᠭᠤᠮ᠎ᠠ ᠪᠢᠴᠢᠭ ᠬᠡᠮᠡᠪᠡᠰᠦ ᠪᠢᠴᠢᠭ ᠦᠵᠡᠭᠰᠡᠨ ᠦᠭᠡᠢ᠂ ᠴᠡᠷᠢᠭ ᠬᠡᠮᠡᠪᠡᠰᠦ ᠴᠡᠷᠢᠭ ᠰᠤᠷᠤᠭᠰᠠᠨ ᠦᠭᠡᠢ ᠁ ᠡᠳᠡᠭᠡᠷ ᠵᠡᠷᠭᠡ ᠶᠢᠨ ᠠᠷᠠᠳ᠂ ᠲᠣᠯᠣᠭᠠᠢ ᠳᠤᠷ ᠡᠯᠳᠡᠪ ᠵᠦᠢᠯ ᠤᠨ ᠡᠷᠳᠡᠨᠢ ᠴᠢᠯᠠᠭᠤᠨ ᠤ ᠣᠷᠣᠢ ᠵᠡᠭᠦᠵᠦ᠂ ᠮᠠᠯᠠᠭᠠᠢ ᠳᠤᠷ ᠲᠠᠪᠤᠨ ᠥᠩᠭᠡ ᠶᠢᠨ ᠲᠣᠭᠤᠰ ᠤᠨ ᠣᠲᠤᠭ᠎ᠠ ᠬᠠᠳᠠᠭᠠᠳ᠂ ᠪᠡᠶ᠎ᠡ ᠳᠤᠷ ᠯᠤᠤᠲᠤ ᠮᠠᠩᠨᠤᠭ ᠬᠤᠪᠴᠠᠳ ᠡᠮᠦᠰᠴᠦ᠂ ᠪᠡᠯᠬᠡᠭᠦᠰᠦᠨ ᠳᠤᠷ ᠴᠠᠭᠠᠨ ᠬᠠᠰ ᠤᠨ ᠪᠥᠰ ᠪᠦᠰᠡᠯᠡᠵᠦ᠂ ᠬᠦᠵᠦᠭᠦᠨ ᠳᠤᠷ ᠣᠭᠶᠤ ᠱᠢᠷᠦ ᠶᠢᠨ ᠡᠷᠢᠬᠡ ᠬᠦᠵᠦᠬᠦᠪᠴᠢᠯᠡᠨ᠂ ᠮᠥᠷᠥ ᠳᠤᠷ ᠪᠤᠯᠠᠭ᠎ᠠ ᠦᠨᠡᠭᠡ ᠶᠢᠨ ᠳᠠᠬᠤ ᠶᠢ ᠨᠥᠮᠥᠷᠦᠨ᠂ ᠠᠷᠤ ᠥᠪᠥᠷ ᠲᠡᠭᠡᠨ ᠡᠯᠳᠡᠪ ᠵᠦᠢᠯ ᠤᠨ ᠦᠨ᠎ᠡ ᠲᠠᠢ ᠡᠷᠳᠡᠨᠢ ᠴᠢᠯᠠᠭᠤ ᠭᠠᠨᠵᠤᠭᠠᠯᠠᠭᠠᠳ᠂ ᠭᠠᠷ ᠬᠥᠯ ᠳᠡᠭᠡᠨ ᠭᠡᠷᠡᠯᠲᠡᠢ ᠰᠣᠨᠢᠨ ᠠᠯᠲᠠᠨ ᠰᠤᠪᠤᠳ ᠢ ᠤᠭᠯᠠᠭᠠᠳ᠂ ᠭᠠᠷᠪᠠᠰᠤ ᠬᠡᠭᠡᠨᠴᠢᠷ ᠵᠠᠷᠤᠴᠠ ᠥᠩᠭᠡᠲᠦ ᠳᠠᠭᠠᠭᠰᠠᠳ ᠬᠡᠳᠦᠨ ᠵᠠᠭᠤ ᠪᠠᠷ ᠡᠷᠳᠡᠨᠢ ᠶᠢᠨ ᠰᠡᠦᠬᠡ᠂ ᠨᠢᠰᠬᠦ ᠲᠡᠷᠭᠡ ᠶᠢ ᠬᠠᠮᠵᠢᠨ ᠳᠠᠭᠠᠵᠤ᠂ ᠵᠠᠮ ᠵᠡᠭᠡᠯᠢ ᠳᠤ ᠲᠦᠢᠪᠡᠭᠡᠨ ᠦᠢᠮᠡᠭᠦᠯᠵᠦ᠂ ᠣᠷᠣᠪᠠᠰᠤ ᠭᠤᠸ᠎ᠠ ᠰᠢᠪᠡᠭᠴᠢᠨ᠂ ᠦᠵᠡᠰᠬᠦᠯᠡᠩ ᠲᠠᠲᠠᠪᠤᠷᠢ ᠬᠡᠳᠦᠨ ᠠᠷᠪᠠ ᠪᠠᠷ ᠮᠠᠩᠨᠤᠭ ᠬᠥᠰᠢᠭᠡ᠂ ᠵᠠᠭᠠᠷ ᠤᠨ ᠬᠥᠨᠵᠢᠯᠡ ᠳᠤ ᠣᠪᠣᠭᠠᠯᠠᠨ ᠲᠣᠪᠤᠶᠢᠯᠠᠵᠤ᠂ ᠰᠠᠭᠤᠬᠤ ᠨᠢ ᠰᠤᠳᠠᠷᠠᠰᠤᠨ ᠪᠠᠯᠭᠠᠰᠤᠨ ᠣᠷᠳᠣ ᠬᠠᠷᠰᠢ᠂ ᠬᠡᠪᠲᠡᠬᠦ ᠨᠢ ᠰᠦᠺᠠᠸᠠᠳᠢ ᠶᠢᠨ ᠣᠷᠣᠨ ᠤ ᠯᠢᠩᠬᠤ ᠎ᠠ ᠨᠠᠭᠤᠷ᠂ ᠢᠳᠡᠪᠡᠰᠦ ᠳᠣᠯᠣᠭᠠᠨ ᠠᠮᠲᠠᠲᠤ ᠶᠢᠨ ᠡᠷᠬᠢᠮ ᠢᠳᠡᠭᠡ᠂ ᠤᠮᠳᠠᠪᠠᠰᠤ ᠠᠷᠪᠠᠨ ᠬᠠᠷ᠎ᠠ ᠶᠢᠨ ᠤᠵᠢᠳ ᠤᠨ ᠴᠡᠩᠭᠡᠯ᠂ ᠠᠪᠴᠤ ᠦᠵᠡᠪᠡᠰᠦ ᠬᠤᠪᠢᠯᠭᠠᠨ ᠰᠠᠬᠢᠭᠤᠯᠰᠤᠨ ᠤ ᠮᠡᠲᠦ ᠥᠩᠭᠡ ᠭᠡᠷᠡᠯ ᠲᠠᠢ᠂ ᠠᠮᠲᠠ ᠶᠢ ᠬᠡᠯᠡᠯᠴᠡᠪᠡᠰᠦ ᠠᠯᠪᠢᠨ ᠴᠢᠳᠬᠦᠷ ᠤᠨ ᠠᠮᠢᠰᠬᠤᠯ ᠯᠤᠭ᠎ᠠ ᠠᠳᠠᠯᠢ ᠪᠠᠭᠰᠢᠮ᠎ᠠ ᠦᠮᠡᠬᠡᠢ᠂ ᠡᠶᠢᠮᠦ ᠨᠢᠭᠡᠨ ᠵᠦᠢᠯ ᠤᠨ ᠠᠮᠢᠲᠠᠢ ᠶᠠᠭᠤᠮ᠎ᠠ ᠪᠣᠢ ᠠᠮᠤᠢ︾ ︵︽ᠬᠥᠬᠡ ᠰᠤᠳᠤᠷ︾ ᠤᠨ ᠲᠡᠷᠢᠭᠦᠨ ᠳᠡᠪᠲᠡᠷ᠂ 26 ᠊᠊᠊᠊ 27︶ ᠭᠡᠵᠦ ᠡᠩ ᠲᠡᠷᠢᠭᠦᠨ᠎ᠡ ᠬᠠᠷ᠎ᠠ ᠶᠢᠨ ᠪᠤᠶᠤ ᠲᠥᠷᠥ ᠶᠢᠨ ᠲᠠᠯ᠎ᠠ ᠶᠢᠨ ᠸᠠᠩ᠂ ᠪᠠᠶᠢᠯᠡ᠂ ᠬᠦᠩ ᠵᠠᠰᠠᠭ᠂ ᠲᠤᠯᠭᠠᠭᠤᠷ᠂ ᠲᠡᠳᠬᠦᠪᠦᠷᠢ ᠵᠡᠷᠭᠡ ᠶᠢᠨ ᠲᠠᠶᠢᠵᠢ᠂ ᠲᠠᠪᠤᠨᠠᠩ ᠤᠳ ᠢ ᠣᠷᠣᠯᠴᠠᠭᠤᠯᠤᠨ ᠤᠯᠤᠰ ᠢ ᠬᠤᠭᠤᠰᠤᠯᠠᠵᠤ᠂ ᠲᠥᠷᠥ ᠶᠢ ᠮᠥᠯᠵᠢᠵᠦ᠂ ᠭᠡᠳᠡᠰᠦ ᠴᠠᠳᠬᠤᠯᠠᠩ ᠰᠠᠨᠠᠭ᠎ᠠ ᠠᠮᠤᠭᠤᠯᠠᠩ ᠰᠠᠭᠤᠵᠤ ᠪᠠᠶᠢᠭ᠎ᠠ ᠶᠢ ᠬᠤᠷᠴᠠ ᠰᠢᠭᠦᠮᠵᠢᠯᠡᠭᠰᠡᠨ ᠠᠬᠤᠯ᠎ᠠ ᠰᠢᠷ᠎ᠠ ᠶᠢᠨ ᠪᠤᠶᠤ ᠱᠠᠰᠢᠨ ᠨᠣᠮ ᠤᠨ ᠦᠢᠯᠡᠴᠢᠨ ᠨᠦᠭᠦᠳ ᠲᠤ ᠬᠠᠨᠳᠤᠵᠤ᠄ ︽ᠡᠳᠦᠭᠡ ᠦᠵᠡᠬᠦᠯ᠎ᠡ᠂ ᠮᠣᠩᠭᠤᠯ ᠲᠣᠭᠠᠲᠠᠨ ᠰᠢᠷ᠎ᠠ ᠶᠢᠨ ᠱᠠᠰᠢᠨ ᠳᠤ ᠣᠷᠣᠵᠤ᠂ ᠮᠥᠩᠬᠡ ᠪᠤᠰᠤ ᠬᠤᠭᠤᠭᠰᠠᠨ ᠴᠢᠨᠠᠷ ᠤᠨ ᠴᠢᠨᠠᠲᠤ ᠶᠢᠨ ᠲᠠᠪᠤᠨ ᠪᠣᠳᠢ ᠳᠤ ᠮᠡᠷᠭᠡᠰᠢᠶᠡᠵᠤ ᠦᠵᠦᠭᠦᠷ ᠬᠢᠵᠠᠭᠠᠷ᠂ ᠭᠡᠷᠡᠴᠢ ᠪᠠᠷᠢᠮᠲᠠ ᠦᠭᠡᠢ ᠬᠤᠭᠤᠭᠰᠠᠨ ᠶᠣᠰᠣ ᠶᠢ ᠪᠤᠯᠢᠶᠠᠯᠳᠤᠵᠤ᠂ ᠲᠦᠮᠡᠨ ᠭᠠᠵᠠᠷ ᠤᠨ ᠬᠤᠯᠠ ᠪᠠᠷᠠᠭᠤᠨ ᠵᠤᠤ ᠶᠢᠨ ᠭᠠᠵᠠᠷ᠂ ᠵᠠᠭᠤᠨ ᠵᠦᠢᠯ ᠢᠶᠠᠷ ᠵᠣᠪᠠᠨ ᠵᠦᠳᠡᠵᠦ᠂ ᠮᠠᠴᠤᠨ ᠬᠦᠷᠴᠦ ᠁ ᠲᠡᠷᠡ ᠨᠢᠭᠡᠨ ᡀᠠᠷᠠᠮᠪᠠ ᠳᠣᠷᠣᠮᠪᠠ ᠶᠢᠨ ᠬᠡᠷᠡᠭ ᠦᠭᠡᠢ ᠬᠡᠶᠢᠳᠡᠮ ᠴᠣᠯᠠ ᠳᠤ ᠳᠤᠷᠠᠯᠠᠵᠤ ᠁︾ ︵︽ᠬᠥᠬᠡ ᠰᠤᠳᠤᠷ︾ ᠤᠨ ᠲᠡᠷᠢᠭᠦᠨ ᠳᠡᠪᠲᠡᠷ᠂ ᠬᠠᠭᠤᠳᠠᠰᠤ 24︶ ᠲᠡᠭᠦᠨ ᠢ ᠠᠪᠴᠤ ᠢᠷᠡᠳᠡᠭ ᠪᠠᠶᠢᠭᠰᠠᠨ ᠲᠤᠬᠠᠢ ᠳᠤᠷᠠᠳᠴᠠᠢ᠃ ᠮᠥᠨ ︽ᠨᠣᠮᠴᠢ ᠶᠢᠨ ᠬᠠᠭᠤᠷᠮᠠᠭ︾ ᠬᠡᠮᠡᠬᠦ ᠰᠢᠭᠦᠮᠵᠢᠯᠡᠯᠲᠦ ᠥᠭᠦᠯᠡᠯ ᠳᠡᠭᠡᠨ᠄ ︽ᠣᠭᠲᠣᠬᠠᠨ ᠴᠦ ᠨᠣᠮ ᠦᠭᠡᠢ ᠬᠤᠸᠠᠷᠠᠭ ᠪᠦᠬᠡᠲᠡᠯ᠎ᠡ ᠁ ᠮᠠᠰᠢᠳᠠ ᠨᠣᠮ ᠮᠡᠳᠡᠬᠦ ᠯᠠᠮᠠ ᠶᠢᠨ ᠳᠦᠷᠢᠮ ᠢᠶᠠᠷ ᠬᠠᠭᠤᠷᠮᠠᠭᠯᠠᠨ ᠠᠪᠤᠷᠢᠯᠠᠵᠤ ᠡᠮᠦᠨ᠎ᠡ ᠪᠠᠨ ᠠᠭᠤᠯᠠ ᠶᠢᠨ ᠲᠡᠳᠦᠢ ᠨᠣᠮ ᠢ ᠣᠪᠣᠭᠠᠯᠠᠵᠤ ᠲᠠᠯᠪᠢᠭᠠᠳ᠂ ᠪᠢᠴᠢᠭ ᠦᠵᠡᠬᠦ ᠱᠠᠪᠢ ᠨᠠᠷ ᠢ ᠵᠠᠩᠳᠤᠨ ᠴᠡᠭᠡᠷᠯᠡᠭᠦᠯᠬᠦ ᠁ ᠡᠨᠡ ᠨᠢᠭᠡᠨ ᠠᠯᠳᠠᠰ ᠤᠨ ᠭᠡᠮ ᠡᠪᠡᠳᠴᠢᠨ ᠮᠠᠰᠢᠳᠠ ᠭᠦᠨ᠂ ᠮᠠᠰᠢᠳᠠ ᠬᠦᠨᠳᠦ ᠪᠤᠯᠠᠢ︾ ᠭᠡᠳ ᠲᠡᠳᠡᠨ ᠢ᠄ ︽ᠨᠣᠮ ᠤᠨ ᠭᠠᠳᠠᠭᠠᠳᠤ ᠳᠦᠷᠰᠦ ᠪᠠᠶᠢᠪᠠᠴᠤ᠂ ᠨᠣᠮ ᠤᠨ ᠳᠣᠲᠣᠭᠠᠳᠤ ᠣᠨᠣᠯ ᠁ ᠣᠭᠲᠣ ᠣᠯᠵᠤ ᠵᠣᠯᠭᠠᠭᠰᠠᠨ ᠦᠭᠡᠢ︾ ᠶᠢ ᠰᠢᠭᠦᠮᠵᠢᠯᠡᠵᠡᠢ᠃     ᠡᠶᠢᠨ ᠬᠦ ᠢᠨᠵᠠᠨᠨᠠᠰᠢ ᠪᠣᠯ ᠲᠤᠬᠠᠢ ᠶᠢᠨ ᠦᠶ᠎ᠡ ᠶᠢᠨ ᠮᠣᠩᠭᠤᠯ ᠣᠷᠣᠨ ᠤ ᠣᠶᠣᠨ ᠰᠠᠨᠠᠭ᠎ᠠ ᠶᠢᠨ ᠪᠦᠬᠦ᠋ᠢᠯᠡ ᠰᠠᠯᠪᠤᠷᠢ ᠳᠤ ᠵᠣᠩᠬᠢᠯᠠᠬᠤ ᠦᠵᠡᠯ ᠰᠤᠷᠲᠠᠯ ᠪᠣᠯᠵᠤ ᠪᠠᠶᠢᠭᠰᠠᠨ ᠪᠣᠳ᠋ᠳ᠋ᠾᠠ ᠶᠢᠨ ᠱᠠᠰᠢᠨ ᠤ ᠰᠤᠷᠭᠠᠯ ᠨᠣᠮᠯᠠᠯ᠂ ᠴᠥᠭᠡᠨ ᠬᠡᠰᠡᠭ ᠤᠨ ᠬᠢᠨ ᠤ ᠰᠦᠮ᠎ᠡ ᠬᠡᠶᠢᠳ ᠤᠨ ᠬᠢᠵᠠᠭᠠᠷᠳᠠᠮᠠᠯ ᠢᠪᠴᠤᠤ ᠪᠣᠯᠪᠠᠰᠤᠷᠠᠯ ᠤᠨ ᠥᠭᠡᠳᠡ ᠠᠴᠠ ᠥᠷᠭᠡᠨ ᠣᠯᠠᠨ ᠢᠷᠭᠡᠨ ᠤ ᠭᠡᠭᠡᠷᠡᠯ ᠮᠡᠳᠡᠯᠭᠡ ᠶᠢ ᠰᠥᠷᠭᠡᠦᠯᠡᠨ ᠲᠠᠯᠪᠢᠵᠤ᠂ ᠮᠠᠨᠵᠤ ᠴᠢᠩ ᠤᠯᠤᠰ ᠤᠨ ᠵᠦᠭ ᠠᠴᠠ ᠮᠣᠩᠭᠤᠯ ᠦᠨᠳᠦᠰᠦᠲᠡᠨ ᠳᠤ ᠤᠴᠠᠷᠠᠭᠤᠯᠵᠤ ᠪᠠᠶᠢᠭᠰᠠᠨ ᠤᠯᠤᠰ ᠦᠨᠳᠦᠰᠦᠲᠡᠨ ᠢ ᠠᠭᠤᠰᠬᠠᠨ ᠪᠠᠯᠠᠯᠬᠤ ᠡᠴᠢᠨ᠎ᠡ ᠳᠠᠯᠳᠠ ᠦᠵᠡᠯ ᠪᠣᠳᠣᠯᠭ᠎ᠠ ᠶᠢᠨ ᠥᠭᠡᠳᠡ ᠠᠴᠠ ᠮᠣᠩᠭᠤᠯ ᠦᠨᠳᠦᠰᠦᠲᠡᠨ ᠤ ᠲᠤᠰᠠᠭᠠᠷ ᠲᠣᠭᠲᠠᠨᠢᠯ᠂ ᠪᠡᠶ᠎ᠡ ᠳᠠᠭᠠᠭᠠᠭᠰᠠᠨ ᠪᠠᠶᠢᠳᠠᠯ ᠢ ᠬᠥᠬᠢᠭᠦᠯᠦᠨ ᠳᠡᠮᠵᠢᠵᠦ᠂ ᠬᠥᠮᠥᠨ ᠠᠷᠠᠳ ᠤᠨ ᠢᠶᠠᠨ ᠦᠨᠳᠦᠰᠦᠲᠡᠨ ᠤ ᠤᠬᠠᠮᠰᠠᠷ ᠢ ᠰᠡᠷᠭᠦᠭᠡᠬᠦ ᠳᠤ ᠪᠢᠷ ᠢᠶᠠᠨ ᠡᠷᠭᠦᠵᠦ᠂ ᠦᠭᠡ ᠪᠠᠨ ᠬᠤᠷᠴᠠᠯᠠᠵᠤ ᠶᠠᠪᠤᠭᠰᠠᠨ ᠡᠬᠡ ᠣᠷᠣᠨᠴᠢ ᠦᠵᠡᠯᠲᠡ ᠲᠠᠢ ᠳᠠᠪᠰᠢᠯᠲᠤ ᠰᠡᠬᠡᠭᠡᠲᠡᠨ ᠪᠠᠶᠢᠵᠠᠢ᠃ ᠡᠶᠢᠮᠦ ᠠᠴᠠ ᠲᠡᠷᠡ ᠪᠠᠷ᠄ ︽ᠮᠠᠨ ᠤ ᠮᠣᠩᠭᠤᠯ ᠤᠨ ᠳᠣᠷᠦ᠋ᠢᠲᠠᠭᠰᠠᠨ ᠁ ᠴᠥᠮ ᠪᠤᠷᠬᠠᠨ ᠪᠣᠯᠬᠤ ᠶᠢ ᠡᠷᠢᠭᠰᠡᠭᠡᠷ ᠪᠤᠬᠤᠷ ᠪᠣᠯᠣᠭᠰᠠᠨ ᠢᠶᠠᠨ ᠡᠳᠦᠭᠡ ᠪᠠᠰᠠ ᠴᠦ ᠰᠡᠷᠡᠵᠦ ᠮᠡᠳᠡᠭᠡ ᠦᠭᠡᠢ︾ ᠭᠡᠵᠦ ︽ᠪᠤᠷᠬᠠᠨ ᠪᠣᠯᠣᠨ᠎ᠠ︾ ᠬᠡᠮᠡᠨ ᠬᠤᠸᠠᠷᠠᠭ ᠪᠣᠯᠭᠠᠨ᠂ ᠮᠣᠩᠭᠤᠯᠴᠤᠳ ᠤᠨ ᠦᠷ᠎ᠡ ᠤᠳᠤᠮ ᠢ ᠲᠠᠰᠤᠯᠤᠨ ᠪᠦᠷᠢᠯᠭᠡᠬᠦ ᠵᠣᠷᠢᠯᠭ᠎ᠠ ᠶᠢ ᠰᠢᠷ᠎ᠠ ᠶᠢᠨ ᠱᠠᠰᠢᠨ ᠢᠶᠠᠷ ᠳᠠᠮᠵᠢᠭᠤᠯᠤᠨ ᠠᠰᠢᠭᠯᠠᠵᠤ ᠪᠠᠶᠢᠭᠰᠠᠨ ᠮᠠᠨᠵᠤ ᠴᠢᠩ ᠤᠯᠤᠰ ᠤᠨ ᠬᠠᠷᠭᠢᠰ ᠪᠣᠳᠣᠯᠭ᠎ᠠ ᠶᠢ ᠡᠰᠡᠷᠭᠦᠴᠡᠵᠦ᠄ ︽ᠮᠣᠩᠭᠤᠯᠴᠤᠳ ᠲᠥᠪᠡᠳ ᠨᠣᠮ ᠢᠶᠠᠷ ᠣᠨᠣᠯ ᠤᠬᠠᠭᠠᠨ ᠢ ᠣᠶᠢᠯᠠᠭᠠᠨ᠎ᠠ ᠭᠡᠳᠡᠭ ᠡᠳᠦᠷ ᠤᠨ ᠣᠳᠣ ᠰᠥᠨᠢ ᠶᠢᠨ ᠰᠣᠯᠣᠩᠭ᠎ᠠ ᠮᠡᠲᠦ ᠴᠥᠭᠡᠨ ᠪᠠᠶᠢᠬᠤ ᠳᠤ ᠦᠨᠳᠦᠰᠦᠲᠡᠨ ᠤ ᠪᠢᠴᠢᠭ ᠦᠰᠦᠭ ᠢ ᠬᠠᠭᠤᠮᠠᠭᠠᠢ ᠳᠤ ᠦᠵᠡᠬᠦ ᠬᠠᠭᠤᠷᠮᠠᠴᠢ ᠯᠠᠷᠵᠠ ᠳᠡᠯᠭᠡᠷᠡᠪᠡ︾ ᠭᠡᠵᠦ ᠮᠣᠩᠭᠤᠯ ᠤᠨ ᠦᠷ᠎ᠡ ᠬᠡᠦᠬᠡᠳ ᠢ ᠬᠤᠷᠠᠯ ᠨᠣᠮ ᠤᠨ ᠭᠠᠵᠠᠷ ᠱᠠᠪᠢ ᠪᠣᠯᠭᠠᠨ ᠰᠠᠭᠤᠯᠭᠠᠪᠠᠯ ᠲᠥᠪᠡᠳ ᠨᠣᠮ ᠦᠵᠡᠭᠦᠯᠳᠡᠭ ᠢ ᠡᠷᠡᠰ ᠪᠤᠷᠤᠭᠤᠰᠢᠶᠠᠨ᠂ ᠦᠨᠳᠦᠰᠦᠲᠡᠨ ᠤ ᠪᠢᠴᠢᠭ ᠦᠵᠡᠵᠦ᠂ ᠲᠥᠷᠥᠯᠬᠢ ᠬᠡᠯᠡ ᠪᠠᠷ ᠢᠶᠠᠨ ᠢᠷᠭᠡᠨ ᠤ ᠪᠣᠯᠪᠠᠰᠤᠷᠠᠯ ᠣᠯᠬᠤ ᠶᠠᠪᠤᠳᠠᠯ ᠤᠨ ᠴᠢᠬᠤᠯᠠ ᠶᠢ ᠵᠢᠭᠠᠵᠤ ᠪᠠᠶᠢᠪᠠ᠃ ᠮᠥᠨ ︽᠁ ᠨᠢᠭᠡᠨ ᠬᠤᠶᠠᠷ ᠢᠷᠭᠡᠨ ︵ᠬᠢᠲᠠᠳ︶ ᠦᠰᠦᠭ ᠲᠠᠨᠢᠪᠠᠰᠤ ᠳᠠᠷᠤᠢ ᠮᠣᠩᠭᠤᠯ ᠦᠰᠦᠭ ᠢᠶᠠᠨ ᠪᠠᠰᠤᠮᠵᠢᠯᠠᠨ ᠮᠣᠩᠭᠤᠯ ᠦᠰᠦᠭ ᠢᠶᠠᠷ ᠢᠷᠭᠡᠨ ᠤ ᠰᠠᠨᠠᠭ᠎ᠠ ᠶᠢ ᠪᠦᠷᠢᠳᠬᠡᠨ ᠭᠠᠷᠭᠠᠵᠤ ᠬᠡᠷᠬᠢᠨ ᠴᠢᠳᠠᠮᠤᠢ ᠬᠡᠮᠡᠨ ᠠᠮᠠᠨ ᠤ ᠠᠶ᠎ᠠ ᠪᠠᠷ ᠴᠠᠯᠴᠢᠮᠤᠢ ᠁ ︵ᠡᠨᠡ︶ ᠨᠢ ᠳᠠᠯᠠᠢ ᠶᠢᠨ ᠬᠥᠪᠡᠭᠡᠨ ᠳᠤ ᠪᠡᠶ᠎ᠡ ᠪᠠᠨ ᠤᠬᠢᠶᠠᠭᠠᠳ ᠳᠠᠯᠠᠢ ᠶᠢ ᠭᠦᠢᠬᠡᠨ ᠦᠵᠡᠭᠰᠡᠨ ᠠᠴᠠ ᠶᠠᠭᠤᠨ ᠥᠭᠡᠷ᠎ᠡ ᠪᠣᠢ︾ ᠭᠡᠵᠦ ᠮᠣᠩᠭᠤᠯ ᠦᠨᠳᠦᠰᠦᠲᠡᠨ ᠤ ᠪᠠᠨ ᠰᠣᠶᠣᠯ ᠢ ᠠᠭᠤᠰᠬᠠᠨ ᠮᠠᠷᠲᠠᠵᠤ ᠣᠷᠬᠢᠭᠠᠳ᠂ ᠬᠠᠷᠢ ᠬᠢᠲᠠᠳ ᠤᠨ ᠰᠣᠶᠣᠯ ᠤᠨ ᠡᠮᠦᠨ᠎ᠡ ᠬᠡᠳᠦᠨᠲᠡ ᠰᠥᠭᠦᠳᠬᠦ ᠦᠵᠡᠯ ᠢ ᠰᠢᠭᠦᠮᠵᠢᠯᠡᠨ ᠪᠢᠴᠢᠭᠡᠳ᠂ ᠥᠪᠡᠷ ᠤᠨ ᠦᠶ᠎ᠡ ᠶᠢᠨ ᠢᠶᠠᠨ ᠵᠠᠷᠢᠮ ︽ᠤᠳᠬ᠎ᠠ ᠰᠡᠬᠡᠭᠡᠷᠡᠭᠰᠡᠳ︾ ︽ᠥᠪᠡᠷ ᠤᠨ ᠤᠭ ᠦᠨᠳᠦᠰᠦᠲᠡᠨ ᠤ ᠬᠥᠬᠡ ᠮᠣᠩᠭᠤᠯ ᠤᠯᠤᠰ ᠤᠨ ᠬᠡᠷᠡᠭ ᠢᠶᠠᠨ ᠣᠭᠲᠣ ᠮᠡᠳᠡᠬᠦ ᠦᠭᠡᠢ ᠁︾ ᠬᠠᠷᠢᠨ ︽ᠬᠢᠲᠠᠳ ᠪᠢᠴᠢᠭᠡᠴᠢ ᠨᠠᠷ ᠤᠨ ᠥᠴᠥᠬᠡᠨ ᠠᠳᠬᠠᠭᠲᠦ ᠰᠡᠳᠬᠢᠯ ᠢᠶᠠᠷ ᠣᠨᠴᠠ ᠮᠣᠩᠭᠤᠯ ᠢ ᠳᠣᠷᠣᠮᠵᠢᠯᠠᠨ ᠳᠣᠭᠤᠭᠢ ᠬᠢᠯᠭᠡᠵᠦ᠂ ᠳᠠᠭᠠᠷᠢᠨ ᠮᠠᠭᠤᠰᠢᠶᠠᠨ ᠪᠢᠴᠢᠵᠦ ᠦᠯᠡᠳᠡᠭᠡᠭᠰᠡᠨ ᠲᠠᠰᠢᠮᠠᠭᠠᠢ ᠬᠡᠯᠪᠠᠶᠢᠬᠦ ᠲᠣᠪᠴᠢ ᠲᠡᠮᠳᠡᠭᠯᠡᠯ ᠁︾ ︽ᠲᠠᠩ᠂ ᠰᠦᠩ ᠤᠨ ᠤᠳᠬ᠎ᠠ ᠤᠶᠠᠩᠭ᠎ᠠ ᠶᠢ ᠬᠢᠴᠢᠶᠡᠬᠦᠢ ᠳᠤ ᠲᠠᠶᠢᠵᠢ ᠢᠨᠵᠠᠨᠨᠠᠰᠢ ᠰᠡᠭᠦᠷᠡᠰᠦ ᠠᠯᠳᠠᠭᠰᠠᠭᠠᠷ ᠮᠠᠰᠢ ᠡᠳᠦᠷ ᠤᠳᠠᠪᠠ︾ ᠭᠡᠵᠦ ᠢᠷᠭᠡᠨ ᠤ ᠪᠣᠯᠪᠠᠰᠤᠷᠠᠯ ᠡᠵᠡᠮᠰᠢᠬᠦ᠂ ᠡᠬᠡ ᠣᠷᠣᠨ ᠤ ᠪᠠᠨ ᠥᠩᠭᠡᠷᠡᠭᠰᠡᠨ ᠲᠡᠦᠬᠡ ᠶᠢᠨ ᠬᠡᠷᠡᠭ ᠶᠠᠪᠤᠳᠠᠯ ᠢ ᠥᠨᠥ ᠶᠢᠨ ᠬᠢ ᠪᠠᠨ ᠠᠮᠢᠳᠤᠷᠠᠯ ᠤᠨ ᠪᠣᠳᠠᠲᠤ ᠪᠠᠶᠢᠳᠠᠯ ᠳᠡᠭᠡᠷ᠎ᠡ ᠲᠣᠳᠣᠷᠠᠭᠤᠯᠤᠨ ᠠᠪᠠᠴᠢᠵᠤ ᠦᠨᠳᠦᠰᠦᠲᠡᠨ ᠤ ᠲᠡᠦᠬᠡ ᠶᠢᠨ ᠥᠷᠭᠡᠨ ᠪᠠᠶᠠᠯᠢᠭ ᠮᠡᠳᠡᠯᠭᠡ ᠶᠢ ᠣᠯᠠᠨ ᠲᠦᠮᠡᠨ ᠳᠡᠭᠡᠨ ᠥᠭᠴᠦ᠂ ᠤᠯᠠᠮ ᠢᠶᠠᠷ ᠮᠠᠨᠵᠤ ᠴᠢᠩ ᠤᠯᠤᠰ ᠤᠨ ᠲᠦᠷᠢᠮᠡᠬᠡᠢ ᠪᠣᠳᠣᠯᠭ᠎ᠠ ᠶᠢᠨ ᠡᠰᠡᠷᠭᠦ ᠲᠡᠳᠡᠨ ᠤ ᠪᠠᠨ ᠦᠨᠳᠦᠰᠦᠲᠡᠨ ᠤ ᠤᠬᠠᠮᠰᠠᠷ ᠢ ᠰᠡᠷᠭᠦᠭᠡᠬᠦ ᠵᠣᠷᠢᠯᠭ᠎ᠠ ᠪᠠᠷ ︽ᠶᠡᠭᠡ ᠶᠤᠸᠠᠨ ᠤᠯᠤᠰ ᠤᠨ ᠮᠠᠨᠳᠤᠭᠰᠠᠨ ᠲᠥᠷᠥ ᠶᠢᠨ ᠬᠥᠬᠡ ᠰᠤᠳᠤᠷ︾ ᠷᠤᠮᠠᠨ ᠢ ᠵᠠᠯᠭᠠᠨ ᠦᠷᠭᠦᠯᠵᠢᠯᠡᠭᠦᠯᠵᠦ᠂ ᠴᠥᠯᠪᠡᠨ ᠪᠢᠴᠢᠵᠦ ᠳᠠᠭᠤᠰᠬᠠᠭᠰᠠᠨ ᠪᠠᠶᠢᠨ᠎ᠠ᠃ ᠮᠠᠨ ᠤ ᠲᠡᠦᠬᠡᠴᠢ ᠰᠤᠳᠤᠷᠴᠢᠳ ᠢᠨᠵᠠᠨᠨᠠᠰᠢ ᠶᠢᠨ ᠨᠡᠶᠢᠭᠡᠮ᠂ ᠤᠯᠤᠰ ᠲᠥᠷᠥ ᠂ ᠭᠦᠨ ᠤᠬᠠᠭᠠᠨ᠂ ᠶᠣᠰᠣ ᠰᠤᠷᠲᠠᠬᠤᠨ ᠤ ᠦᠵᠡᠯ ᠪᠣᠳᠣᠯ ᠢ ᠲᠤᠬᠠᠢ ᠶᠢᠨ ᠨᠡᠶᠢᠭᠡᠮ᠂ ᠴᠠᠭ ᠦᠶ᠎ᠡ ᠶᠢᠨ ᠡᠭᠦᠳᠡᠨ ᠠᠴᠠ ᠨᠢ ᠦᠨᠡᠯᠡᠨ ᠳ᠋ᠥ᠋ᠩᠨᠡᠵᠦ᠂ ᠮᠣᠩᠭᠤᠯ ᠤᠨ ᠠᠷᠠᠳ ᠲᠦᠮᠡᠨ ᠤ ᠦᠵᠡᠯ ᠰᠤᠷᠲᠠᠯ ᠤᠨ ᠲᠡᠮᠡᠴᠡᠯ᠂ ᠰᠣᠶᠣᠯ ᠤᠨ ᠲᠡᠦᠬᠡᠨ ᠳᠤ ᠣᠷᠣᠭᠤᠯᠤᠭᠰᠠᠨ ᠬᠤᠪᠢ ᠨᠡᠮᠡᠷᠢ᠂ ᠪᠦᠲᠦᠭᠡᠯᠴᠢ ᠦᠢᠯᠡ ᠠᠵᠢᠯᠯᠠᠭ᠎ᠠ ᠶᠢ ᠨᠢ ᠠᠪᠴᠤ ᠦᠵᠡᠬᠦ ᠳᠡᠭᠡᠨ ᠶᠠᠭᠤᠨ ᠤ ᠡᠮᠦᠨ᠎ᠡ 19 ᠳ᠋ᠦ᠋ᠭᠡᠷ ᠵᠠᠭᠤᠨ ᠤ ᠳᠤᠮᠳᠠᠳᠤ ᠦᠶ᠎ᠡ ᠶᠢᠨ ᠨᠡᠶᠢᠭᠡᠮ ᠤᠨ ᠤᠬᠠᠮᠰᠠᠷ ᠤᠨ ᠪᠠᠶᠢᠳᠠᠯ᠂ ᠵᠣᠬᠢᠶᠠᠭᠴᠢ ᠶᠢᠨ ᠥᠪᠡᠷ ᠤᠨ ᠬᠢᠨᠢ ᠶᠢᠷᠲᠢᠨᠴᠦ ᠶᠢ ᠦᠵᠡᠬᠦ ᠦᠵᠡᠯ ᠤᠨ ᠳᠣᠲᠣᠭᠠᠳᠤ ᠵᠥᠷᠢᠴᠡᠯ ᠠᠴᠠ ᠰᠢᠯᠲᠠᠭᠠᠯᠠᠵᠤ᠂ ᠬᠠᠮᠵᠢᠯᠭ᠎ᠠ ᠶᠢ ᠡᠵᠡᠮᠰᠢᠬᠦ ᠪᠠᠶᠢᠭᠤᠯᠤᠯ ᠢ ᠬᠤᠪᠢᠰᠬᠠᠯ ᠢᠶᠠᠷ ᠥᠭᠡᠷᠡᠴᠢᠯᠡᠬᠦ ᠵᠣᠷᠢᠯᠲᠠ ᠶᠢ ᠲᠠᠯᠪᠢᠭ᠎ᠠ ᠦᠭᠡᠢ᠂ ᠵᠥᠪᠬᠡᠨ ᠵᠠᠰᠠᠨ ᠰᠢᠨᠡᠳᠬᠡᠭᠴᠢᠳ ᠤᠨ ᠪᠠᠶᠢᠷᠢ ᠰᠠᠭᠤᠷᠢᠨ ᠠᠴᠠ ᠬᠠᠨᠳᠤᠵᠤ ᠪᠠᠶᠢᠭᠰᠠᠨ ︽ᠲᠡᠭᠦᠨ ᠤ ᠨᠡᠶᠢᠭᠡᠮ᠂ ᠤᠯᠤᠰ ᠲᠥᠷᠥ ᠶᠢᠨ ᠰᠡᠳᠬᠢᠯᠭᠡ ᠨᠢ ᠬᠡᠳᠦ᠋ᠢᠪᠡᠷ ᠲᠡᠦᠬᠡᠨ ᠬᠢᠵᠠᠭᠠᠷᠳᠠᠮᠠᠯ ᠲᠠᠯ᠎ᠠ ᠲᠠᠢ ᠪᠣᠯᠪᠠᠴᠤ ᠢᠯᠡᠴᠢᠯᠡᠨ ᠰᠢᠭᠦᠮᠵᠢᠯᠡᠭᠴᠢ᠂ ᠭᠡᠭᠡᠷᠡᠭᠦᠯᠦᠭᠴᠢ ᠦᠵᠡᠯ ᠰᠠᠨᠠᠭ᠎ᠠ᠂ ᠱᠠᠰᠢᠨ ᠦᠭᠡᠢ ᠦᠵᠡᠯ ᠨᠢ ᠲᠡᠷᠡ ᠦᠶ᠎ᠡ ᠶᠢᠨ ᠮᠣᠩᠭᠤᠯ ᠤᠨ ᠨᠡᠶᠢᠭᠡᠮ ᠤᠨ ᠲᠡᠷᠢᠭᠦᠨ ᠤ ᠠᠩᠭᠢ ᠳᠤ ᠦᠢᠯᠡᠴᠢᠯᠡᠵᠦ ᠪᠠᠶᠢᠭᠰᠠᠨ ᠲᠡᠷᠢᠭᠦᠨ ᠤ ᠦᠵᠡᠯ ᠰᠠᠨᠠᠭ᠎ᠠ ᠪᠠᠶᠢᠭᠰᠠᠨ︾ ᠢ ᠲᠣᠳᠣᠷᠠᠭᠤᠯᠤᠨ ᠥᠭᠦᠯᠡᠵᠦ᠂ ᠴᠣᠬᠤᠮ ᠡᠭᠦᠨ ᠳᠤ ᠯᠡ ᠢᠨᠵᠠᠨᠨᠠᠰᠢ ᠶᠢᠨ ᠲᠡᠦᠬᠡᠨ ᠠᠴᠢ ᠬᠤᠯᠪᠣᠭᠳᠠᠯ ᠣᠷᠣᠰᠢᠨ᠎ᠠ ︵ᠵᠦᠭᠳᠡᠷ᠂ 1966︶ ᠭᠡᠵᠡᠢ᠃      ᠢᠨᠵᠠᠨᠨᠠᠰᠢ ︽ᠤᠯᠠᠭᠠᠨ ᠡᠭᠦᠯᠡᠨ ᠤ ᠨᠢᠯᠪᠤᠰᠤ︾᠂ ︽ᠬᠥᠬᠡ ᠰᠤᠳᠤᠷ︾᠂ ︽ᠨᠢᠭᠡᠨ ᠳᠠᠪᠬᠤᠷ ᠠᠰᠠᠷ︾᠂ ︽ᠤᠯᠠᠭᠠᠨ᠎ᠠ ᠤᠬᠢᠯᠠᠬᠤ ᠲᠢᠩᠬᠢᠮ︾ ᠵᠡᠷᠭᠡ ᠲᠡᠦᠬᠡᠨ ᠪᠠ ᠤᠷᠠᠨ ᠰᠠᠶᠢᠬᠠᠨ ᠤ ᠷᠤᠮᠠᠨ ᠨᠤᠭᠤᠳ ᠢ ᠵᠣᠬᠢᠶᠠᠭᠰᠠᠨ ᠪᠥᠭᠡᠳ ᠡᠳᠡᠭᠡᠷ ᠤᠨ ᠳᠣᠲᠣᠷ᠎ᠠ ᠠᠴᠠ ︽ᠬᠥᠬᠡ ᠰᠤᠳᠤᠷ︾ ᠨᠢ ᠶᠡᠬᠡᠳᠡ ᠠᠯᠳᠠᠷᠰᠢᠭᠰᠠᠨ ᠪᠠᠶᠢᠨ᠎ᠠ᠃ ᠵᠣᠬᠢᠶᠠᠯᠴᠢ ᠷᠤᠮᠠᠨ ᠢ ᠪᠢᠴᠢᠬᠦ ᠶᠢᠨ ᠲᠤᠯᠠᠳᠠ ᠡᠴᠢᠭᠡ ᠶᠢᠨ ᠢᠶᠠᠨ ᠬᠤᠷᠢᠶᠠᠵᠤ ᠴᠤᠭᠯᠠᠭᠤᠯᠤᠭᠰᠠᠨ ᠲᠠᠪᠤᠨ ᠲᠡᠷᠭᠡ᠂ ᠠᠷᠪᠠᠨ ᠠᠩᠭᠢ᠂ ᠳᠥᠷᠪᠡᠨ ᠬᠡᠯᠡᠨ ᠤ ᠪᠢᠴᠢᠭ ᠰᠤᠳᠤᠷ᠂ ᠦᠯᠢᠭᠡᠷ ᠱᠠᠰᠲᠢᠷ ᠴᠥᠮ ᠢ ᠠᠭᠤᠳᠠᠯᠤᠨ ᠡᠷᠭᠢᠭᠦᠯᠵᠦ᠂ ︽ᠰᠡᠪ ᠰᠡᠵᠢᠭ ᠦᠭᠡᠢ ᠪᠣᠯᠭᠠᠵᠤ᠂ ᠵᠠᠯᠭᠠᠨ ᠴᠥᠯᠪᠡᠵᠦ᠂ ᠬᠠᠭᠤᠯᠤᠨ ᠭᠠᠷᠭᠠᠭᠰᠠᠨ︾ ᠪᠠᠶᠢᠨ᠎ᠠ᠃ ᠵᠣᠬᠢᠶᠠᠭᠴᠢ ᠡᠨᠡ ᠲᠤᠬᠠᠢ ᠪᠠᠨ ᠪᠢᠴᠢᠬᠦ ᠳᠡᠭᠡᠨ ︽ᠡᠨᠡ ᠦᠨᠡᠬᠡᠷ ᠰᠡᠳᠬᠢᠯ ᠰᠠᠨᠠᠭ᠎ᠠ᠂ ᠡᠯᠢᠭᠡ ᠠᠭᠤᠰᠬᠢ᠂ ᠪᠡᠶ᠎ᠡ ᠴᠣᠭᠴᠠ᠂ ᠨᠢᠳᠦ ᠭᠠᠷ ᠬᠠᠮᠲᠤ ᠴᠢᠯᠡᠪᠡ ᠁ ᠮᠢᠨᠤ ᠡᠨᠡ ᠪᠡᠶ᠎ᠡ᠂ ᠬᠡᠯᠡ᠂ ᠰᠡᠳᠬᠢᠯ ᠭᠦᠨ᠎ᠡ ᠴᠢᠯᠡᠭᠰᠡᠨ ᠰᠢᠯᠲᠠᠭᠠᠨ ᠢ ᠮᠢᠲᠠᠷᠠᠰᠢ ᠦᠭᠡᠢ ᠬᠤᠵᠢᠮ ᠤᠨ ᠮᠡᠷᠭᠡᠳ ᠠᠶᠢᠯᠡᠳᠤᠨᠠᠮ ᠪᠣᠯᠪᠠ ᠦᠦ᠂ ᠦᠭᠡᠢ ᠦᠦ︾ ᠭᠡᠵᠡᠢ᠃ ᠡᠭᠦᠨ ᠠᠴᠠ ᠪᠢᠳᠠ ᠤᠭ ᠵᠣᠬᠢᠶᠠᠯ ᠢ ᠭᠤᠴᠢᠨ ᠵᠢᠯ ᠦᠵᠡᠵᠦ ᠰᠢᠨᠵᠢᠵᠦ᠂ ᠵᠠᠯᠭᠠᠵᠤ ᠪᠢᠴᠢᠵᠦ ᠲᠡᠭᠦᠰᠭᠡᠭᠰᠡᠨ ᠵᠣᠬᠢᠶᠠᠯᠴᠢ ᠶᠢᠨ ᠲᠡᠷᠡ ᠬᠦ ᠨᠥᠷᠢ ᠶᠡᠭᠡ ᠬᠥᠳᠡᠯᠮᠦᠷᠢ᠂ ᠨᠦᠰᠡᠷ ᠶᠡᠭᠡ ᠠᠵᠢᠯ ᠢ ᠪᠦᠷᠢᠨ ᠢᠶᠠᠷ ᠮᠡᠳᠡᠵᠦ ᠪᠣᠯᠣᠨ᠎ᠠ᠃ ᠵᠣᠬᠢᠶᠠᠯᠴᠢ ᠡᠨᠡ ᠷᠤᠮᠠᠨ ᠢ 13 ᠳ᠋ᠤᠭᠠᠷ ᠵᠠᠭᠤᠨ ᠤ ᠦᠶ᠎ᠡ ᠶᠢᠨ ᠮᠣᠩᠭᠤᠯ ᠤᠨ ᠣᠪᠣᠭ ᠠᠶᠢᠮᠠᠭ ᠤᠨ ᠢᠶᠠᠨ ᠳᠣᠲᠣᠭᠠᠳᠤ ᠳᠠᠬᠢ ᠳᠠᠶᠢᠨ ᠰᠠᠮᠠᠭᠤᠨ ᠢ ᠲᠦᠪᠰᠢᠳᠬᠡᠵᠦ᠂ ᠨᠢᠭᠡᠨ ᠤᠯᠤᠰ ᠭᠡᠷ ᠢ ᠨᠢᠭᠡᠳᠬᠡᠭᠰᠡᠨ ᠲᠡᠦᠬᠡᠨ ᠬᠡᠷᠡᠭ ᠶᠠᠪᠤᠳᠠᠯ ᠢ ᠥᠭᠦᠯᠡᠭᠰᠡᠨ ︽ᠨᠢᠭᠤᠴᠠ ᠲᠣᠪᠴᠢᠶᠠᠨ︾ ᠤ ᠦᠢᠯᠡ ᠶᠠᠪᠤᠳᠠᠯ ᠤᠨ ᠭᠤᠣᠯ ᠱᠤᠭᠤᠮ᠂ ᠤᠯᠠᠮᠵᠢᠯᠠᠯᠲᠤ ᠥᠭᠦᠯᠡᠮᠵᠢ ᠶᠢ ᠠᠰᠢᠭᠯᠠᠬᠤ ᠵᠠᠮ ᠢᠶᠠᠷ ᠲᠤᠬᠠᠢ ᠶᠢᠨ ᠦᠶ᠎ᠡ ᠳᠤ ᠮᠠᠨᠵᠤ ᠴᠢᠩ ᠤᠯᠤᠰ ᠤᠨ ᠵᠦᠭ ᠠᠴᠠ ᠮᠣᠩᠭᠤᠯᠴᠤᠳ ᠢ ᠲᠡᠭᠡᠷᠡᠩᠭᠦ᠋ᠢᠯᠡᠨ ᠳᠠᠷᠤᠯᠠᠵᠤ᠂ ᠦᠨᠳᠦᠰᠦᠲᠡᠨ ᠤ ᠬᠤᠪᠢ ᠳᠤᠨᠢ ᠠᠭᠤᠰᠬᠠᠨ ᠰᠦᠢᠷᠡᠭᠦᠯᠬᠦ ᠪᠣᠳᠣᠯᠭ᠎ᠠ ᠪᠠᠷᠢᠮᠲᠠᠯᠠᠵᠤ ᠪᠠᠶᠢᠭᠰᠠᠨ ᠤ ᠥᠭᠡᠳᠡ ᠠᠴᠠ ᠤᠯᠤᠰ ᠦᠨᠳᠦᠰᠦᠲᠡᠨ ᠢᠶᠠᠨ ᠠᠪᠤᠷᠠᠨ ᠬᠠᠮᠠᠭᠠᠯᠠᠬᠤ ᠵᠣᠷᠢᠯᠭ᠎ᠠ ᠪᠠᠷ᠂ ᠲᠡᠳᠡᠨ ᠤ ︽ᠦᠨᠳᠦᠰᠦᠲᠡᠨ ᠤ ᠡᠷᠬᠡ ᠴᠢᠯᠦᠭᠡ᠂ ᠲᠤᠰᠠᠭᠠᠷ ᠲᠣᠭᠲᠠᠨᠢᠯ ᠤᠨ ᠲᠥᠯᠥᠭᠡ ᠲᠡᠮᠡᠴᠡᠯ ᠢ ᠲᠤᠭ ᠪᠣᠯᠭᠠᠨ︾ ︵︽ᠮᠣᠩᠭᠤᠯ ᠤᠨ ᠤᠳᠬ᠎ᠠ ᠵᠣᠬᠢᠶᠠᠯ ᠤᠨ ᠭᠠᠷᠴᠠᠭ︾᠂ ᠭᠤᠷᠪᠠ᠂ 1968᠂ 87︶ ᠵᠣᠬᠢᠶᠠᠭᠰᠠᠨ ᠪᠠᠶᠢᠨ᠎ᠠ᠃ ᠢᠩᠭᠢᠵᠦ ᠥᠩᠭᠡᠷᠡᠭᠰᠡᠨ ᠲᠡᠦᠬᠡ ᠶᠢᠨ ᠵᠠᠷᠢᠮ ᠳᠠᠪᠰᠢᠯᠲᠠ ᠲᠠᠢ ᠲᠡᠦᠬᠡᠨ ᠬᠡᠷᠡᠭ ᠶᠠᠪᠤᠳᠠᠯ᠂ ᠳᠠᠶᠢᠴᠢᠨ ᠪᠠᠭᠠᠲᠤᠷᠯᠢᠭ ᠲᠡᠮᠡᠴᠡᠯ ᠢ ᠰᠠᠨᠠᠭᠤᠯᠵᠤ ᠵᠣᠷᠢᠭᠵᠢᠭᠤᠯᠬᠤ ᠵᠠᠮ ᠢᠶᠠᠷ ︽ᠶᠤᠸᠠᠨ ᠤᠯᠤᠰ ᠤᠨ ᠰᠤᠳᠤᠷ ᠢ ᠶᠢᠷᠲᠢᠨᠴᠦ ᠶᠢᠨ ᠬᠤᠭᠤᠷᠣᠨᠳᠤ ᠳᠡᠯᠭᠡᠷᠡᠭᠦᠯᠦᠨ ᠭᠠᠷᠭᠠᠵᠤ ᠁ ᠮᠣᠩᠭᠤᠯ ᠲᠣᠭᠠᠲᠠᠨ ᠢᠶᠠᠨ ᠮᠢᠩᠭ᠎ᠠ ᠲᠦᠮᠡᠨ ᠣᠨ ᠢᠯᠵᠠᠷᠠᠰᠢ ᠦᠭᠡᠢ᠂ ᠪᠠᠷᠠᠭᠳᠠᠰᠢ ᠦᠭᠡᠢ ᠠᠷᠢᠯᠤᠰᠢ ᠦᠭᠡᠢ ᠬᠤᠴᠣᠷᠭᠠᠰᠤᠭᠠᠢ ᠭᠡᠰᠡᠨ ᠰᠠᠨᠠᠭᠠᠨ ᠠᠴᠠ︾ ᠤᠭ ᠵᠣᠬᠢᠶᠠᠯ ᠢ ᠪᠢᠴᠢᠵᠡᠢ᠃ ᠶᠡᠷᠦ ᠨᠢ ︽ᠬᠥᠬᠡ ᠰᠤᠳᠤᠷ︾ ᠷᠤᠮᠠᠨ ᠪᠣᠯ ᠵᠣᠬᠢᠶᠠᠯᠴᠢ ᠶᠢᠨ ᠪᠢᠴᠢᠭᠰᠡᠨ ᠢᠶᠠᠷ ︽ᠥᠴᠥᠬᠡᠨ ᠲᠡᠳᠦᠢ ᠣᠷᠣ ᠰᠡᠳᠦᠪ ᠪᠠᠶᠢᠪᠠᠯ ᠳᠠᠷᠤᠢ ᠲᠡᠭᠦᠨ ᠳᠤ ᠵᠠᠭᠤᠨ ᠵᠦᠢᠯ ᠤᠨ ᠤᠴᠢᠷ ᠰᠢᠯᠲᠠᠭᠠᠨ ᠨᠡᠮᠡᠵᠦ ᠁ ᠲᠦᠮᠨ ᠮᠢᠩᠭᠠᠨ ᠳᠠᠪᠬᠤᠷ ᠴᠢᠮᠡᠬᠦ ᠤᠶᠠᠩᠭ᠎ᠠ ᠨᠡᠮᠡᠵᠦ᠂ ᠥᠪᠡᠷ ᠤᠨ ᠣᠶᠣᠨ ᠢᠶᠠᠨ ᠳᠡᠯᠭᠡᠷᠡᠭᠦᠯᠦᠨ ᠁ ᠠᠮᠲᠠᠲᠠᠢ ᠪᠣᠯᠭᠠᠭᠰᠠᠨ︾ ᠲᠡᠶᠢᠮᠦ ᠤᠷᠠᠨ ᠰᠠᠶᠢᠬᠠᠨ ᠤ ᠵᠦᠢᠯ ᠪᠤᠰᠤ᠂ ᠬᠠᠷᠢᠨ ᠲᠡᠦᠬᠡᠨ ᠬᠡᠷᠡᠭ ᠶᠠᠪᠤᠳᠠᠯ ᠢ ᠭᠤᠣᠯ ᠪᠣᠯᠭᠠᠨ ᠪᠠᠷᠢᠮᠲᠠᠯᠠᠭᠰᠠᠨ ᠪᠦᠲᠦᠭᠡᠯ ᠶᠤᠮ᠃ ᠡᠨᠡ ᠨᠢ ᠤᠷᠠᠨ ᠰᠠᠶᠢᠬᠠᠨ ᠪᠣᠯᠣᠨ ᠲᠡᠦᠬᠡᠨ ᠵᠣᠬᠢᠶᠠᠯ ᠤᠨ ᠨᠢᠭᠡ ᠭᠤᠣᠯ ᠢᠯᠭᠠᠭ᠎ᠠ ᠶᠢ ᠣᠨᠣᠪᠴᠢᠲᠠᠢ ᠲᠣᠳᠣᠷᠬᠠᠶᠢᠯᠠᠭᠰᠠᠨ ᠵᠦᠢᠯ ᠶᠤᠮ᠃ ᠥᠨᠥᠳᠥᠷ ᠢᠨᠵᠠᠨᠨᠠᠰᠢ ᠶᠢᠨ ᠮᠣᠩᠭᠤᠯ ᠤᠷᠠᠨ ᠵᠣᠬᠢᠶᠠᠯ ᠤᠨ ᠲᠡᠦᠬᠡᠨ ᠳᠤ ᠣᠷᠣᠭᠤᠯᠤᠭᠰᠠᠨ ᠬᠤᠪᠢ ᠨᠡᠮᠡᠷᠢ᠂ ᠡᠵᠡᠯᠡᠬᠦ ᠪᠠᠶᠢᠷᠢ ᠰᠠᠭᠤᠷᠢ᠂ ᠲᠡᠭᠦᠨ ᠤ ᠤᠷᠠᠨ ᠪᠦᠲᠦᠭᠡᠯ ᠤᠨ ᠪᠦᠲᠦᠭᠡᠯᠴᠢ ᠥᠪ ᠤᠯᠠᠮᠵᠢᠯᠠᠯ ᠢ ᠭᠠᠳᠠᠭᠠᠳᠤ ᠳᠣᠲᠣᠭᠠᠳᠤ ᠶᠢᠨ ᠣᠯᠠᠨ ᠡᠷᠳᠡᠮᠲᠡᠳ ᠰᠤᠳᠤᠯᠵᠤ ᠪᠠᠶᠢᠨ᠎ᠠ᠃ ᠣᠷᠣᠰ ᠤᠨ ᠳᠣᠷᠣᠨᠠᠳᠠᠬᠢᠨ ᠢ ᠰᠤᠳᠤᠯᠤᠭᠴᠢ ᠡᠷᠳᠡᠮᠲᠡᠨ ᠪᠠ᠊ • ᠯ᠊ • ᠷᠢᠹᠲᠢᠨ ︽ᠮᠣᠩᠭᠤᠯ ᠤᠨ ᠠᠩᠬᠠᠨ ᠤ ᠷᠤᠮᠠᠨ ᠨᠤᠭᠤᠳ ᠤᠨ ᠲᠥᠷᠥᠯ ᠵᠦᠢᠯ᠂ ᠵᠣᠬᠢᠶᠠᠮᠵᠢ ᠶᠢᠨ ᠣᠨᠴᠠᠯᠢᠭ︾ ᠰᠤᠳᠤᠯᠭᠠᠨ ᠳᠠᠭᠠᠨ ᠢᠨᠵᠠᠨᠨᠠᠰᠢ ᠶᠢ ᠵᠥᠪᠬᠡᠨ ᠮᠣᠩᠭᠤᠯ ᠷᠤᠮᠠᠨ ᠤ ᠦᠨᠳᠦᠰᠦ ᠶᠢ ᠲᠠᠯᠪᠢᠭᠰᠠᠨ ᠰᠠᠶᠢᠨ ᠵᠣᠬᠢᠶᠠᠯᠴᠢ ᠲᠡᠳᠦᠢ ᠦᠭᠡᠢ᠂ ᠪᠠᠰᠠ ᠲᠣᠮᠣᠬᠠᠨ ᠢᠷᠠᠭᠤ ᠨᠠᠶᠢᠷᠠᠭᠴᠢ ᠪᠠᠶᠢᠭᠰᠠᠨ ᠢ ᠳ᠋ᠥ᠋ᠩᠨᠡᠭᠡᠳ᠂ ᠬᠥᠷᠰᠢ ᠵᠡᠷᠭᠡᠯᠡᠳᠡᠭᠡ ᠣᠷᠣᠨ ᠪᠣᠯᠣᠨ ᠠᠯᠤᠰ ᠳᠣᠷᠣᠨᠠᠲᠤ ᠶᠢᠨ ᠤᠳᠬ᠎ᠠ ᠵᠣᠬᠢᠶᠠᠯ ᠤᠨ ᠤᠷᠲᠤ ᠤᠳᠠᠭᠠᠨ ᠬᠤᠭᠤᠴᠠᠭᠠᠨ ᠤ ᠤᠯᠠᠮᠵᠢᠯᠠᠯ ᠢ ᠲᠦᠰᠢᠵᠦ᠂ ᠮᠣᠩᠭᠤᠯ ᠦᠨᠳᠦᠰᠦᠲᠡᠨ ᠤ ᠷᠤᠮᠠᠨ ᠢ ᠪᠦᠲᠦᠭᠡᠬᠦ ᠬᠡᠪ ᠵᠠᠭᠪᠤᠷ ᠤᠨ ᠥᠩᠭᠡᠨ ᠬᠠᠯᠢᠰᠤ ᠶᠢ ᠬᠠᠭᠤᠯᠤᠨ ᠬᠠᠶᠠᠵᠤ᠂ ᠦᠨᠳᠦᠰᠦᠲᠡᠨ ᠤ ᠬᠡᠯᠪᠡᠷᠢ ᠳᠤ ᠣᠷᠣᠭᠤᠯᠤᠨ ᠪᠦᠲᠦᠭᠡᠯᠴᠢ ᠰᠢᠨᠡᠴᠢᠯᠡᠯ ᠬᠢᠵᠦ᠂ ᠪᠠᠷᠤᠭ ᠪᠦᠲᠦᠨ ᠵᠠᠭᠤᠨ ᠢᠶᠠᠷ ᠦᠭᠡᠶᠢᠯᠡᠭᠳᠡᠵᠦ ᠪᠠᠶᠢᠭᠰᠠᠨ ᠮᠣᠩᠭᠤᠯ ᠦᠨᠳᠦᠰᠦᠲᠡᠨ ᠤ ᠷᠤᠮᠠᠨ ᠤ ᠬᠥᠭᠵᠢᠯ ᠳᠤ ᠴᠢᠬᠤᠯᠠ ᠬᠤᠪᠢ ᠨᠡᠮᠡᠷᠢ ᠣᠷᠣᠭᠤᠯᠤᠭᠰᠠᠨ ᠢ ᠲᠣᠳᠣᠷᠬᠠᠢ ᠡᠰᠢ ᠪᠠᠷᠢᠮᠲᠠ ᠪᠠᠷ ᠨᠡᠭᠡᠭᠡᠨ ᠬᠠᠷᠠᠭᠤᠯᠵᠠᠢ ︵ᠷᠢᠹᠲᠢᠨ᠂ 1985︶᠃ ᠡᠶᠢᠨ ᠬᠦ ᠢᠨᠵᠠᠨᠨᠠᠰᠢ ᠨᠢ ᠥᠪᠡᠷ ᠤᠨ ᠠᠩᠭᠢ᠂ ᠨᠡᠶᠢᠭᠡᠮ ᠤᠨ ᠪᠠᠶᠢᠭᠤᠯᠤᠯ ᠢ ᠬᠤᠪᠢᠰᠬᠠᠯᠲᠤ ᠲᠡᠮᠡᠴᠡᠯ ᠢᠶᠠᠷ ᠬᠠᠯᠠᠵᠤ ᠰᠣᠯᠢᠬᠤ ᠦᠵᠡᠯ ᠰᠠᠨᠠᠭ᠎ᠠ ᠶᠢ ᠳᠡᠪᠰᠢᠭᠦᠯᠦᠨ ᠲᠠᠯᠪᠢᠵᠤ ᠪᠠᠶᠢᠭ᠎ᠠ ᠦᠭᠡᠢ ᠪᠣᠯᠪᠠᠴᠤ ᠵᠠᠰᠠᠨ ᠰᠢᠨᠡᠳᠬᠡᠭᠴᠢ ᠶᠢᠨ ᠪᠠᠶᠢᠷᠢ ᠰᠠᠭᠤᠷᠢᠨ ᠠᠴᠠ ᠲᠤᠬᠠᠢ ᠶᠢᠨ ᠦᠶ᠎ᠡ ᠶᠢᠨ ᠬᠠᠮᠵᠢᠯᠭ᠎ᠠ ᠶᠣᠰᠣᠨ ᠤ ᠭᠡᠮ ᠳᠤᠲᠠᠭᠳᠠᠯ ᠢ ᠱᠠᠰᠢᠨ ᠨᠣᠮ ᠤᠨ ᠦᠵᠡᠯ ᠰᠤᠷᠭᠠᠯ ᠲᠠᠢ ᠨᠢ ᠱᠣᠭᠯᠠᠨ ᠰᠢᠭᠦᠮᠵᠢᠯᠡᠵᠦ ᠪᠠᠶᠢᠭᠰᠠᠨ ᠳᠠᠪᠰᠢᠯᠲᠤ ᠵᠣᠬᠢᠶᠠᠯᠴᠢ ᠪᠥᠭᠡᠳ ᠨᠡᠶᠢᠭᠡᠮ ᠤᠨ ᠣᠷᠴᠢᠨ ᠤ ᠥᠷᠭᠡᠨ ᠳᠡᠯᠭᠡᠴᠡ᠂ ᠠᠮᠢᠳᠤᠷᠠᠯ ᠤᠨ ᠰᠣᠨᠢᠨ ᠳᠦᠷᠢ ᠵᠢᠷᠤᠭ ᠢ ᠤᠷᠠᠨ ᠰᠠᠶᠢᠬᠠᠨ ᠤ ᠬᠠᠤᠯᠢ ᠪᠠᠷ ᠲᠡᠭᠦᠰ ᠲᠡᠭᠦᠯᠳᠡᠷ ᠨᠡᠭᠡᠭᠡᠵᠦ᠂ ᠮᠣᠩᠭᠤᠯ ᠬᠡᠯᠨ ᠢᠷᠠᠭᠤ ᠲᠠᠩᠰᠤᠭ ᠴᠢᠳᠠᠯ ᠢ ᠪᠦᠷᠢᠨ ᠳᠦᠭᠦᠷᠡᠩ ᠠᠰᠢᠭᠯᠠᠵᠤ᠂ ᠡᠮᠦᠨᠡᠬᠢ ᠦᠶ᠎ᠡ ᠶᠢᠨ ᠢᠶᠠᠨ ᠤᠷᠠᠨ ᠵᠣᠬᠢᠶᠠᠯᠴᠢᠳ ᠤᠨ ᠪᠦᠲᠦᠭᠡᠯᠲᠦ ᠦᠵᠡᠯ ᠰᠠᠨᠠᠭ᠎ᠠ᠂ ᠤᠷᠠᠨ ᠰᠠᠶᠢᠬᠠᠨ ᠤ ᠪᠠᠶᠠᠯᠢᠭ ᠥᠪ ᠢ ᠦᠯᠡᠳᠡᠭᠡᠭᠰᠡᠨ ᠰᠣᠩᠭᠤᠳᠠᠭ ᠪᠦᠲᠦᠭᠡᠯ ᠢᠶᠠᠷ ᠢᠶᠠᠨ ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠬᠥᠭᠵᠢᠯ ᠤᠨ ᠨᠢᠭᠡᠨ ᠣᠷᠭᠢᠯ ᠪᠣᠯᠣᠭᠰᠠᠨ ᠶᠤᠮ᠃
 
ᠢᠷᠡᠯᠲᠡ᠄ ᠳᠣᠮᠳᠠᠳᠦ ᠣᠯᠣᠰ ᠤᠨ ᠮᠣᠩᠭᠤᠯ ᠷᠠᠳᠢᠤ᠋ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号