ᠮᠣᠩᠭᠤᠯ ᠤᠯᠤᠰ ᠤᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠶᠢᠳᠠᠯ ᠤᠨ ᠪᠡᠯᠭᠡᠳᠡᠯ ᠪᠣᠯᠣᠭᠰᠠᠨ | ᠦᠨᠳᠦᠰᠦᠨ ᠤ ᠤᠯᠠᠮᠵᠢᠯᠠᠯᠲᠤ ᠶᠡᠭᠡ ᠪᠠᠶᠠᠷ ᠨᠠᠭᠠᠳᠤᠮ ᠣᠶᠢᠷᠠᠲᠤᠵᠤ᠂ ᠮᠣᠩᠭᠤᠯᠴᠤᠳ ᠬᠤᠷᠤᠭᠤ ᠳᠠᠷᠤᠨ | ᠬᠦᠯᠢᠶᠡᠵᠦ ᠪᠠᠶᠢᠨ᠎ᠠ᠃ ᠡᠷ᠎ᠡ ᠶᠢᠨ ᠭᠤᠷᠪᠠᠨ ᠨᠠᠭᠠᠳᠤᠮ ᠢᠶᠠᠷ ᠬᠡᠳᠦᠨ ᠡᠳᠦᠷ ᠤᠨ ᠲᠤᠷᠰᠢ ᠰᠢᠷᠳᠡᠭ ᠤᠨ ᠳᠡᠨᠵᠢ ᠶᠢ | ᠬᠤᠳᠦ᠋ᠢᠳᠠᠯᠠ᠂ ᠰᠢᠨᠡᠬᠡᠨ ᠳᠡᠪᠡᠯ ᠢᠶᠠᠨ ᠭᠠᠩᠳᠠᠲᠠᠯᠠ ᠨᠠᠭᠠᠳᠳᠠᠭ ᠮᠣᠩᠭᠤᠯ ᠲᠦᠮᠡᠨ ᠤ ᠡᠨᠡ ᠶᠡᠭᠡ ᠪᠠᠶᠠᠷ ᠴᠡᠩᠭᠡᠯ | ᠨᠢ ᠠᠰᠤᠷᠤ ᠶᠡᠭᠡ ᠴᠠᠭ ᠬᠤᠭᠤᠴᠠᠭ᠎ᠠ᠂ ᠣᠷᠣᠨ ᠵᠠᠢ ᠶᠢ ᠲᠤᠭᠤᠯᠤᠨ ᠢᠷᠠᠵᠠᠢ᠃ | ᠳᠤᠮᠲᠠᠭᠤᠪᠢ ᠠᠶᠢᠮᠠᠭ ᠤᠨ ᠥᠯᠵᠡᠶᠢᠲᠦ ᠰᠤᠮᠤ ᠶᠢᠨ ᠨᠤᠲᠤᠭ ᠲᠠᠬᠢ ᠳᠡᠯ ᠬᠥᠨᠵᠢᠯᠡ ᠶᠢᠨ ᠠᠭᠤᠯᠠ ᠶᠢᠨ | ᠡᠯᠢᠭᠡᠨ ᠬᠠᠳᠠᠨ ᠳᠤ ᠪᠠᠷᠢᠯᠳᠤᠵᠤ ᠪᠤᠢ ᠬᠤᠶᠠᠷ ᠬᠥᠮᠥᠨ ᠤ ᠵᠢᠷᠤᠭ ᠪᠠᠶᠢᠳᠠᠭ᠃ ᠡᠨᠡ ᠬᠤᠶᠠᠷ ᠬᠥᠮᠥᠨ ᠨᠢ | ᠬᠤᠶᠠᠭᠤᠯᠠ ᠪᠠᠨ ᠴᠢᠷᠠᠮᠠᠨ ᠨᠢᠴᠦᠭᠦᠨ ᠪᠥᠭᠡᠳ ᠨᠢᠭᠡ ᠨᠢ ᠲᠣᠯᠣᠭᠠᠢ ᠳᠡᠭᠡᠷ᠎ᠡ ᠪᠠᠨ ᠦᠰᠦ ᠪᠠᠨ ᠣᠪᠣᠭᠠᠯᠠᠨ | ᠪᠣᠭᠤᠵᠠᠢ᠃ ᠲᠡᠳᠡᠨ ᠤ ᠪᠠᠷᠠᠭᠤᠨ ᠳᠡᠭᠡᠳᠦ ᠲᠠᠯ᠎ᠠ ᠳᠤ ᠣᠯᠠᠨ ᠬᠥᠮᠥᠨ ᠢ ᠵᠢᠵᠢᠭ ᠢᠶᠠᠷ ᠳᠦᠷᠰᠦᠯᠡᠭᠰᠡᠨ ᠪᠠᠶᠢᠳᠠᠭ | ᠪᠥᠭᠡᠳ ᠤᠭ ᠵᠢᠷᠤᠭ ᠨᠢ ᠬᠦᠷᠡᠯ ᠤᠨ ᠦᠶ᠎ᠡ ᠶᠢᠨ ᠳᠤᠷᠠᠰᠬᠠᠯ ᠳᠤ ᠪᠤᠶᠤ ᠣᠳᠣ ᠠᠴᠠ 7000 — 11000 | ᠵᠢᠯ ᠤᠨ ᠡᠮᠦᠨᠡᠬᠢ ᠦᠶ᠎ᠡ ᠳᠤ ᠬᠠᠮᠢᠶᠠᠷᠳᠠᠭ ᠭᠡᠵᠦ ᠦᠵᠡᠵᠡᠢ᠃ ᠲᠡᠭᠡᠬᠦ ᠪᠠᠷ ᠪᠠᠭ᠎ᠠ ᠪᠠᠷ 7000 ᠵᠢᠯ ᠤᠨ ᠡᠮᠦᠨ᠎ᠡ | ᠮᠣᠩᠭᠤᠯ ᠪᠥᠬᠡ ᠪᠠᠶᠢᠭᠰᠠᠨ ᠭᠡᠰᠡᠨ ᠦᠭᠡ ᠶᠤᠮ᠃ ᠬᠡᠳᠦ᠋ᠢᠪᠡᠷ ᠬᠦᠷᠡᠯ ᠤᠨ ᠡᠮᠦᠨᠡᠬᠢ ᠴᠠᠭ ᠦᠶ᠎ᠡ ᠳᠤ | ᠬᠠᠮᠢᠶᠠᠷᠤᠨ᠎ᠠ ᠭᠡᠵᠦ ᠡᠷᠳᠡᠮᠲᠡᠳ ᠦᠵᠡᠭᠰᠡᠨ ᠴᠤ ᠭᠡᠰᠡᠨ ᠪᠠᠷᠢᠯᠳᠤᠵᠤ ᠪᠤᠢ ᠬᠤᠶᠠᠷ ᠬᠥᠮᠥᠨ ᠨᠢ ᠴᠢᠷᠠᠮᠠᠨ ᠨᠢᠴᠦᠭᠦᠨ | ᠪᠠᠶᠢᠭ᠎ᠠ ᠶᠢ ᠦᠵᠡᠪᠡᠯ ᠬᠥᠮᠥᠨ ᠲᠥᠷᠥᠯᠬᠢᠲᠡᠨ ᠪᠡᠶ᠎ᠡ ᠡᠷᠬᠡᠲᠡᠨ ᠬᠠᠭᠠᠵᠤ ᠬᠠᠮᠠᠭᠠᠯᠠᠬᠤ ᠪᠣᠯᠣᠭᠰᠠᠨ ᠲᠡᠷᠡ ᠴᠠᠭ | ᠦᠶ᠎ᠡ ᠠᠴᠠ ᠡᠮᠦᠨᠡᠬᠢ ᠦᠶ᠎ᠡ ᠶᠢᠨ ᠬᠢ ᠪᠠᠶᠢᠵᠤ ᠪᠣᠯᠬᠤ ᠠᠵᠢ᠃ ᠪᠥᠬᠡ ᠭᠡᠳᠡᠭ ᠨᠡᠷ᠎ᠡ ᠲᠣᠮᠢᠶ᠎ᠠ ᠨᠢ ᠳᠣᠷᠣᠨᠠᠲᠤ | ᠠᠽᠢᠶ᠎ᠠ ᠶᠢᠨ ᠮᠣᠩᠭᠤᠯ ᠬᠠᠮᠨᠢᠭᠠᠨ ᠠᠶᠢᠮᠠᠭ ᠤᠨ ᠬᠢᠨ ᠡᠵᠡᠨ ᠢᠶᠠᠨ ᠮᠤᠹᠤ᠂ ᠮᠤᠵᠧ ᠭᠡᠳᠡᠭ ᠪᠠᠶᠢᠭᠰᠠᠨ ᠨᠡᠷ᠎ᠡ ᠲᠠᠢ | ᠬᠤᠯᠪᠣᠭᠠᠲᠠᠢ ᠭᠡᠵᠦ ᠦᠵᠡᠳᠡᠭ᠃ ᠲᠡᠷᠡ ᠬᠦ ᠮᠤᠹᠤ᠂ ᠮᠤᠵᠧ ᠭᠡᠰᠡᠨ ᠦᠭᠡ ᠶᠢ ᠮᠣᠩᠭᠤᠯ ᠤᠨ ᠪᠥᠬᠡ ᠭᠡᠰᠡᠨ | ᠦᠭᠡᠨ ᠤ ︽ᠪ᠊︾᠂ ︽ᠮ᠊︾ ᠪᠣᠯᠣᠨ ᠬᠤᠪᠢᠷᠠᠭᠰᠠᠨ ᠦᠭᠡ ᠮᠥᠨ ᠭᠡᠵᠦ ᠲᠠᠭᠠᠮᠠᠭᠯᠠᠭᠰᠠᠨ ᠪᠠᠶᠢᠨ᠎ᠠ᠃ ᠡᠨᠡ | ᠨᠡᠷ᠎ᠡ ᠶᠢᠨ ᠡᠮᠦᠨ᠎ᠡ ᠬᠤᠶᠢᠨ᠎ᠠ ᠨᠢ ᠦᠭᠡ ᠵᠠᠯᠭᠠᠵᠤ ᠶᠡᠭᠡ᠂ ᠪᠠᠭ᠎ᠠ ᠶᠠᠩᠵᠤ ᠪᠦᠷᠢ ᠶᠢᠨ ᠴᠣᠯᠠ ᠪᠣᠯᠭᠠᠳᠠᠭ ᠪᠠᠶᠢᠭᠰᠠᠨ | ᠪᠣᠯᠣᠯᠲᠠᠢ᠃ ᠲᠠᠪᠤᠳᠤᠭᠠᠷ ᠵᠠᠭᠤᠨ ᠤ ᠦᠶ᠎ᠡ ᠳᠤ ᠺᠢᠳᠫᠠᠨ ᠠᠶᠢᠮᠠᠭ ᠤᠨ ᠲᠡᠷᠢᠭᠦᠨ ᠤ ᠮᠤᠹᠦᠭᠡ᠂ ᠵᠢᠷᠭᠤᠳᠤᠭᠠᠷ | ᠵᠠᠭᠤᠨ ᠤ ᠦᠶ᠎ᠡ ᠳᠤ ᠮᠥᠨ ᠬᠢᠳᠠᠨ ᠠᠶᠢᠮᠠᠭ ᠲᠤ ᠮᠤᠭᠹᠤ᠂ ᠮᠣᠩᠭᠤᠯ ᠠᠶᠢᠮᠠᠭ ᠲᠤ ᠮᠤᠹᠤ ᠭᠡᠵᠦ ᠲᠤᠰ ᠲᠤᠰ | ᠨᠡᠷᠡᠯᠡᠵᠦ ᠶᠠᠪᠤᠭᠰᠠᠭᠠᠷ 11 — 13 ᠵᠠᠭᠤᠨ ᠤ ᠦᠶ᠎ᠡ ᠳᠤ ᠪᠦᠬᠡ᠂ 20 ᠳ᠋ᠤᠭᠠᠷ ᠵᠠᠭᠤᠨ ᠤ ᠦᠶ᠎ᠡ ᠳᠤ | ᠣᠷᠴᠢᠨ ᠦᠶ᠎ᠡ ᠶᠢᠨ ᠮᠣᠩᠭᠤᠯᠴᠤᠳ ᠪᠠᠷᠢᠯᠳᠤᠳᠠᠭ ᠪᠥᠬᠡ ᠪᠣᠯᠵᠠᠢ᠃ | ᠮᠣᠩᠭᠤᠯ ᠪᠥᠬᠡ ᠶᠢᠨ ᠡᠭᠦᠰᠦᠯ ᠭᠠᠷᠤᠯ ᠨᠢ ᠴᠡᠷᠢᠭ ᠳᠠᠶᠢᠨ ᠤ ᠦᠢᠯᠡ ᠬᠡᠷᠡᠭᠲᠡᠢ ᠰᠠᠯᠤᠰᠢ ᠦᠭᠡᠢ ᠨᠢᠭᠲᠠ | ᠬᠤᠯᠪᠣᠭᠠᠲᠠᠢ ᠶᠤᠮ᠃ ᠡᠷᠲᠡᠨ ᠤ ᠮᠣᠩᠭᠤᠯ ᠣᠪᠣᠭ ᠠᠶᠢᠮᠠᠭ ᠪᠦᠷ ᠡᠷᠡᠮᠡᠭᠡᠢ ᠵᠣᠷᠢᠭ᠂ ᠡᠷ᠎ᠡ ᠴᠢᠳᠠᠯ᠂ ᠠᠪᠬᠠᠯᠵᠢ | ᠰᠠᠮᠪᠠᠭ᠎ᠠ ᠲᠠᠢ ᠡᠷᠢᠭᠰᠡᠭᠡᠷ ᠥᠪᠡᠷ ᠤᠨ ᠴᠡᠷᠢᠭ ᠢ ᠪᠠᠶᠢᠭᠤᠯᠵᠤ᠂ ᠲᠡᠭᠦᠨ ᠢ ᠪᠠᠨ ︽ᠳᠤᠷᠬᠠᠭ︾᠂ ︽ᠬᠡᠪᠲᠡᠭᠦᠯ︾᠂ | ︽ᠪᠠᠭᠠᠲᠤᠷ ᠤᠳ︾ ᠭᠡᠬᠦ ᠵᠡᠷᠭᠡ ᠣᠨᠴᠠᠯᠢᠭ ᠰᠢᠨᠵᠢ ᠪᠠᠷ ᠨᠢ ᠠᠩᠭᠢᠯᠠᠨ ᠨᠡᠷᠡᠯᠡᠳᠡᠭ ᠪᠠᠶᠢᠪᠠ᠃ ᠣᠪᠣᠭ ᠠᠶᠢᠮᠠᠭ ᠤᠨ | ᠲᠣᠯᠣᠭᠠᠶᠢᠯᠠᠭᠴᠢᠳ ᠨᠢ ᠲᠡᠳᠡᠨ ᠤ ᠬᠦᠴᠦ᠂ ᠪᠢᠷ᠎ᠠ᠂ ᠬᠥᠳᠡᠯᠭᠡᠭᠡᠨ ᠢ ᠪᠠᠷᠢᠯᠳᠤᠭᠠᠨ ᠢᠶᠠᠷ᠂ ᠨᠢᠳᠦᠨ ᠤ ᠬᠤᠷᠴᠠ᠂ | ᠭᠠᠷ ᠤᠨ ᠪᠠᠷᠢᠮᠵᠢᠶ᠎ᠠ ᠵᠠᠳᠠ ᠰᠢᠳᠡᠯᠲᠡ ᠰᠤᠷ ᠬᠠᠷᠪᠤᠯᠳᠠ ᠪᠠᠷ᠂ ᠡᠴᠡᠵᠦ ᠴᠤᠴᠠᠬᠤ ᠦᠬᠡᠢ ᠡᠮᠨᠢᠭ ᠬᠠᠩᠭᠠᠯ | ᠰᠤᠷᠭᠠᠯᠲᠠ᠂ ᠮᠣᠷᠢᠨ ᠤᠷᠤᠯᠳᠤᠭᠠᠨ ᠢᠶᠠᠷ ᠰᠤᠷᠭᠠᠵᠤ᠂ ᠲᠡᠳᠡᠨ ᠢ ᠨᠡᠶᠢᠲᠡ ᠶᠢᠨ ᠡᠮᠦᠨ᠎ᠡ ᠰᠢᠯᠭᠠᠷᠠᠭᠤᠯᠵᠤ | ᠰᠣᠩᠭᠤᠵᠤ ᠠᠪᠳᠠᠭ ᠪᠠᠶᠢᠵᠠᠢ᠃ ᠮᠥᠨ ᠠᠶᠠᠨ ᠳᠠᠶᠢᠨ ᠳᠤ ᠮᠣᠷᠳᠠᠬᠤ ᠪᠤᠶᠤ ᠶᠡᠭᠡ ᠳᠤᠯᠤᠯᠳᠤᠭᠠᠨ ᠠᠴᠠ ᠡᠷᠭᠢᠨ | ᠢᠷᠡᠭᠡᠳ ᠰᠤᠷ ᠬᠠᠷᠪᠤᠬᠤ᠂ ᠠᠭᠲᠠ ᠮᠣᠷᠢ ᠤᠷᠤᠯᠳᠤᠭᠤᠯᠬᠤ᠂ ᠬᠦᠴᠦᠲᠦ ᠪᠥᠬᠡ ᠪᠠᠷᠢᠯᠳᠤᠭᠤᠯᠤᠨ | ᠣᠳᠣ ᠶᠢᠨ ᠬᠢ ᠪᠠᠷ ᠪᠣᠯ ᠨᠠᠭᠠᠳᠤᠮ ᠬᠢᠳᠡᠭ ᠪᠠᠶᠢᠵᠠᠢ᠃ | ᠲᠡᠷᠳᠡᠭᠡ 13 ᠵᠠᠭᠤᠨ ᠤ ᠦᠶ᠎ᠡ ᠳᠤ ᠡᠵᠡᠨ ᠪᠣᠭᠳᠠ ᠴᠢᠩᠭᠢᠰ ᠬᠠᠭᠠᠨ ᠤ ᠶᠡᠭᠡ ᠮᠣᠩᠭᠤᠯ ᠤᠯᠤᠰ ᠢᠶᠠᠨ | ᠪᠠᠶᠢᠭᠤᠯᠵᠤ᠂ ᠨᠡᠶᠢᠲᠡ ᠮᠣᠩᠭᠤᠯ ᠤᠭᠰᠠᠭᠠᠲᠠᠨ ᠢ ᠬᠠᠮᠤᠷᠤᠭᠰᠠᠨ ᠨᠢᠭᠡᠨ ᠲᠣᠮᠣ ᠨᠠᠭᠠᠳᠤᠮ ᠬᠢᠭᠰᠡᠨ ᠭᠡᠳᠡᠭ᠃ ᠡᠨᠡ | ᠨᠠᠭᠠᠳᠤᠮ ᠳᠤ ᠨᠢ ᠣᠯᠠᠨ ᠣᠮᠤᠭ ᠠᠶᠢᠮᠠᠭ ᠤᠨ ᠪᠠᠭᠠᠲᠤᠷ ᠬᠦᠴᠦᠲᠦ ᠡᠷᠡᠰ᠂ ᠬᠤᠷᠠᠨ ᠴᠤᠭᠯᠠᠷᠠᠵᠤ ᠡᠷ᠎ᠡ ᠪᠢᠷ᠎ᠠ᠂ | ᠡᠷᠡᠬᠡᠢ ᠮᠡᠷᠭᠡᠨ ᠢᠶᠠᠨ ᠰᠤᠷᠢᠨ ᠥᠷᠢᠰᠦᠯᠳᠦᠵᠦ᠂ ᠬᠤᠷᠳᠤᠨ ᠬᠦᠯᠦᠭ ᠮᠣᠷᠢ ᠪᠠᠨ ᠤᠷᠤᠯᠳᠤᠭᠤᠯᠵᠤ ᠨᠠᠭᠠᠳᠤᠨ | ᠴᠡᠩᠬᠡᠭᠰᠡᠨ ᠠᠵᠢ᠃ ᠪᠦᠬᠦ ᠨᠡᠶᠢᠲᠡ ᠶᠢ ᠬᠠᠮᠤᠷᠤᠭᠰᠠᠨ ᠡᠶᠢᠮᠦ ᠲᠣᠮᠣ ᠨᠠᠭᠠᠳᠤᠮ ᠤᠨ ᠨᠢᠭᠡ ᠨᠢ 1214 — | 1225 ᠣᠨ ᠳᠤ ᠰᠠᠷᠲᠠᠭᠤᠯ ᠤᠯᠤᠰ ᠢ ᠪᠠᠶᠢᠯᠳᠤᠨ ᠳᠠᠭᠠᠭᠤᠯᠤᠭᠰᠠᠨ ᠡᠴᠦᠰ ᠲᠤ ᠡᠷᠭᠦᠨ᠎ᠡ ᠮᠥᠷᠡᠨ ᠤ | ᠬᠥᠨᠳᠡᠢ ᠳᠤ ᠪᠤᠭᠤ ᠰᠤᠴᠢᠭᠠᠢ ᠬᠡᠮᠡᠬᠦ ᠭᠠᠵᠠᠷ ᠢᠯᠠᠯᠲᠠ ᠶᠢᠨ ᠪᠠᠶᠠᠷ ᠲᠡᠮᠳᠡᠭᠯᠡᠨ ᠬᠢᠭᠰᠡᠨ ᠲᠤᠬᠠᠢ ᠲᠡᠦᠬᠡᠨ᠎ᠡ | ᠲᠡᠮᠳᠡᠭᠯᠡᠭᠳᠡᠨ ᠦᠯᠡᠳᠡᠭᠰᠡᠨ ᠪᠠᠶᠢᠳᠠᠭ᠃ ᠡᠨᠡ ᠨᠠᠭᠠᠳᠤᠮ ᠳᠤ ᠮᠣᠩᠭᠤᠯ ᠪᠥᠬᠡ ᠶᠢᠨ ᠪᠠᠷᠢᠯᠳᠤᠭᠠᠨ ᠵᠠᠷᠢᠮ ᠲᠠᠯ᠎ᠠ ᠪᠠᠷ | ᠣᠯᠠᠨ ᠤᠯᠤᠰ ᠤᠨ ᠰᠢᠨᠵᠢᠲᠡᠢ ᠪᠣᠯᠵᠤ ᠺᠢᠫᠴᠠᠺ᠂ ᠬᠢᠲᠠᠳ᠂ ᠫᠧᠷᠰ᠂ ᠢᠷᠠᠨ ᠤ ᠪᠥᠬᠡᠴᠦᠳ ᠪᠠᠷᠢᠯᠳᠤᠵᠤ | ᠪᠠᠶᠢᠭᠰᠠᠨ ᠲᠤᠬᠠᠢ ᠰᠣᠨᠢᠷᠬᠠᠯᠲᠠᠢ ᠪᠠᠷᠢᠮᠲᠠ ᠪᠤᠢ᠃ | ᠮᠣᠩᠭᠤᠯ ᠪᠥᠬᠡ ᠶᠢᠨ ᠬᠠᠮᠤᠭ ᠤᠨ ᠭᠤᠣᠯ ᠣᠨᠴᠠᠯᠢᠭ ᠰᠢᠨᠵᠢ ᠶᠢ ᠢᠯᠡᠳᠬᠡᠭᠳᠡᠭ ᠵᠦᠢᠯ ᠪᠣᠯ ᠡᠮᠦᠰᠬᠡᠯ ᠶᠤᠮ᠃ | ᠳᠡᠯᠡᠬᠡᠢ ᠳᠠᠬᠢᠨ ᠤ ᠤᠯᠤᠰ᠂ ᠦᠨᠳᠦᠰᠦᠲᠡᠨ ᠪᠦᠷ ᠥᠪᠡᠷ ᠥᠪᠡᠷ ᠤᠨ ᠪᠥᠬᠡ ᠶᠢᠨ ᠰᠫᠤᠷᠲ ᠲᠠᠢ ᠠᠭᠠᠳ | ᠲᠡᠭᠦᠨ ᠤ ᠪᠠᠨ ᠣᠨᠴᠠᠯᠢᠭ ᠰᠢᠨᠵᠢ᠂ ᠢᠵᠠᠭᠤᠷ ᠰᠣᠶᠣᠯ᠂ ᠪᠠᠷᠢᠯᠳᠤᠭᠠᠨ ᠤ ᠤᠷᠠᠯᠢᠭ ᠭᠡᠬᠦ ᠮᠡᠲᠦ ᠣᠯᠠᠨ ᠵᠦᠢᠯ ᠢ | ᠬᠠᠷᠠᠭᠠᠯᠵᠠᠵᠤ ᠲᠡᠭᠦᠨ ᠳᠤ ᠲᠣᠬᠢᠷᠠᠭᠰᠠᠨ ᠬᠤᠪᠴᠠᠰᠤ ᠬᠡᠷᠡᠭᠯᠡᠯ ᠢ ᠪᠤᠢ ᠪᠣᠯᠭᠠᠵᠠᠢ᠃ ᠮᠣᠩᠭᠤᠯ ᠦᠨᠳᠦᠰᠦᠨ ᠤ | ᠪᠥᠬᠡ ᠴᠤ ᠥᠪᠡᠷ ᠤᠨ ᠭᠡᠰᠡᠨ ᠬᠤᠪᠴᠠᠰᠤ ᠡᠮᠦᠰᠬᠡᠯ ᠢ ᠪᠦᠲᠦᠭᠡᠵᠦ ᠲᠡᠷᠡ ᠨᠢ ᠤᠯᠠᠮ ᠪᠦᠷ ᠪᠤᠯᠪᠠᠰᠤᠷᠠᠯ ᠦᠬᠡᠢ | ᠪᠣᠯᠣᠭᠰᠠᠭᠠᠷ ᠡᠳᠦᠭᠡ ᠶᠢ ᠬᠦᠷᠴᠡᠢ᠃ ᠥᠷᠢᠰᠦᠯᠳᠦᠭᠴᠢ ᠪᠠᠨ ᠤᠨᠠᠭᠠᠬᠤ ᠣᠯᠠᠨ ᠲᠥᠷᠥᠯ ᠤᠨ ᠮᠡᠭᠡ ᠪᠣᠯᠣᠨ ᠪᠡᠶ᠎ᠡ | ᠡᠷᠬᠡᠲᠡᠨ ᠳᠤ ᠡᠯᠳᠡᠪ ᠭᠡᠮᠲᠦᠯ ᠰᠣᠭᠤᠭ ᠣᠯᠬᠤ ᠠᠴᠠ ᠬᠠᠮᠠᠭᠠᠯᠠᠬᠤ ᠳᠤ ᠵᠣᠬᠢᠴᠠᠭᠰᠠᠨ ᠪᠥᠬᠡ ᠪᠠᠲᠤ ᠡᠮᠦᠰᠬᠡᠯ ᠵᠠᠪᠠᠯ | ᠬᠡᠷᠡᠭᠲᠡᠢ ᠪᠠᠶᠢᠪᠠ᠃ ᠮᠣᠩᠭᠤᠯ ᠪᠥᠬᠡ ᠶᠢᠨ ᠡᠮᠦᠰᠬᠡᠯ ᠨᠢ ᠳᠡᠭᠡᠷᠡᠬᠢ ᠪᠦᠬᠦ ᠱᠠᠭᠠᠷᠳᠠᠯᠭ᠎ᠠ ᠶᠢ ᠪᠦᠷᠢᠨ ᠬᠠᠩᠭᠠᠭᠰᠠᠨ | ᠪᠥᠭᠡᠳ ᠮᠥᠨ ᠲᠤᠬᠠᠢ ᠶᠢᠨ ᠪᠥᠬᠡ ᠶᠢᠨ ᠭᠠᠯᠪᠢᠷ ᠲᠥᠷᠬᠦ ᠶᠢ ᠤᠯᠠᠮ ᠰᠠᠶᠢᠬᠠᠨ ᠪᠣᠯᠭᠠᠵᠤ᠂ ᠡᠷ᠎ᠡ ᠬᠥᠮᠥᠨ ᠤ | ᠭᠤᠸ᠎ᠠ ᠦᠵᠡᠰᠬᠦᠯᠡᠩ ᠢ ᠬᠠᠷᠠᠬᠤ ᠪᠣᠯᠣᠮᠵᠢ ᠶᠢ ᠳᠠᠪᠬᠤᠷ ᠣᠯᠭᠤᠭᠰᠠᠨ ᠪᠠᠶᠢᠨ᠎ᠠ᠃ | ᠪᠥᠬᠡ ᠶᠢᠨ ᠵᠣᠳᠤᠭ ᠨᠢ ᠶᠡᠬᠡᠪᠴᠢᠯᠡᠨ ᠴᠡᠩᠬᠡᠷ ᠪᠠᠶᠢᠳᠠᠭ ᠨᠢ ᠮᠥᠩᠬᠡ ᠬᠥᠬᠡ ᠲᠡᠭᠷᠢ ᠶᠢ ᠪᠡᠯᠭᠡᠳᠡᠵᠡᠢ᠃ ᠬᠠᠷᠢᠨ | ᠤᠯᠠᠭᠠᠨ ᠱᠤᠳᠠᠭ ᠨᠢ ᠮᠣᠩᠭᠤᠯ ᠪᠥᠬᠡ ᠶᠢᠨ ᠭᠠᠯ ᠭᠤᠯᠣᠮᠲᠠ ᠬᠡᠵᠢᠶ᠎ᠡ ᠴᠦ ᠲᠠᠰᠤᠷᠠᠬᠤ ᠦᠭᠡᠢ ᠦᠷᠭᠦᠯᠵᠢᠳᠡ | ᠮᠠᠨᠳᠤᠨ ᠪᠠᠳᠮᠠᠯᠠᠵᠤ ᠪᠠᠶᠢᠬᠤ ᠶᠢ ᠪᠡᠯᠭᠡᠳᠡᠭᠰᠡᠨ ᠪᠠᠶᠢᠨ᠎ᠠ᠃ ᠬᠠᠷᠢᠨ ᠪᠥᠭᠡ ᠮᠥᠷᠭᠦᠯ ᠤᠨ ᠦᠶ᠎ᠡ ᠳᠤ ᠪᠠᠶᠢᠭᠠᠯᠢ | ᠳᠡᠯᠡᠬᠡᠢ ᠠᠭᠤᠯᠠ ᠬᠠᠩᠭᠠᠢ ᠶᠢ ᠪᠢᠰᠢᠷᠡᠨ ᠰᠢᠲᠦᠬᠦ ᠦᠵᠡᠯ ᠢᠶᠠᠷ ᠨᠣᠭᠤᠭᠠᠨ ᠥᠩᠭᠡ ᠲᠠᠢ ᠪᠣᠯᠣᠭᠰᠠᠨ ᠪᠣᠯ | ᠰᠢᠷ᠎ᠠ ᠶᠢᠨ ᠱᠠᠰᠢᠨ ᠳᠡᠯᠭᠡᠷᠡᠵᠦ ᠡᠬᠢᠯᠡᠭᠰᠡᠨ ᠴᠠᠭ ᠦᠶ᠎ᠡ ᠳᠤ ᠰᠢᠷ᠎ᠠ ᠥᠩᠭᠡ ᠶᠢᠨ ᠡᠮᠦᠰᠬᠡᠯ ᠵᠣᠩᠬᠢᠯᠠᠵᠤ ᠪᠠᠶᠢᠵᠠᠢ᠃ | ᠢᠩᠭᠢᠭᠡᠳ 14 ᠵᠠᠭᠤᠨ ᠤ ᠡᠬᠢᠨ ᠦᠶ᠎ᠡ ᠪᠣᠯᠬᠤ ᠳᠤ ᠠᠶᠢᠮᠠᠭ᠂ ᠬᠤᠰᠢᠭᠤ᠂ ᠪᠦᠰᠡ ᠨᠤᠲᠤᠭ᠂ ᠠᠯᠪᠠᠲᠤ᠂ ᠱᠠᠪᠢ | ᠵᠡᠷᠭᠡ ᠭᠠᠵᠠᠷ ᠨᠤᠲᠤᠭ ᠤᠨ ᠪᠣᠯᠣᠨ ᠪᠥᠬᠡ ᠶᠢᠨ ᠴᠣᠯᠠ ᠽᠢᠨᠳᠠᠭᠠ ᠢᠯᠭᠠᠭ᠎ᠠ ᠲᠠᠢ ᠪᠣᠯᠵᠤ ᠪᠣᠭᠳᠠ ᠶᠢᠨ ᠱᠠᠪᠢ ᠶᠢᠨ | ᠪᠥᠬᠡᠴᠦᠳ ᠤᠯᠠᠭᠠᠨ ᠥᠩᠭᠡ ᠶᠢᠨ᠂ ᠳᠥᠷᠪᠡᠨ ᠠᠶᠢᠮᠠᠭ ᠤᠨ ᠪᠥᠬᠡᠴᠦᠳ ᠴᠡᠩᠬᠡᠷ ᠬᠥᠬᠡ ᠥᠩᠭᠡ ᠶᠢᠨ ᠡᠮᠦᠰᠬᠡᠯ | ᠡᠮᠦᠰᠴᠦ ᠪᠠᠷᠢᠯᠳᠤᠳᠠᠭ ᠪᠠᠶᠢᠵᠠᠢ᠃ ᠬᠠᠷᠢᠨ ᠡᠨᠡ ᠦᠶ᠎ᠡ ᠳᠤ ᠮᠠᠲ᠋ᠧᠷᠢᠶᠠᠯ ᠤᠨ ᠬᠤᠪᠢ ᠳᠤ ᠠᠪᠤᠷᠭᠤ᠂ ᠠᠷᠰᠯᠠᠨ᠂ | ᠵᠠᠭᠠᠨ ᠴᠣᠯᠠᠲᠠᠨ ᠬᠠᠮᠪᠣᠨ᠂ ᠨᠠᠴᠢᠨ ᠴᠣᠯᠠᠲᠠᠨ ᠲᠣᠷᠭᠠᠨ᠂ ᠨᠠᠴᠢᠨ ᠠᠴᠠ ᠳᠣᠭᠤᠭᠰᠢ ᠴᠣᠯᠠᠲᠠᠨ ᠴᠢᠰᠴᠡᠦ᠂ ᠴᠣᠯᠠ | ᠦᠭᠡᠢ ᠪᠥᠬᠡᠴᠦᠳ ᠳᠠᠯᠢᠩᠪᠤᠨ ᠵᠣᠳᠤᠭ᠂ ᠱᠤᠳᠠᠭ ᠲᠠᠢ ᠪᠣᠯᠣᠭᠰᠠᠨ ᠪᠠᠶᠢᠨ᠎ᠠ᠃ ᠡᠶᠢᠨ ᠬᠦ ᠲᠡᠦᠬᠡ ᠶᠢᠨ ᠶᠠᠩᠵᠤ | ᠪᠦᠷᠢ ᠶᠢᠨ ᠦᠶ᠎ᠡ ᠨᠦᠭᠦᠳ ᠲᠤ ᠮᠣᠩᠭᠤᠯ ᠪᠥᠬᠡ ᠶᠢᠨ ᠵᠣᠳᠤᠭ ᠱᠤᠳᠠᠭ ᠨᠢ ᠱᠠᠰᠢᠨ ᠪᠣᠯᠣᠨ ᠥᠭᠡᠷ᠎ᠡ ᠪᠤᠰᠤᠳ | ᠶᠠᠩᠵᠤ ᠪᠦᠷᠢ ᠶᠢᠨ ᠨᠣᠮᠯᠠᠯ ᠪᠡᠯᠭᠡᠳᠡᠯ ᠤᠨ ᠬᠡᠪ ᠰᠢᠨᠵᠢ ᠠᠴᠠ ᠬᠠᠮᠢᠶᠠᠷᠴᠤ ᠬᠠᠷᠢᠴᠠᠩᠭᠤᠢ ᠣᠨᠳᠣᠣ ᠥᠩᠭᠡ᠂ ᠡᠳ᠋ | ᠮᠠᠲ᠋ᠧᠷᠢᠶᠠᠯ ᠢᠶᠠᠷ ᠬᠢᠭᠳᠡᠵᠦ ᠶᠠᠪᠤᠭᠰᠠᠭᠠᠷ 1921 ᠣᠨ ᠠᠴᠠ ᠶᠡᠬᠡᠪᠴᠢᠯᠡᠨ ᠤᠯᠠᠭᠠᠨ ᠵᠣᠳᠤᠭ᠂ ᠬᠥᠬᠡ ᠱᠤᠳᠠᠭ ᠢ | ᠬᠡᠷᠡᠭᠯᠡᠬᠦ ᠪᠣᠯᠣᠭᠰᠠᠨ ᠢ ᠬᠤᠪᠢᠰᠬᠠᠯᠲᠦ ᠦᠵᠡᠯ ᠰᠠᠨᠠᠭ᠎ᠠ ᠶᠢ ᠳᠡᠭᠡᠳᠦᠯᠡᠬᠦ ᠦᠵᠡᠯ ᠲᠠᠢ ᠬᠤᠯᠪᠣᠨ ᠲᠠᠶᠢᠯᠪᠤᠷᠢᠯᠠᠳᠠᠭ | ᠠᠵᠢ᠃ ᠢᠩᠭᠢᠭᠡᠳ ᠤᠩᠰᠢᠭᠴᠢ ᠲᠠᠨ ᠳᠤ ᠮᠣᠩᠭᠤᠯ ᠲᠤᠭᠤᠷᠭᠠᠲᠠᠨ ᠤ ᠦᠨᠳᠦᠰᠦᠨ ᠲᠥᠯᠥᠭᠡᠯᠡᠯ ᠪᠣᠯᠣᠭᠰᠠᠨ | ᠵᠢᠷᠭᠤᠭᠠᠨ ᠦᠨᠳᠦᠰᠦᠲᠡᠨ ᠤ ᠪᠥᠬᠡ ᠶᠢᠨ ᠡᠮᠦᠰᠬᠡᠯ ᠢ ᠰᠣᠨᠢᠷᠬᠠᠭᠤᠯᠤᠶ᠎ᠠ᠃ | 1. ᠥᠪᠥᠷ ᠮᠣᠩᠭᠤᠯ᠃ ᠵᠣᠳᠤᠭ ᠲᠣᠮᠣ ᠬᠠᠯᠬᠠᠭᠠᠷ ᠥᠮᠥᠳᠦ᠂ ᠳᠤᠭᠳᠠᠭᠠᠷ ᠮᠣᠩᠭᠤᠯ ᠭᠤᠲᠤᠯ᠂ ᠮᠠᠯᠠᠭᠠᠢ | ᠳᠥᠷᠪᠡ ᠠᠴᠠ ᠪᠦᠷᠢᠳᠦᠨ᠎ᠡ᠃ ᠵᠣᠳᠤᠭ ᠨᠢ ᠪᠤᠯᠢᠭᠠᠷᠢ ᠶᠢ ᠬᠤᠶᠠᠷ ᠳᠠᠪᠬᠤᠷᠯᠠᠵᠤ᠂ ᠰᠢᠷᠢᠬᠡᠰᠦᠨ ᠤ ᠣᠷᠣᠨ ᠳᠤ | ᠳᠥᠷᠪᠡᠨ ᠬᠤᠷᠤᠭᠤ ᠣᠷᠴᠢᠮ ᠥᠷᠭᠡᠨ ᠡᠩᠨᠡᠭᠡ ᠪᠠᠷ ᠲᠣᠮᠣ ᠲᠣᠮᠣ ᠮᠧᠲ᠋ᠠᠯ ᠲᠣᠪᠣᠷᠤᠤ ᠰᠢᠭᠢᠳᠬᠡᠨ ᠪᠠᠬᠢᠯᠡᠳᠡᠭ ᠠᠵᠢ | ᠃ ᠮᠥᠨ ᠳᠠᠯᠪᠠᠭᠠᠨ ᠤ ᠠᠷᠤ ᠵᠤ ᠶᠢᠨ ᠳᠠᠭᠠᠤ ᠮᠥᠩᠭᠦ ᠪᠠᠷ ᠪᠣᠯᠣᠨ ᠦᠨᠡᠲᠦ ᠴᠢᠯᠠᠭᠤ ᠪᠠᠷ ᠴᠢᠮᠡᠭᠰᠡᠨ ᠭᠤᠷᠪᠠᠨ | ᠡᠩᠨᠡᠭᠡ ᠤᠷᠲᠤ ᠬᠠᠪᠲᠠᠭᠠᠢ ᠢᠯᠲᠠᠰᠤ ᠲᠠᠢ ᠪᠠᠶᠢᠳᠠᠭ᠃ ᠵᠣᠳᠤᠭ ᠤᠨ ᠬᠠᠨᠴᠤᠢ ᠲᠣᠬᠤᠢ ᠠᠴᠠ ᠦᠯᠦ ᠬᠡᠲᠦᠷᠡᠬᠦ | ᠣᠬᠤᠷ ᠪᠥᠭᠡᠳ ᠲᠣᠪᠣᠷᠤᠤ ᠬᠠᠳᠠᠭᠰᠠᠨ ᠪᠠᠶᠢᠨ᠎ᠠ᠃ ᠱᠤᠳᠠᠭ ᠤᠨ ᠣᠷᠣᠨ ᠳᠤ ᠣᠯᠠᠨ ᠮᠧᠳ᠋ᠷ ᠪᠦᠰᠡ ᠡᠳ᠋ ᠢᠶᠠᠷ | ᠬᠢᠭᠰᠡᠨ ᠡᠪᠦᠳᠦᠭ ᠠᠴᠠ ᠨᠢ ᠳᠡᠭᠡᠭᠰᠢ ᠶᠡᠭᠡ ᠬᠤᠨᠢᠶᠠᠰᠤ ᠪᠦᠬᠦᠢ ᠬᠠᠯᠬᠠᠭᠠᠷ ᠥᠮᠥᠳᠦ ᠡᠮᠦᠰᠦᠨ᠎ᠡ᠃ ᠬᠠᠷᠢᠨ | ᠭᠤᠲᠤᠯ ᠨᠢ ᠮᠣᠩᠭᠤᠯ ᠭᠤᠲᠤᠯ ᠰᠢᠭ᠋ ᠬᠢᠷᠢᠨ ᠢᠶᠠᠨ ᠮᠣᠬᠤᠭᠤ ᠳᠤᠭᠳᠠᠭᠠᠷ ᠬᠤᠩᠰᠢᠶᠠᠷ ᠲᠠᠢ᠂ ᠤᠭᠠᠯᠵᠠ ᠬᠡ ᠪᠠᠷ | ᠴᠢᠮᠡᠭᠰᠡᠨ᠂ ᠬᠤᠶᠠᠷ ᠱᠠᠭᠠᠢ ᠳᠤ ᠲᠣᠮᠣ ᠲᠡᠮᠦᠷ ᠳᠤᠪᠬᠢᠶᠠ ᠲᠠᠢ᠂ ᠣᠶᠢᠮᠤᠰᠤ᠂ ᠭᠤᠲᠤᠯ ᠤᠨ ᠳᠦᠷᠡᠢ ᠬᠤᠶᠠᠷ ᠤᠨ | ᠵᠠᠪᠰᠠᠷ ᠬᠤᠯᠤᠰᠤᠨ ᠪᠠᠬᠢᠯᠢᠭ᠌ ᠬᠢᠭᠰᠡᠨ ᠪᠠᠶᠢᠳᠠᠭ ᠠᠵᠠᠢ᠃ | 2. ᠦᠵᠦᠮᠦᠴᠢᠨ ᠪᠥᠬᠡ᠃ ᠵᠣᠳᠤᠭ᠂ ᠥᠮᠥᠳᠦ᠂ ᠭᠤᠲᠤᠯ᠂ ᠳᠤᠬᠤᠤ᠂ ᠰᠠᠪᠰᠠᠯᠭ᠎ᠠ᠂ ᠬᠤᠷᠮᠦ᠋ᠢᠪᠴᠢ᠂ | ᠬᠦᠯᠢᠶᠡ᠂ ᠵᠠᠩᠬᠢᠶ᠎ᠠ ᠭᠡᠰᠡᠨ ᠨᠠᠶᠢᠮᠠᠨ ᠵᠦᠢᠯ ᠠᠴᠠ ᠪᠦᠷᠢᠳᠦᠨ᠎ᠡ᠃ ᠵᠣᠳᠤᠭ ᠪᠣᠯᠣᠨ ᠪᠤᠰᠤᠳ ᠬᠤᠪᠴᠠᠰᠤ | ᠬᠡᠷᠡᠭᠯᠡᠯ ᠢ ᠪᠤᠯᠢᠭᠠᠷᠢ᠂ ᠦᠬᠡᠷ᠂ ᠲᠡᠮᠡᠭᠡ᠂ ᠪᠤᠳᠠ ᠶᠢᠨ ᠰᠢᠷᠢ᠂ ᠠᠷᠠᠰᠤ᠂ ᠢᠰᠡᠭᠡᠢ᠂ ᠪᠦᠰᠡ ᠵᠡᠷᠭᠡ ᠪᠠᠷ ᠬᠢᠨ᠎ᠡ᠃ | ᠵᠣᠳᠤᠭ ᠨᠢ ᠪᠢᠲᠡᠭᠦᠦ ᠵᠠᠳᠠᠭᠠᠢ ᠭᠡᠰᠡᠨ ᠬᠤᠶᠠᠷ ᠶᠠᠩᠵᠤ ᠪᠠᠶᠢᠳᠠᠭ ᠠᠵᠢ᠃ ᠵᠠᠳᠠᠭᠠᠢ ᠵᠣᠳᠤᠭ ᠤᠨ ᠬᠠᠨᠴᠤᠢ ᠥᠪᠥᠷ | ᠮᠤᠩᠭᠤᠯ ᠤᠨ ᠬᠢ ᠲᠠᠢ ᠠᠳᠠᠯᠢ ᠣᠬᠤᠷ ᠪᠠᠶᠢᠬᠤ ᠪᠥᠭᠡᠳ ᠵᠣᠳᠤᠭ ᠤᠨ ᠠᠷᠤ ᠨᠢ ᠶᠡᠭᠡ ᠪᠡᠶ᠎ᠡ ᠲᠠᠰᠢᠶᠠᠨ ᠲᠣᠯᠣᠭᠠᠢ | ᠱᠦᠷᠬᠦᠬᠡᠬᠦ ᠦᠬᠡᠢ ᠤᠷᠲᠤ ᠪᠠᠶᠢᠳᠠᠭ᠃ ᠡᠯᠢᠭᠡ ᠪᠦᠰᠡ ᠨᠢ ᠥᠷᠭᠡᠨ ᠪᠠᠶᠢᠨ᠎ᠠ᠃ ᠵᠣᠳᠤᠭ ᠤᠨ ᠮᠡᠷ ᠬᠠᠨᠴᠤᠢ | ᠵᠡᠷᠭᠡ ᠶᠢ ᠪᠤᠯᠢᠭᠠᠷᠢ ᠰᠠᠶᠢᠷ ᠢᠶᠠᠷ ᠵᠠᠬᠠᠯᠠᠨ ᠪᠠᠬᠢ ᠪᠠᠲᠤ ᠰᠢᠷᠢᠨ᠎ᠡ᠃ ᠪᠢᠲᠡᠭᠦᠦ ᠵᠣᠳᠤᠭ ᠨᠢ ᠮᠥᠨ ᠣᠬᠤᠷ | ᠬᠠᠨᠴᠤᠢ ᠲᠠᠢ᠃ ᠶᠡᠭᠡ ᠪᠡᠶ᠎ᠡ ᠨᠢ ᠬᠦᠷᠮ᠎ᠡ ᠲᠠᠢ ᠲᠥᠰᠲᠡᠢ ᠪᠠᠶᠢᠳᠠᠭ᠃ ᠨᠡᠷ᠎ᠡ ᠴᠤᠤᠲᠠᠢ ᠪᠥᠬᠡᠴᠦᠳ ᠤᠨ ᠵᠣᠳᠤᠭ | ᠨᠢ ᠬᠠᠨᠴᠤᠢ᠂ ᠳᠠᠯᠤ᠂ ᠮᠥᠷᠥ᠂ ᠠᠷᠤ᠂ ᠶᠡᠭᠡ ᠪᠡᠶ᠎ᠡ ᠶᠢᠨ ᠬᠡᠰᠡᠭ ᠲᠤ ᠮᠥᠩᠭᠦᠨ᠂ ᠭᠠᠤᠯᠢᠨ ᠲᠣᠪᠣᠷᠤᠤ ᠬᠠᠳᠠᠵᠤ | ᠲᠡᠭᠦᠨ ᠳᠡᠭᠡᠷ᠎ᠡ ᠭᠠᠷᠤᠳᠢ᠂ ᠯᠤᠤ᠂ ᠪᠠᠷᠰ᠂ ᠠᠷᠰᠯᠠᠨ ᠮᠡᠲᠦ ᠬᠦᠴᠦᠳᠡᠨ ᠢ ᠳᠦᠷᠰᠦᠯᠡᠬᠦ ᠪᠤᠶᠤ ︽ᠬᠦᠴᠦ ᠪᠠᠷ | ᠳᠡᠶᠢᠯᠬᠦ︾ ᠭᠡᠰᠡᠨ ᠦᠭᠡ ᠰᠡᠶᠢᠯᠦᠭᠰᠡᠨ ᠪᠠᠶᠢᠳᠠᠭ᠃ ᠦᠵᠦᠮᠦᠴᠢᠨ ᠪᠥᠬᠡ ᠶᠢᠨ ᠬᠤᠷᠮᠦ᠋ᠢᠪᠴᠢ ᠨᠢ ᠪᠥᠬᠡ ᠶᠢᠨ | ᠪᠡᠯᠬᠡᠭᠦᠰᠦ ᠶᠢ ᠬᠠᠯᠬᠠᠯᠠᠵᠤ ᠵᠣᠳᠤᠭ ᠤᠨ ᠬᠤᠷᠮᠣᠢ ᠥᠮᠥᠳᠦᠨ ᠤ ᠵᠠᠬ᠎ᠠ ᠶᠢ ᠬᠠᠮᠲᠤᠳᠬᠠᠨ ᠳᠠᠷᠤᠵᠤ ᠪᠠᠬᠢᠯᠡᠬᠦ | ᠵᠣᠷᠢᠭᠤᠯᠤᠯᠲᠠ ᠲᠠᠢ᠃ ᠦᠵᠦᠮᠦᠴᠢᠨ ᠪᠥᠬᠡ ᠶᠢᠨ ᠪᠠᠷᠢᠯᠳᠤᠭᠠᠨ ᠳᠤ ᠵᠣᠷᠢᠭᠤᠯᠵᠤ ᠬᠡᠷᠡᠭᠯᠡᠳᠡᠭ ᠥᠮᠥᠳᠦ ᠶᠢ | ᠠᠷᠠᠳ ᠤᠨ ᠤᠯᠠᠮᠵᠢᠯᠠᠯ ᠢ ᠳᠠᠭᠠᠵᠤ ︽ᠲᠣᠬᠤᠢ︾ ᠬᠡᠮᠡᠬᠦ ᠬᠡᠮᠵᠢᠬᠦᠷ ᠢᠶᠠᠷ ᠲᠣᠳᠣᠷᠬᠠᠶᠢᠯᠠᠵᠤ ᠪᠢᠴᠢᠭᠰᠡᠨ ᠢ ᠦᠵᠡᠪᠡᠯ | ᠂ 20 — 40 ᠲᠣᠬᠤᠢ ᠪᠦᠰᠡ ᠪᠠᠷ᠎ᠠ ᠪᠠᠷ ᠬᠢᠬᠦ ᠪᠥᠭᠡᠳ ᠥᠮᠥᠳᠦᠨ ᠤ ᠵᠠᠬ᠎ᠠ ᠶᠢᠨ ᠲᠣᠭᠤᠷᠢᠭ ᠠᠷᠪᠠᠨ | ᠭᠤᠷᠪᠠᠨ ᠲᠣᠬᠤᠢ᠂ ᠱᠤᠭᠤᠮᠠᠭ ᠤᠨ ᠦᠵᠦᠭᠦᠷ ᠤᠨ ᠲᠣᠭᠤᠷᠢᠭ ᠳᠥᠷᠪᠡᠨ ᠲᠣᠬᠤᠢ ᠭᠡᠬᠦᠴᠢᠯᠡᠨ ᠣᠯᠠᠨ ᠬᠤᠨᠢᠶᠠᠰᠤ | ᠪᠦᠬᠦᠢ ᠱᠠᠯᠬᠠᠭᠠᠷ ᠥᠮᠥᠳᠦ ᠲᠠᠢ ᠪᠠᠶᠢᠳᠠᠭ ᠠᠵᠠᠢ᠃ ᠦᠵᠦᠮᠦᠴᠢᠨ ᠪᠥᠬᠡ ᠶᠢᠨ ᠬᠤᠪᠴᠠᠰᠤ ᠬᠡᠷᠡᠭᠯᠡᠯ ᠤᠨ ᠥᠭᠡᠷ᠎ᠡ | ᠨᠢᠭᠡ ᠣᠨᠴᠠᠯᠢᠭ ᠪᠣᠯ ︽ᠳᠤᠱᠤᠤ︾ ᠶᠤᠮ᠃ ᠳᠤᠱᠤᠤ ᠤᠯᠠᠭᠠᠨ᠂ ᠬᠥᠬᠡ ᠵᠡᠷᠭᠡ ᠲᠣᠳᠣ ᠥᠩᠭᠡ ᠶᠢᠨ | ᠲᠣᠷᠭᠠᠮᠰᠤᠭ ᠡᠳ᠋ ᠢᠶᠠᠷ ᠬᠢᠵᠦ ᠰᠦᠷᠯᠢᠭ ᠬᠦᠴᠦᠷᠬᠡᠭ ᠠᠮᠢᠲᠠᠳ ᠤᠨ ᠳᠦᠷᠰᠦ ᠬᠠᠳᠬᠤᠮᠠᠯᠯᠠᠭᠰᠠᠨ ᠪᠠᠶᠢᠬᠤ ᠪᠥᠭᠡᠳ | ᠪᠥᠬᠡ ᠶᠢᠨ ᠡᠪᠦᠳᠦᠭ ᠬᠠᠮᠠᠭᠠᠯᠠᠬᠤ ᠵᠣᠷᠢᠭᠤᠯᠤᠯᠲᠠ ᠪᠦᠬᠦᠢ ᠵᠦᠢᠯ ᠶᠤᠮ᠃ | 3. ᠣᠶᠢᠷᠠᠳ ᠣᠷᠳᠣᠰ ᠪᠥᠬᠡ᠃ ᠵᠣᠳᠤᠭ᠂ ᠱᠤᠳᠠᠭ᠂ ᠭᠤᠲᠤᠯ ᠮᠠᠯᠠᠭᠠᠢ ᠵᠡᠷᠭᠡ ᠠᠴᠠ ᠪᠦᠷᠢᠳᠦᠨ᠎ᠡ᠃ ᠣᠷᠳᠣᠰ | ᠪᠥᠬᠡ ᠬᠤᠪᠴᠠᠰᠤ ᠪᠠᠨ ᠠᠷᠠᠰᠤ᠂ ᠰᠢᠷᠢ᠂ ᠢᠰᠡᠭᠡᠢ ᠪᠠᠷ ᠬᠢᠳᠡᠭ ᠪᠠᠶᠢᠭᠰᠠᠨ ᠪᠠ ᠬᠤᠵᠢᠮ ᠨᠢ ᠲᠣᠷᠭᠠᠮᠰᠤᠭ | ᠡᠳ᠋ ᠢᠶᠠᠷ ᠬᠢᠬᠦ ᠪᠣᠯᠵᠠᠢ᠃ ᠵᠣᠳᠤᠭ ᠤᠨ ᠡᠩᠭᠡᠷ ᠵᠠᠳᠠᠭᠠᠢ᠂ ᠬᠠᠨᠴᠤᠢ ᠣᠬᠤᠷ᠂ ᠱᠤᠳᠠᠭ ︽ᠥᠮᠥᠳᠦ︾ ᠨᠢ | ᠡᠪᠦᠳᠦᠭ ᠠᠴᠠ ᠨᠢ ᠦᠯᠦ ᠬᠡᠲᠦᠷᠡᠬᠦ ᠪᠠᠶᠢᠳᠠᠯ ᠲᠠᠢ ᠬᠠᠭᠠᠰ ᠣᠬᠤᠷ ᠪᠠᠶᠢᠨ᠎ᠠ᠃ ᠵᠤᠳᠤᠭ ᠢᠶᠠᠨ ᠠᠯᠲᠠ᠂ ᠮᠥᠩᠭᠦ᠂ | ᠭᠠᠤᠯᠢ᠂ ᠵᠡᠰ ᠭᠡᠬᠦᠴᠢᠯᠡᠨ ᠦᠨᠡᠲᠦ ᠡᠳ᠋ᠯᠡᠯ ᠢᠶᠠᠷ ᠲᠣᠪᠣᠷᠤᠤ ᠬᠢᠵᠦ ᠪᠠᠬᠢᠯᠡᠵᠦ ᠴᠢᠮᠡᠨ᠎ᠡ᠃ ᠣᠷᠳᠣᠰ ᠪᠥᠬᠡ ᠶᠢᠨ | ᠮᠠᠯᠠᠭᠠᠢ ᠨᠢ ᠳᠥᠷᠪᠡᠯᠵᠢᠨ ᠬᠥᠬᠡ ᠠᠯᠴᠢᠭᠤᠷ᠂ ᠡᠰᠡᠪᠡᠯ ᠠᠷᠠᠰᠤ ᠪᠠᠷ ᠬᠢᠭᠰᠡᠨ ᠮᠣᠩᠭᠤᠯ ᠮᠠᠶ᠋ᠢᠭ ᠤᠨ ᠮᠠᠯᠠᠭᠠᠢ | ᠪᠠᠶᠢᠨ᠎ᠠ᠃ ᠪᠠᠷᠢᠯᠳᠤᠬᠤ ᠳᠤ ᠵᠣᠷᠢᠭᠤᠯᠤᠭᠰᠠᠨ ᠥᠮᠥᠳᠦ ᠪᠤᠶᠤ ᠱᠤᠳᠠᠭ ᠨᠢ ᠰᠠᠶᠢᠨ ᠡᠯᠳᠡᠵᠦ ᠵᠦᠬᠡᠯᠡᠯᠡᠭᠰᠡᠨ ᠰᠢᠷᠢ᠂ | ᠠᠷᠠᠰᠤ ᠪᠠᠷ ᠬᠢᠭᠰᠡᠨ ᠡᠪᠦᠳᠦᠭ ᠦᠯᠦ ᠬᠡᠲᠦᠷᠡᠬᠦ ᠣᠬᠤᠷ ᠥᠮᠥᠳᠦ ᠪᠠᠶᠢᠨ᠎ᠠ᠃ ᠣᠷᠳᠣᠰ ᠪᠥᠬᠡᠴᠦᠳ ᠡᠪᠦᠯ | ᠴᠠᠭ ᠲᠤ ᠰᠢᠷᠢ ᠪᠠᠷ ᠬᠢᠭᠰᠡᠨ ᠮᠣᠩᠭᠤᠯ ᠬᠡᠪ ᠤᠨ ᠭᠤᠲᠤᠯ ᠡᠮᠦᠰᠬᠦ ᠪᠠ ᠵᠤᠨ ᠪᠦᠰ ᠢ ᠱᠠᠭᠯᠠᠵᠤ ᠤᠶᠤᠭᠰᠠᠨ | ᠥᠨᠳᠥᠷ ᠲᠦᠷᠡᠢ ᠲᠠᠢ ᠱᠠᠬᠠᠢ ᠮᠠᠶ᠋ᠢᠭ ᠤᠨ ᠭᠤᠲᠤᠯ ᠡᠮᠦᠰᠴᠦ ᠪᠠᠷᠢᠯᠳᠤᠳᠠᠭ ᠠᠵᠢ᠃ | 4. ᠣᠶᠢᠷᠠᠳ / ᠰᠢᠨᠵᠢᠶᠠᠩ / ᠪᠥᠬᠡ᠃ ᠴᠡᠭᠡᠵᠢᠪᠴᠢ ᠵᠣᠳᠤᠭ ᠱᠤᠳᠠᠭ / ᠥᠮᠥᠳᠦ / ᠭᠤᠲᠤᠯ ᠵᠡᠷᠭᠡ ᠠᠴᠠ | ᠪᠦᠷᠢᠳᠦᠨ᠎ᠡ᠃ ᠴᠡᠬᠡᠵᠢᠪᠴᠢ ᠶᠢ ᠪᠤᠭᠤ ᠶᠢᠨ ᠢᠳᠡᠭᠡᠯᠡᠭᠰᠡᠨ ᠠᠷᠠᠰᠤ ᠪᠠᠷ ᠬᠢᠵᠦ᠂ ᠵᠡᠰ ᠲᠣᠪᠣᠷᠤᠤ ᠬᠠᠳᠠᠵᠤ ᠪᠠᠬᠢᠯᠡᠬᠦ | ᠪᠠ ᠠᠷᠤ ᠲᠠᠯ᠎ᠠ ᠳᠤ ᠨᠢ ︽ᠯᠤᠤ︾᠂ ︽ᠪᠠᠷᠰ︾ ᠮᠡᠲᠦ ᠬᠦᠴᠦᠳᠡᠨ ᠢ ᠬᠠᠳᠬᠤᠮᠠᠯᠯᠠᠭᠰᠠᠨ ᠪᠠᠶᠢᠨ᠎ᠠ᠃ | 5. ᠪᠠᠷᠠᠭᠤᠨ ᠮᠣᠩᠭᠤᠯ ᠤᠨ ᠪᠤᠰᠤ ᠨᠤᠤᠯᠳᠤᠭᠠᠨ ᠪᠥᠬᠡ᠃ ᠵᠥᠪᠬᠡᠨ ᠠᠷᠠᠰᠤ ᠪᠠᠷ ᠬᠢᠭᠰᠡᠨ ᠱᠠᠯᠪᠠᠷ ᠥᠮᠥᠳᠦ | ᠪᠠᠶᠢᠨ᠎ᠠ᠃ ᠱᠠᠯᠪᠠᠷ ᠤᠨ ᠠᠷᠤ ᠪᠡᠶ᠎ᠡ ᠳᠤ ᠪᠠᠲᠤ ᠪᠠᠬᠢ ᠶᠢ ᠪᠡᠯᠭᠡᠳᠡᠭᠰᠡᠨ ᠡᠪᠡᠷ ᠤᠭᠠᠯᠵᠠ ᠬᠠᠳᠠᠨ᠎ᠠ᠃ | 6. ᠮᠣᠩᠭᠤᠯ / ᠬᠠᠯᠬ᠎ᠠ / ᠪᠥᠬᠡ᠃ ᠵᠣᠳᠤᠭ᠂ ᠱᠤᠳᠠᠭ᠂ ᠭᠤᠲᠤᠯ᠂ ᠣᠶᠢᠮᠤᠰᠤ᠂ ᠨᠥᠮᠥᠷᠭᠡ᠂ ᠡᠷᠢᠶᠡᠨ | ᠪᠤᠯᠴᠢᠩ ᠪᠤᠶᠤ ᠭᠤᠲᠤᠯ ᠤᠨ ᠲᠦᠷᠡᠢ ᠶᠢᠨ ᠪᠣᠭᠤᠯᠲᠠ ᠬᠦᠯᠦᠭ ᠭᠡᠰᠡᠨ ᠳᠣᠯᠣᠭᠠᠨ ᠬᠡᠰᠡᠭ ᠠᠴᠠ ᠪᠦᠷᠢᠳᠦᠨ᠎ᠡ᠃ | ᠮᠣᠩᠭᠤᠯ ᠪᠥᠬᠡ ᠶᠢᠨ ᠬᠠᠮᠤᠭ ᠤᠨ ᠦᠵᠡᠭᠦᠰᠢᠲᠡᠢ ᠵᠦᠢᠯ ᠨᠢ ᠤᠷᠠᠨ ᠬᠤᠷᠴᠠ ᠮᠡᠭᠡ ᠶᠤᠮ᠃ ᠮᠡᠬᠡᠨ ᠤ ᠲᠠᠯ᠎ᠠ ᠪᠠᠷ | ᠡᠷᠳᠡᠮᠲᠡᠳ ᠣᠯᠠᠨ ᠶᠠᠩᠵᠤ ᠪᠠᠷ ᠪᠢᠴᠢᠳᠡᠭ ᠴᠤ ᠦᠨᠳᠦᠰᠦᠨ 45 ᠮᠡᠭᠡ ᠲᠠᠢ ᠭᠡᠵᠦ ᠦᠵᠡᠳᠡᠭ᠃ ᠬᠠᠷᠢᠨ ᠨᠠᠷᠢᠨ | ᠬᠤᠪᠢᠯᠪᠤᠷᠢ ᠶᠢᠨ ᠲᠤᠭ᠎ᠠ ᠨᠢ ᠮᠠᠰᠢ ᠣᠯᠠᠨ ᠪᠠᠶᠢᠬᠤ ᠠᠵᠢ᠃ ᠵᠠᠷᠢᠮ ᠨᠢᠭᠡ ᠪᠠᠷᠢᠮᠲᠠ ᠳᠤ 666 ᠮᠡᠭᠡ ᠲᠠᠢ ᠴᠤ | ᠭᠡᠵᠦ ᠦᠵᠡᠭᠰᠡᠨ ᠪᠠᠶᠢᠳᠠᠭ᠃ ᠮᠡᠭᠡ ᠶᠢ ᠳᠠᠩ ᠮᠡᠭᠡ᠂ ᠳᠠᠪᠬᠤᠷ ᠮᠡᠭᠡ᠂ ᠤᠭᠰᠠᠷᠠᠭ᠎ᠠ ᠮᠡᠭᠡ᠂ ᠬᠠᠷᠢᠭᠤᠯᠲᠠ ᠮᠡᠭᠡ | ᠬᠡᠮᠡᠨ ᠠᠩᠭᠢᠯᠠᠳᠠᠭ᠃ | ᠮᠣᠩᠭᠤᠯ ᠪᠥᠬᠡ ᠶᠢᠨ ᠴᠣᠯᠠ ᠶᠢ ᠴᠠᠭ ᠬᠤᠭᠤᠴᠠᠭᠠᠨ ᠤ ᠬᠤᠪᠢ ᠳᠤ ᠨᠠᠷᠢᠪᠴᠢᠯᠠᠨ ᠦᠵᠡᠪᠡᠯ 1600 ᠭᠠᠳ | ᠵᠢᠯ ᠤᠨ ᠲᠡᠦᠬᠡ ᠲᠠᠢ᠃ 11 ᠳ᠋ᠦ᠋ᠬᠡᠷ ᠵᠠᠭᠤᠨ ᠤ ᠰᠡᠭᠦᠯᠴᠢ ᠠᠴᠠ ᠡᠬᠢᠯᠡᠨ ᠪᠥᠬᠡᠴᠦᠳ ᠲᠤ ᠬᠠᠷᠴᠠᠭ᠎ᠠ᠂ ᠪᠦᠷᠭᠦᠳ᠂ | ᠭᠠᠷᠤᠳᠢ᠂ ᠱᠣᠩᠬᠤᠷ ᠵᠡᠷᠭᠡ ᠬᠦᠴᠦᠲᠦ ᠬᠢᠭᠡᠳ ᠱᠠᠯᠠᠮᠠᠭᠠᠢ ᠵᠢᠭᠦᠷᠲᠡᠨ ᠠᠮᠢᠲᠠᠨ ᠤ ᠨᠡᠷ᠎ᠡ ᠪᠠᠷ ᠴᠣᠯᠠ ᠶᠢ | ᠣᠯᠭᠤᠵᠤ ᠪᠠᠶᠢᠵᠠᠢ᠃ 12 ᠳ᠋ᠤᠭᠠᠷ ᠵᠠᠭᠤᠨ ᠤ ᠳᠤᠮᠳᠠ ᠦᠶ᠎ᠡ ᠠᠴᠠ ᠳᠤᠯᠭᠠᠳᠤ᠂ ᠰᠢᠨᠳᠠᠰᠤ ᠭᠡᠳᠡᠭ ᠴᠣᠯᠠ ᠶᠢ | ᠨᠡᠮᠡᠨ ᠣᠯᠭᠤᠵᠤ ᠪᠠᠶᠢᠭᠰᠠᠨ ᠪᠣᠯ 13 ᠳ᠋ᠤᠭᠠᠷ ᠵᠠᠭᠤᠨ ᠤ ᠳᠤᠮᠳᠠ ᠠᠴᠠ ᠣᠳᠣ ᠶᠢᠨ ᠬᠡᠷᠡᠭᠯᠡᠵᠦ ᠪᠠᠶᠢᠭ᠎ᠠ ᠨᠠᠴᠢᠨ | ᠵᠠᠭᠠᠨ᠂ ᠠᠷᠰᠯᠠᠨ ᠠᠪᠤᠷᠭᠤ ᠵᠡᠷᠭᠡ ᠴᠤᠯᠠ ᠤᠳ ᠤᠨ ᠨᠠᠭᠠᠳᠤᠮ ᠳᠤ ᠰᠢᠪᠦᠭᠡᠷᠡᠭᠰᠡᠨ ᠪᠥᠬᠡᠴᠦᠳ ᠲᠤ ᠣᠯᠭᠤᠬᠤ | ᠪᠣᠯᠵᠠᠢ᠃ ᠬᠠᠷᠢᠨ ᠮᠣᠩᠭᠤᠯ ᠪᠥᠬᠡ ᠶᠢᠨ ᠴᠣᠯᠠᠨ ᠤ ᠴᠢᠮᠡᠭ ᠨᠢ 18 ᠳ᠋ᠤᠭᠠᠷ ᠵᠠᠭᠤᠨ ᠤ ᠦᠶ᠎ᠡ ᠳᠤ ᠡᠭᠦᠰᠦᠭᠰᠡᠨ | ᠪᠥᠭᠡᠳ ᠮᠣᠩᠭᠤᠯ ᠪᠥᠬᠡ ᠶᠢᠨ ᠬᠥᠭᠵᠢᠯ ᠤᠨ ᠶᠠᠪᠤᠴᠠ ᠳᠤ ᠢᠵᠢᠯ ᠴᠤᠯᠠᠳᠠᠨ ᠨᠤᠭᠤᠳ ᠶᠡᠬᠡᠳᠡ | ᠤᠯᠠᠰᠢᠷᠠᠭᠰᠠᠨ ᠠᠴᠠ ᠲᠡᠳᠡᠭᠡᠷ ᠢ ᠬᠤᠭᠤᠷᠣᠨᠳᠤ ᠨᠢ ᠢᠯᠭᠠᠵᠤ ᠲᠤᠬᠠᠢ ᠶᠢᠨ ᠪᠥᠬᠡ ᠶᠢᠨ ᠴᠢᠨᠠᠷ ᠤᠳ ᠢ ᠨᠢ | ᠬᠠᠷᠠᠭᠠᠯᠵᠠᠨ ᠣᠯᠭᠤᠬᠤ ᠪᠣᠯᠵᠠᠢ᠃ | 2005 ᠣᠨ ᠳᠤ ᠪᠠᠲᠤᠯᠠᠭᠳᠠᠭᠰᠠᠨ ᠦᠨᠳᠦᠰᠦᠨ ᠤ ᠪᠠᠶᠠᠷ ᠨᠠᠭᠠᠳᠤᠮ ᠤᠨ ᠲᠤᠬᠠᠢ ᠬᠠᠤᠯᠢ ᠪᠠᠷ ᠳᠠᠪᠠᠭ᠎ᠠ | ᠪᠣᠯᠭᠠᠨ ᠳᠤ ᠴᠣᠯᠠ ᠣᠯᠭᠤᠭᠰᠠᠭᠠᠷ ᠮᠣᠩᠭᠤᠯ ᠪᠥᠬᠡ ᠶᠢᠨ ᠬᠠᠮᠤᠭ ᠤᠨ ᠳᠡᠭᠡᠳᠦ ᠴᠣᠯᠠ ᠳᠠᠷᠬᠠᠨ ᠠᠪᠤᠷᠭᠤ ᠴᠣᠯᠠ | ᠪᠣᠯᠣᠭᠰᠠᠨ ᠪᠢᠯᠡ᠃ | 1921 ᠣᠨ ᠠᠴᠠ ᠬᠤᠶᠢᠰᠢ ᠪᠤᠶᠤ ᠣᠷᠴᠢᠨ ᠴᠠᠭ ᠲᠤ ᠬᠠᠮᠤᠭ ᠤᠨ ᠥᠨᠳᠥᠷ ᠠᠮᠵᠢᠯᠲᠠ | ᠦᠵᠡᠭᠦᠯᠦᠭᠰᠡᠨ ᠲᠠᠮᠢᠷᠴᠢᠨ ᠪᠣᠯ ᠳᠠᠷᠬᠠᠨ ᠠᠪᠤᠷᠭᠤ ᠪᠠᠳᠮᠠᠨᠶᠠᠮᠪᠤᠤ ᠶᠢᠨ ᠪᠠᠳᠤᠡᠷᠳᠡᠨᠢ ᠪᠥᠭᠡᠳ ᠤᠯᠤᠰ ᠤᠨ ᠪᠠᠶᠠᠷ | ᠨᠠᠭᠠᠳᠤᠮ ᠳᠤ ᠨᠡᠶᠢᠲᠡ 11᠂ ᠮᠥᠨ ᠳᠠᠷᠬᠠᠨ ᠠᠪᠤᠷᠭᠤ ᠨᠤᠭᠤᠳ ᠪᠣᠯᠬᠤ ᠬᠤᠷᠯᠣ ᠶᠢᠨ ᠪᠠᠶᠠᠨᠮᠥ᠋ᠩᠬᠡ 10 | ᠲᠡᠷᠢᠭᠦᠨ᠂ ᠪᠠᠳᠮᠠᠳᠤᠷᠢᠭ ᠤᠨ ᠲᠦᠪᠲᠡᠨᠳᠣᠷᠵᠢ 7 ᠲᠡᠷᠢᠭᠦᠨ᠂ ᠵᠢᠭᠵᠢᠳ ᠤᠨ ᠮᠥᠩᠬᠡᠪᠠᠲᠤ 6 ᠲᠡᠷᠢᠭᠦᠨ᠂ | ᠳᠠᠷᠢ ᠶᠢᠨ ᠳᠠᠮᠳᠢᠨ 5 ᠲᠡᠷᠢᠭᠦᠨ᠂ ᠳᠠᠰᠢᠳᠣᠷᠵᠢ ᠶᠢᠨ ᠰᠡᠷᠡᠩᠳᠤᠭᠳᠠᠬᠤ 4 ᠲᠡᠷᠢᠭᠦᠨ ᠠᠪᠤᠭᠰᠠᠨ ᠥᠨᠳᠥᠷ | ᠠᠮᠵᠢᠯᠳᠠ ᠤᠳ ᠢ ᠦᠵᠡᠭᠦᠯᠵᠡᠢ᠃ | | |