12 ᠰᠠᠷ᠎ᠠ ᠶᠢᠨ 2 ᠤ ᠡᠳᠦᠷ᠂ ᠡᠷᠢᠶᠡᠨ ᠬᠤᠳᠠ ᠶᠢᠨ ᠰᠣᠶᠣᠯ ᠳᠠᠮᠢᠷ ᠰᠣᠨᠢᠨ ᠮᠡᠳᠡᠭᠡ ᠬᠡᠪᠯᠡᠯ ᠷᠠᠳᠢᠣ᠋ | ᠲᠧᠯᠸᠢᠰ ᠤᠨ ᠳᠣᠪᠴᠢᠶᠠᠨ ᠠᠴᠠ ᠵᠣᠬᠢᠶᠠᠨ ᠪᠠᠶᠢᠭᠤᠯᠤᠭᠰᠠᠨ ︽ᠪᠦᠬᠦ ᠠᠷᠠᠳ ᠳᠠᠮᠢᠷ ᠤᠨ ᠬᠥᠳᠡᠯᠭᠡᠭᠡᠨ ᠳᠤ | ᠣᠷᠣᠯᠴᠠᠵᠤ ᠪᠡᠶ᠎ᠡ ᠮᠠᠬᠠᠪᠤᠳ ᠢᠶᠠᠨ ᠴᠢᠬᠢᠷᠠᠭᠵᠢᠭᠤᠯᠬᠤ︾ ᠰᠡᠳᠥᠪᠳᠥ ᠪᠦᠬᠦ ᠠᠷᠠᠳ ᠤᠨ ᠪᠡᠶ᠎ᠡ ᠴᠢᠬᠢᠷᠠᠭᠵᠢᠭᠤᠯᠬᠤ | ᠰᠢᠷᠢᠰ ᠬᠦᠳᠡᠯᠭᠡᠭᠡᠨ ᠤ ᠨᠡᠭᠡᠭᠡᠯᠳᠡ ᠶᠢᠨ ᠶᠣᠰᠣᠯᠠᠯ ᠢ ᠣᠯᠠᠨ ᠣᠯᠣᠰ ᠤᠨ ᠬᠤᠷᠠᠯ ᠴᠤᠭᠯᠠᠭᠠᠨ ᠤ ᠳᠥᠪ ᠤᠨ ᠲᠠᠮᠢᠷ | ᠤᠨ ᠳᠠᠯᠠᠪᠤᠷ ᠲᠤ ᠶᠠᠪᠤᠭᠳᠠᠭᠤᠯᠵᠠᠢ᠃ ᠵᠠᠰᠠᠭ ᠤᠨ ᠣᠷᠳᠣᠨ ᠤ ᠳᠡᠳ᠋ ᠬᠤᠳᠠ ᠶᠢᠨ ᠳᠠᠷᠤᠭ᠎ᠠ ᠰᠠᠷᠠᠨᠴᠢᠮᠡᠭ | ᠨᠡᠭᠡᠭᠡᠯᠳᠡ ᠶᠢᠨ ᠶᠣᠰᠣᠯᠠᠯ ᠳᠤ ᠣᠷᠣᠯᠴᠠᠪᠠ᠃ | ᠡᠨᠡ ᠵᠢᠯ ᠠᠴᠠ ᠡᠬᠢᠯᠡᠨ ᠪᠦᠬᠦ ᠠᠷᠠᠳ ᠤᠨ ᠪᠡᠶ᠎ᠡ ᠳᠠᠮᠢᠷ ᠤᠨ ᠬᠥᠳᠡᠯᠭᠡᠭᠡᠨ ᠳᠤ ᠥᠳᠥᠨ ᠪᠦᠮᠪᠦᠭᠡ᠂ | ᠭᠤᠷᠪᠠᠨ ᠬᠦᠮᠥᠨ ᠤ ᠳᠦᠷᠢᠮᠳᠥ ᠰᠠᠭᠰᠣᠨ ᠪᠦᠮᠪᠦᠭᠡ᠂ ᠫᠢᠩ ᠫᠤᠩ ᠪᠦᠮᠪᠦᠭᠡ ᠵᠡᠷᠭᠡ ᠤᠯᠠᠨ ᠨᠡᠶᠢᠳᠡ ᠶᠢᠨ ᠪᠡᠶ᠎ᠡ | ᠲᠠᠮᠢᠷ ᠤᠨ ᠬᠥᠳᠡᠯᠭᠡᠭᠡᠨ ᠤ ᠲᠥᠷᠥᠯ ᠵᠦᠢᠯ ᠢ ᠠᠩᠬ᠎ᠠ ᠤᠳᠠᠭ᠎ᠠ ᠨᠡᠮᠡᠨ ᠣᠷᠣᠭᠤᠯᠣᠭᠰᠠᠨ ᠢᠶᠠᠷ᠂ ︽ᠪᠦᠬᠦ ᠠᠷᠠᠳ | ᠤᠨ ᠪᠡᠶ᠎ᠡ ᠲᠠᠮᠢᠷ ᠤᠨ ᠬᠦᠳᠡᠯᠭᠡᠭᠡᠨ︾ ᠨᠢ ᠵᠥᠪᠬᠡᠨ ᠨᠢᠭᠡᠨ ᠤᠷᠢᠶ᠎ᠠ ᠳᠡᠳᠦᠢ ᠪᠢᠰᠢ ᠪᠣᠯᠵᠠᠢ᠃ ᠮᠠᠨ ᠤ ᠬᠤᠳᠠ ᠶᠢᠨ | ᠳᠣᠰ ᠣᠳᠠᠭᠠᠨ ᠤ ︽ᠪᠦᠬᠦ ᠠᠷᠠᠳ ᠳᠠᠮᠢᠷ ᠤᠨ ᠬᠥᠳᠡᠯᠭᠡᠭᠡᠨ ᠳᠤ ᠣᠷᠣᠯᠴᠠᠵᠤ ᠪᠡᠶ᠎ᠡ ᠮᠠᠬᠠᠪᠤᠳ ᠢᠶᠠᠨ | ᠴᠢᠬᠢᠷᠠᠭᠵᠢᠭᠤᠯᠬᠤ︾ ᠰᠡᠳᠥᠪᠳᠥ ᠬᠥᠳᠡᠯᠭᠡᠭᠡᠨ ᠨᠢ ᠭᠤᠷᠪᠠᠨ ᠬᠥᠮᠥᠨ ᠤ ᠳᠦᠷᠢᠮᠳᠥ ᠰᠠᠭᠰᠥᠨ ᠪᠦᠮᠪᠦᠭᠡ᠂ ᠫᠢᠩ | ᠫᠣᠩ ᠪᠦᠮᠪᠦᠭᠡ᠂ ᠥᠳᠥᠨ ᠪᠥᠮᠪᠦᠭᠡ᠂ ᠳᠣᠣᠷ ᠪᠦᠮᠪᠦᠭᠡ᠂ ᠣᠯᠠᠮᠵᠢᠯᠠᠯᠲᠤ ᠰᠣᠷ ᠬᠠᠷᠪᠤᠭ᠎ᠠ᠂ ᠪᠦᠬᠡ ᠵᠡᠷᠭᠡ 6 | ᠲᠥᠷᠥᠯ ᠤᠨ ᠳᠡᠮᠡᠴᠡᠭᠡᠨ ᠢ ᠵᠣᠬᠢᠶᠠᠨ ᠪᠠᠶᠢᠭᠤᠯᠵᠤ᠂ 2 ᠭᠠᠷᠠᠭ ᠤᠨ ᠬᠤᠭᠤᠴᠠᠭ᠎ᠠ ᠲᠠᠢ ᠶᠠᠪᠤᠭᠳᠠᠨ᠂ ᠭᠤᠷᠪᠠᠨ | ᠵᠠᠭᠤᠭᠠᠳ ᠳᠠᠮᠢᠷᠴᠢᠳ ᠣᠷᠣᠯᠴᠠᠵᠤ᠂ ᠡᠨᠡᠬᠦ ᠬᠠᠬᠢᠷ ᠬᠦᠢᠳᠡᠨ ᠡᠪᠦᠯ ᠤᠨ ᠣᠯᠠᠷᠢᠯ ᠳᠤ ᠮᠠᠨ ᠤ ᠬᠤᠳᠠ ᠶᠢᠨ ᠪᠡᠶ᠎ᠡ | ᠳᠠᠮᠢᠷ ᠤᠨ ᠬᠠᠯᠠᠭᠤᠨ ᠦᠷᠨᠢᠯ ᠢ ᠳᠠᠬᠢᠨᠳᠠ ᠳᠡᠭᠳᠡᠭᠡᠭᠰᠡᠨ ᠪᠠᠶᠢᠨ᠎ᠠ᠃ ᠳᠣᠷᠠᠳᠠᠭᠤᠰᠢᠳᠠᠢ ᠨᠢ ᠳᠤᠰ ᠤᠳᠠᠭᠠᠨ ᠤ | ᠬᠦᠳᠡᠯᠭᠡᠭᠡᠨ ᠵᠣᠬᠢᠶᠠᠨ ᠪᠠᠶᠢᠭᠤᠯᠤᠭᠳᠠᠬᠤ ᠳᠤ ᠳᠣᠮᠳᠠᠳᠣ ᠣᠯᠣᠰ ᠤᠨ ᠣᠯᠠᠨ ᠣᠯᠣᠰ ᠤᠨ ᠬᠤᠳᠠᠯᠳᠤᠭ᠎ᠠ ᠶᠢ | ᠳᠡᠮᠵᠢᠬᠦ ᠬᠤᠷᠢᠶᠠᠨ ᠤ ᠡᠷᠶᠡᠨ ᠬᠤᠳᠠ ᠶᠢᠨ ᠵᠥᠪᠯᠡᠯ ᠠᠴᠠ ᠬᠦᠴᠦᠳᠡᠢ ᠳᠡᠮᠵᠢᠯᠭᠡ ᠬᠠᠩᠭᠠᠵᠤ ᠠᠵᠢᠯᠯᠠᠭᠰᠠᠨ ᠶᠤᠮ᠃ | |