ᠭᠠᠵᠠᠷ ᠨᠣᠳᠤᠭ ᠢᠶᠠᠨ ᠬᠠᠮᠠᠭᠠᠯᠠᠭᠰᠠᠨ ᠭᠠᠳᠠ ᠮᠡᠶᠢᠷᠡᠨ
ᠨᠡᠶᠢᠲᠡᠯᠡᠭᠰᠡᠨ ᠴᠠᠭ᠄
2018/3/29
      ᠨᠠᠯᠠᠭᠠᠷ ᠨᠠᠮᠤᠷ ᠤᠨ ᠨᠠᠪᠴᠢᠰ ᠪᠦᠵᠢᠭᠯᠡᠭᠰᠡᠨ       ᠨᠠᠰᠤᠨ ᠤ ᠨᠠᠮᠤᠷ ᠤᠨ ᠤᠳᠤᠳ ᠮᠦᠰᠢᠶᠡᠯᠵᠡᠭᠰᠡᠨ       ᠨᠤᠳᠤᠭ ᠤᠨ ᠨᠠᠮᠤᠷ ᠤᠨ ᠬᠤᠷᠢᠶᠠᠯᠳᠠ ᠬᠠᠩᠬᠢᠨᠠᠬᠰᠠᠨ       ᠨᠠᠶᠢᠷᠠᠭ ᠤᠨ ᠨᠠᠮᠤᠷ ᠤᠨ ᠰᠢᠯᠦᠭ ᠰᠤᠪᠤᠷᠠᠬᠰᠠᠨ      ᠲᠠᠷᠬᠠᠨ ᠨᠤᠳᠤᠭ ᠤᠨ ᠬᠤᠯᠠ ᠶᠢᠨ ᠲᠡᠷᠭᠡᠯ ᠬᠦᠳᠡᠭᠡ ᠪᠠᠷ ᠬᠤᠨᠤᠭ ᠠᠪᠴᠤ ᠭᠡᠳᠦᠨ ᠡᠳᠦᠷ  ᠵᠢᠭᠤᠯᠴᠢᠯᠠᠬᠤ ᠳᠠᠭᠠᠨ ᠬᠤᠷᠴᠢᠨ ᠲᠦᠮᠡᠨ ᠤ ᠪᠠᠨ ᠭᠡᠶᠢᠮᠦᠷᠢ ᠶᠢ ᠬᠤᠷᠦ᠋ᠢᠯᠠᠵᠤ᠂ ᠬᠤᠪᠳᠤᠭ ᠨᠤᠶᠠᠳ ᠤᠨ  ᠰᠦᠨᠡᠰᠤ ᠶᠢ ᠰᠠᠷᠨᠢᠭᠤᠯᠵᠤ᠂ ᠬᠤᠰᠢᠭᠤ ᠨᠤᠳᠤᠭ ᠤᠨ ᠭᠠᠵᠠᠷ ᠰᠢᠷᠤᠢ ᠶᠢ ᠬᠠᠮᠠᠭᠠᠯᠠᠵᠤ᠂ ᠬᠦᠮᠦᠨ ᠠᠷᠠᠳ ᠢᠶᠠᠨ  ᠬᠦᠷᠦᠩᠭᠡ ᠲᠠᠢ ᠤᠨᠳᠤᠷᠤᠭᠤᠯᠬᠤ ᠶᠢᠨ ᠲᠦᠯᠦᠭᠡ ᠠᠳᠠᠭᠠᠳᠠᠨ ᠲᠠᠶᠢᠰᠤᠨ ᠲᠠᠢ ᠠᠪᠤᠨ ᠲᠡᠮᠡᠴᠡᠵᠤ ᠠᠯᠳᠠᠨ ᠠᠮᠢ ᠪᠠᠨ  ᠦᠷᠡᠭᠳᠡᠬᠦᠯᠦᠭᠰᠡᠨ ᠦᠨᠳᠤᠰᠤᠳᠠᠨ ᠤ ᠪᠠᠭᠠᠳᠤᠷ ᠭᠠᠳᠠ ᠮᠡᠶᠢᠷᠡᠨ ᠤ ᠲᠤᠬᠠᠢ ᠨᠤᠳᠤᠭ ᠤᠨ ᠬᠦᠮᠦᠰ ᠠᠴᠠ  ᠰᠤᠷᠪᠤᠯᠵᠢᠯᠠᠵᠤ ᠶᠠᠪᠤᠬᠰᠠᠨ᠃       ᠤᠷᠢᠳᠤ ᠵᠦᠭ ᠠᠴᠠ ᠨᠢᠰᠤᠭᠡᠳ ᠢᠷᠡᠬᠦ       ᠤᠯᠠᠭᠠᠨ ᠭᠠᠯᠠᠭᠤᠨ ᠤ ᠵᠤᠯᠵᠠᠭ᠎ᠠ ᠡ ᠬᠦᠢ       ᠤᠷᠳᠤ ᠶᠡᠭᠡ ᠰᠢᠷᠠᠮᠦ᠋ᠷᠡᠨ ᠳᠡᠭᠡᠨ       ᠰᠠᠭᠤᠬᠤ ᠦᠭᠡᠢ ᠪᠠᠷ ᠨᠢᠰᠦᠨ᠎ᠡ ᠳ᠋ᠠ ᠬᠦᠢ       ᠤᠷᠪᠠᠭᠠᠳ ᠭᠠᠷᠤᠬᠰᠠᠨ ᠭᠠᠳᠠ ᠮᠡᠶᠢᠷᠡᠨ ᠤ       ᠤᠴᠢᠷ ᠶᠠᠪᠤᠳᠠᠯ ᠢ ᠨᠢ ᠭᠡᠯᠡᠪᠡᠯ ᠡ ᠬᠦᠢ        ᠦᠷᠭᠡᠨ ᠤᠯᠠᠨ ᠮᠤᠩᠭᠤᠯᠴᠤᠳ ᠤᠨ       ᠭᠠᠵᠠᠷ ᠰᠢᠷᠤᠢ ᠶᠢᠨ ᠲᠦᠯᠦᠭᠡ ᠶᠤᠮ ᠡ ᠬᠦᠢ ᠭᠡᠵᠤ ᠲᠠᠷᠬᠠᠨ ᠨᠤᠳᠤᠭ ᠠᠴᠠ ᠪᠦᠬᠦ ᠦᠪᠦᠷ ᠮᠤᠩᠭᠤᠯ᠂ ᠦᠪᠦᠷ ᠮᠤᠩᠭᠤᠯ ᠠᠴᠠ ᠲᠤᠮᠳᠠᠳᠤ ᠶᠢᠨ ᠪᠦᠬᠦ ᠨᠤᠳᠤᠭ  ᠲᠡᠪᠢᠰᠭᠡᠷ ᠲᠤ ᠴᠤᠤᠷᠢᠶᠠᠳᠤᠬᠰᠠᠭᠠᠷ ᠢᠷᠡᠭᠰᠡᠨ ᠡᠨᠡ ᠲᠠᠭᠤᠤ ᠶᠢ 1932 ᠤᠨ ᠳᠤ ᠮᠦᠳᠠᠨ ᠦᠪᠡᠷ ᠤᠨ ᠡᠷ᠎ᠡ  ᠨᠦᠬᠦᠷ ᠭᠠᠳᠠ ᠮᠡᠶᠢᠷᠡᠨ ᠢᠶᠠᠨ ᠦᠨᠢ ᠮᠦᠩᠭᠡ ᠲᠤᠷᠠᠰᠴᠤ ᠶᠠᠪᠤᠬᠤ ᠶᠢᠨ ᠲᠦᠯᠦᠭᠡ ᠱᠧᠪᠡᠷᠳᠤ ᠶᠢᠨ ᠰᠠᠩᠵᠠᠢ  ᠬᠤᠭᠤᠷᠴᠢ ᠳᠤ ᠪᠠᠷᠢᠴᠠ ᠡᠷᠬᠦᠵᠤ ᠵᠤᠬᠢᠶᠠᠯᠭᠠᠬᠰᠠᠨ ᠭᠡᠳᠡᠭ᠃ ᠬᠤᠵᠢᠮ ᠨᠢ ᠰᠠᠩᠵᠠᠢ ᠶᠢᠨ ᠱᠠᠪᠢ ᠬᠦᠨᠢᠶᠠᠩ  ᠵᠠᠰᠠᠪᠤᠷᠢ ᠤᠷᠤᠭᠤᠯᠤᠬᠰᠠᠨ᠂ ᠲᠠᠬᠢᠨ ᠮᠤᠳᠤᠨ ᠠᠶᠢᠯ ᠤᠨ ᠲᠢᠶᠧ ᠵᠤ᠋ ᠬᠤᠭᠤᠷᠴᠢ᠂ ᠱᠧᠪᠡᠷᠳᠤ ᠶᠢᠨ ᠵᠤᠤ ᠵᠢᠶᠠ  ᠶᠤᠤ ᠠᠶᠢᠯ ᠤᠨ ᠪᠤᠶᠠᠨ ᠡᠷᠳᠡᠨᠢ ᠬᠤᠭᠤᠷᠴᠢ ᠠᠴᠠ ᠵᠠᠰᠠᠪᠤᠷᠢ ᠤᠷᠤᠭᠤᠯᠤᠬᠰᠠᠨ ᠭᠡᠨ᠎ᠡ᠃ ᠡᠮᠡᠭᠳᠠᠢ ᠠᠶᠠᠯᠭᠤ  ᠵᠤᠬᠢᠶᠠᠬᠴᠢ ᠰᠢᠨ ᠬᠤ᠋ ᠭᠤᠸᠠᠩ ᠠᠶ᠎ᠠ ᠲᠠᠭᠠᠷᠠᠭᠤᠯᠤᠬᠰᠠᠨ ᠪᠠᠶᠢᠨ᠎ᠠ      ᠲᠠᠷᠬᠠᠨ ᠬᠤᠰᠢᠭᠤᠨ ᠤ ᠬᠤᠸᠠᠬᠤᠰᠢᠭᠤ ᠰᠤᠮᠤ ᠶᠢᠨ ᠲᠠᠪᠤᠨ ᠭᠡᠷ ᠠᠶᠢᠯ ᠤᠨ ᠡᠪᠦᠭᠡᠳ ᠨᠠᠰᠤᠳᠠᠶᠢᠴᠤᠳ ᠤᠨ  ᠭᠡᠯᠡᠬᠦ ᠪᠠᠷ ᠭᠠᠳᠠ ᠮᠡᠶᠢᠷᠡᠨ ᠪᠤᠯ ᠬᠠᠷᠠᠪᠠᠷᠰ ᠠᠭᠤᠯᠠ ᠶᠢᠨ ᠬᠤᠷᠮᠤᠢ ᠳᠠᠬᠢ ᠴᠠᠶᠢᠬ᠎ᠠ ᠶᠢᠨ ᠲᠠᠯ᠎ᠠ ᠶᠢᠨ ᠵᠠᠮ ᠤᠨ  ᠲᠤᠬᠤᠢ ᠠᠶᠢᠯ ᠤᠳᠤ ᠶᠢᠨ ᠬᠢᠷᠢᠨ ᠮᠤᠵᠢ ᠶᠢᠨ ᠱᠤᠸᠠᠩ ᠯᠢᠶᠤᠤ ᠬᠤᠳᠠ ᠶᠢᠨ ᠮᠤᠤ ᠯᠢᠨ ᠪᠠᠯᠭᠠᠰᠤᠨ ᠤ ᠳ᠋ᠦᠩ  ᠰᠢᠨ ᠳ᠋ᠢᠶᠠᠨ ᠤ ᠴᠢᠨᠡᠭᠡᠯᠢᠭ ᠲᠠᠷᠢᠶᠠᠴᠢᠨ ᠢᠳᠡᠷ ᠠᠷᠰᠯᠠᠨ ᠪᠤᠯᠤᠨ ᠶᠢᠨ ᠮᠸᠢ ᠶᠢᠨ ᠤᠳᠬᠤᠨ ᠬᠦᠪᠡᠬᠦᠨ ᠨᠢ ᠪᠤᠯᠵᠤ  1893 ᠤᠨ ᠳᠤ ᠵᠠᠶᠠᠭᠠᠵᠠᠢ᠃     ᠭᠠᠳᠠ ᠮᠡᠶᠢᠷᠡᠨ ᠮᠦᠯᠳᠡᠳᠤ ᠤᠪᠤᠬᠳᠠᠢ᠃ ᠬᠢᠳᠠᠳ ᠢᠶᠠᠷ ᠮᠧᠩ ᠭᠡᠳᠡᠭ᠃ ᠡᠪᠦᠭᠡ ᠲᠡᠭᠡᠳᠤᠰ ᠤᠨ ᠬᠢᠨᠢ  ᠦᠶ᠎ᠡ ᠳᠤ ᠴᠢᠨᠡᠭᠡᠯᠢᠭ ᠪᠠᠶᠠᠨ ᠪᠠᠶᠢᠬᠰᠠᠨ ᠠᠴᠠ ᠪᠠᠨ ᠡᠴᠢᠭᠡ ᠢᠳᠡᠷ ᠠᠷᠰᠯᠠᠨ ᠪᠤᠯᠤᠨ ᠠᠪᠠᠭ᠎ᠠ ᠰᠠᠶᠢᠨᠪᠦᠶᠠᠨ ᠤ  ᠦᠶ᠎ᠡ ᠳᠤ ᠬᠦᠷᠴᠤ ᠢᠷᠡᠭᠡᠳ ᠬᠠᠷ᠎ᠠ ᠲᠠᠮᠠᠬᠢ ᠲᠠᠳᠠᠬᠰᠠᠨ ᠠᠴᠠ ᠠᠮᠢᠳᠤᠷᠠᠯ ᠨᠢ ᠲᠤᠷᠦ᠋ᠢᠳᠠᠵᠠᠢ᠃ ᠢᠳᠡᠷ ᠠᠷᠰᠯᠠᠨ  ᠲᠦᠷᠪᠡᠨ ᠬᠦᠤ ᠲᠠᠢ᠃ ᠶᠡᠭᠡ ᠬᠦᠤ ᠨᠢ ᠲᠠᠷᠵᠢ ᠭᠡᠵᠤ ᠭᠡᠦᠭᠡᠳ ᠦᠭᠡᠢ᠂ ᠬᠤᠶᠠᠳᠤᠭᠠᠷ ᠬᠦᠤ ᠵᠤᠷᠤᠯᠠᠮ᠎ᠠ ᠨᠢ  ᠬᠤᠶᠠᠷ ᠡᠭᠡᠨᠡᠷ ᠠᠪᠴᠠᠢ᠃ ᠮᠤᠩᠭᠤᠯ ᠡᠭᠡᠨᠡᠷ ᠠᠴᠠ ᠨᠢ ᠪᠠᠭ᠎ᠠ ᠲᠡᠬᠦᠤ᠂ ᠪᠠᠶᠠᠰᠬᠤᠯᠠᠩ᠂ ᠠᠮᠤᠷᠯᠢᠩᠭᠤᠢ ᠭᠡᠬᠦ  ᠭᠤᠷᠪᠠᠨ ᠬᠦᠤ ᠲᠠᠢ᠂ ᠬᠢᠳᠠᠳ ᠡᠭᠡᠨᠡᠷ ᠠᠴᠠ ᠨᠢ ᠮᠧᠩ ᠪᠤᠤ ᠡᠧ᠂ ᠮᠧᠩ ᠪᠤᠤ ᠵᠢᠢ ᠭᠡᠬᠦ ᠬᠤᠶᠠᠷ ᠦᠭᠢᠨ ᠪᠠ  ᠮᠧᠩ ᠪᠤᠤ ᠰᠢᠶᠠᠩ ᠭᠡᠬᠦ‍ ᠨᠢᠭᠡ ᠬᠦᠤ ᠲᠠᠢ᠂ ᠭᠤᠷᠪᠠᠳᠤᠭᠠᠷ ᠬᠦᠤ ᠠᠯᠮᠠᠰ ᠠᠴᠠ ᠭᠤᠷᠪᠠᠨ ᠦᠬᠢᠨ ᠲᠠᠢ᠂  ᠲᠦᠷᠪᠡᠳᠦᠭᠡᠷ ᠬᠦᠤ ᠨᠠᠳᠮᠢᠳ ᠲᠠᠷᠤᠢ ᠭᠠᠳᠠ ᠮᠡᠶᠢᠷᠡᠨ᠂ ᠬᠢᠳᠠᠳ ᠨᠡᠷ᠎ᠡ ᠨᠢ ᠮᠧᠩ ᠶᠧᠰᠢ᠂ ᠮᠧᠩ ᠴᠢᠩ ᠱᠠᠨ  ᠭᠡᠵᠤ ᠬᠤᠶᠠᠷ ᠡᠭᠡᠨᠡᠷ ᠠᠪᠴᠠᠢ᠃ 1916 ᠤᠨ ᠳᠤ ᠪᠠᠷᠠᠭᠤᠨ ᠶᠢᠰᠦᠨ ᠭᠡᠷ ᠤᠨ ᠲᠠᠶᠢᠵᠢ ᠶᠢᠨ ᠦᠬᠢᠨ ᠦᠷ ᠤᠨ  ᠵᠤᠯᠠ ᠲᠠᠢ ᠬᠤᠷᠢᠮᠯᠠᠵᠤ᠂ 1922 ᠤᠨ ᠳᠤ ᠦᠷ ᠤᠨ ᠵᠤᠯᠠ ᠪᠡᠷᠭᠡ ᠬᠦᠩᠭᠡᠵᠢᠯᠳᠠ ᠠᠴᠠ ᠪᠤᠯᠵᠤ ᠨᠠᠰᠤ ᠪᠠᠷᠠᠪᠠ᠃ 1924 ᠤᠨ ᠳᠤ ᠵᠡᠬᠦᠨ ᠬᠤᠳᠠᠨ ᠲᠠᠯ᠎ᠠ ᠶᠢᠨ ᠲᠠᠶᠢᠵᠢ ᠷᠢᠨᠴᠢᠨ ᠳ᠋ᠠ ᠶᠢᠨ ᠦᠬᠢᠨ ᠮᠦᠳᠡᠨ ᠲᠠᠢ ᠬᠤᠷᠢᠮᠯᠠᠵᠤ᠂  1925 ᠤᠨ ᠳᠤ ᠨᠢᠭᠡᠨ ᠦᠬᠢᠨ ᠲᠠᠢ ᠪᠤᠯᠵᠤ᠂ ᠲᠢᠶᠠᠨ ᠵᠢᠢ ᠯᠢᠶᠠᠩ ᠭᠡᠵᠤ ᠨᠡᠷᠡᠯᠡᠨ᠂ 1929 ᠤᠨ ᠳᠤ  ᠡᠪᠡᠳᠴᠢᠨ ᠢᠶᠠᠷ ᠦᠬᠦᠪᠡ᠃ 1930 ᠤᠨ ᠳᠤ ᠨᠢᠭᠡ ᠬᠦᠤ ᠲᠠᠢ ᠪᠤᠯᠤᠭᠠᠳ ᠰᠠᠷ᠎ᠠ ᠲᠦᠬᠦᠷᠦᠭᠰᠡᠨ ᠦᠭᠡᠢ ᠪᠠᠷ  ᠦᠬᠦᠪᠡ᠃ ᠮᠦᠳᠠᠨ ᠨᠢᠭᠡ ᠬᠦᠤ ᠠᠮᠤᠷᠯᠢᠩᠭᠤᠢ᠂ ᠨᠢᠭᠡ ᠦᠬᠢᠨ ᠶᠠᠲᠸᠤ ᠶᠢ ᠦᠷᠡᠴᠢᠯᠠᠵᠠᠢ᠃     ᠲᠠᠷᠬᠠᠨ ᠬᠤᠰᠢᠭᠤ ᠲᠠᠶᠠᠭᠠᠷ ᠠᠳᠠᠷ ᠲᠠᠯᠪᠢᠬᠤ ᠦᠢᠮᠡᠭᠡᠨ ᠲᠡᠭᠳᠡᠵᠤ ᠬᠦᠮᠦᠨ ᠠᠷᠠᠳ ᠨᠢ ᠬᠦᠯ  ᠲᠤᠬᠳᠠᠬᠤ ᠶᠢᠨ ᠠᠷᠭ᠎ᠠ ᠦᠭᠡᠢ ᠪᠤᠯᠬᠤ ᠳᠠᠭᠠᠨ ᠪᠠᠷᠠᠭᠤᠨᠰᠢ ᠨᠡᠬᠦᠳᠡᠯᠯᠡᠪᠡ᠃ ᠭᠠᠳᠠ ᠮᠡᠶᠢᠷᠡᠨ ᠤ ᠬᠢᠨ ᠴᠦ ᠮᠠᠨᠳᠠᠷᠬ᠎ᠠ  ᠠᠶᠢᠯ᠂ ᠶᠢᠰᠦᠨ ᠭᠡᠷ᠂ ᠤᠷᠤᠢ ᠮᠤᠳᠤᠨ ᠠᠶᠢᠯ᠂ ᠲᠠᠮᠤ ᠵᠠᠯᠠᠨ ᠠᠶᠢᠯ ᠢᠶᠠᠷ ᠨᠤᠳᠤᠬᠯᠠᠵᠤ ᠦᠩᠭᠡᠷᠡᠪᠡ᠃    ᠭᠠᠳᠠ ᠮᠡᠶᠢᠷᠡᠨ ᠬᠠᠷᠠᠬᠠᠨ ᠪᠠᠭ᠎ᠠ ᠠᠴᠠ ᠪᠠᠨ ᠬᠤᠷᠴᠠ ᠰᠡᠷᠬᠦᠯᠡᠩ᠂ ᠰᠦᠰᠦ ᠵᠤᠷᠢᠬᠳᠠᠢ᠂ ᠴᠢᠷᠮᠠᠶᠢᠯᠳᠠ  ᠰᠠᠶᠢᠳᠠᠢ ᠭᠡᠦᠭᠡᠳ ᠪᠤᠯᠬᠤ ᠶᠢ ᠬᠦᠷᠭᠡᠨ ᠠᠬ᠎ᠠ ᠨᠢ ᠲᠠᠷᠢ ᠮᠡᠶᠢᠷᠡᠨ ᠦᠵᠡᠵᠤ ᠭᠠᠷᠤᠭᠠᠳ ᠬᠠᠪᠤᠩ ᠨᠤᠶᠠᠨ ᠳᠤ  ᠭᠤᠴᠤᠭ ᠱᠠᠪᠢ ᠪᠠᠷ ᠦᠭᠴᠤ ᠮᠤᠩᠭᠤᠯ ᠬᠢᠳᠠᠳ ᠪᠢᠴᠢᠭ ᠢ ᠨᠡᠪᠳᠡᠷᠭᠡᠢ ᠰᠠᠶᠢᠨ ᠡᠵᠡᠮᠰᠢᠬᠦᠯᠵᠠᠢ᠃ ᠬᠦᠷᠭᠡᠨ  ᠠᠬ᠎ᠠ ᠶᠢᠨ ᠲᠠᠨᠢᠯᠴᠠᠭᠤᠯᠭ᠎ᠠ ᠪᠠᠷ ᠭᠠᠳᠠ ᠮᠡᠶᠢᠷᠡᠨ ᠬᠤᠰᠢᠭᠤᠨ ᠤ ᠠᠯᠳᠠᠷᠴᠤᠬᠳᠤ ᠮᠡᠶᠢᠷᠡᠨ ᠳᠤ ᠲᠤᠭᠤᠬᠳᠠᠵᠤ  ᠡᠷᠬᠦᠭᠳᠡᠨ ᠮᠡᠶᠢᠷᠡᠨ ᠵᠡᠷᠭᠡ ᠶᠢ ᠨᠢ ᠵᠠᠯᠭᠠᠮᠵᠢᠯᠠᠵᠠᠢ᠃ ᠲᠠᠮᠡᠢ ᠤᠳᠠᠬᠰᠠᠨ ᠦᠭᠡᠢ ᠶᠤᠯᠤᠮᠤᠳᠤ ᠶᠢᠨ ᠵᠡᠬᠦᠨᠳᠠᠢ ᠬᠠᠷᠠᠴᠤ  ᠠᠷᠠᠳ ᠲᠤᠷᠵᠢ ᠶᠢᠨ ᠬᠠᠳᠤᠯᠠᠩ ᠤᠨ ᠪᠡᠯᠴᠢᠭᠡᠷ ᠢ ᠸᠠᠩ ᠤᠨ ᠠᠪᠠᠭ᠎ᠠ ᠰᠠᠶᠢᠰᠢᠩᠭ᠎ᠠ ᠪᠤᠯᠢᠶᠠᠬᠰᠠᠨ ᠳᠤ ᠭᠠᠳᠠ  ᠮᠡᠶᠢᠷᠡᠨ ᠠᠭᠤᠷᠯᠠᠨ ᠫᠤᠤ ᠭᠠᠷᠭᠠᠵᠤ ᠫᠤᠤᠳᠠᠬᠰᠠᠨ᠂ ᠴᠠᠶᠢᠳᠤᠷ ᠬᠦᠩ ᠤᠨ ᠲᠡᠬᠦᠤ ᠨᠠᠮᠠᠬᠠᠢ ᠳ᠋ᠠ ᠯᠠᠮᠠ ᠬᠠᠷᠠᠴᠤ  ᠠᠷᠠᠳ ᠭᠧᠪᠡᠷᠠᠰᠢ ᠶᠢᠨ ᠬᠠᠳᠤᠬᠰᠠᠨ ᠡᠪᠡᠰᠤ ᠶᠢ ᠪᠤᠯᠢᠶᠠᠬᠰᠠᠨ ᠢ ᠰᠢᠳᠭᠡᠭᠰᠡᠨ᠂ ᠮᠤᠳᠤᠨ ᠲᠡᠭᠡᠷ᠎ᠡ ᠲᠡᠬᠦᠵᠢᠯᠡᠵᠤ  ᠪᠤᠭᠤᠵᠤ ᠦᠬᠦᠬᠦ ᠭᠡᠵᠤ ᠪᠠᠶᠢᠬᠰᠠᠨ ᠺᠦᠩ ᠰᠢᠶᠠᠩ ᠢ ᠲᠤᠰᠠᠯᠠᠵᠤ ︽ᠬᠤᠶᠢᠱᠠ︾ ᠴᠡᠷᠢᠭ ᠢ ᠬᠦᠭᠡᠭᠡᠭᠰᠡᠨ᠂ ᠴᠡᠷᠢᠭ  ᠲᠡᠵᠢᠭᠡᠵᠤ ᠪᠠᠶᠢᠬᠰᠠᠨ ᠪᠠᠭᠠᠷᠢᠨ ᠲᠠᠷᠢᠶᠠᠨ ᠤ ᠠᠳᠠᠷ ᠤᠨ ᠵᠢᠷᠠᠨ ᠹᠠᠩ ᠤᠨ ᠭᠠᠵᠠᠷ ᠢ ᠹᠦᠵᠢᠨ ᠭᠤᠷᠢᠯᠠᠬᠰᠠᠨ ᠳᠤ  ᠰᠠᠨᠠᠭ᠎ᠠ ᠶᠢ ᠨᠢ ᠲᠠᠰᠤᠯᠤᠬᠰᠠᠨ᠂ ᠲᠠᠷᠢᠶᠠᠴᠢᠨ ᠠᠷᠠᠳ ᠸᠠᠩ ᠴᠦᠨ ᠤ ᠪᠤᠷᠳᠤᠭᠠᠨ ᠭᠠᠭ᠋ᠠᠢ ᠶᠢ ︽ᠬᠤᠶᠢᠱᠠ︾  ᠴᠡᠷᠢᠭ ᠫᠤᠤᠳᠠᠵᠤ ᠠᠯᠠᠭᠠᠳ ᠠᠪᠤᠭᠠᠳ ᠶᠠᠪᠤᠬᠰᠠᠨ᠂ ᠲᠠᠷᠬᠠᠨ ᠸᠠᠩ ᠤᠨ ᠡᠭᠡᠨᠡᠷ ᠨᠢ ᠦᠬᠦᠭᠰᠡᠨ ᠳᠤ ᠵᠠᠩ ᠽᠦᠸᠧ  ᠯᠢᠨ ᠵᠠᠪᠰᠢᠶᠠᠨ ᠢ ᠲᠠᠯᠢᠮᠳᠠᠭᠤᠯᠤᠨ ᠮᠠᠨᠵᠤ ᠦᠬᠢᠨ ᠵᠤ᠋ ᠪᠦᠸᠧ ᠷᠥ᠋ ᠶᠢ ᠬᠠᠳᠤᠨ ᠪᠤᠯᠭᠠᠨ ᠦᠭᠴᠤ ᠭᠤᠶᠤ ᠰᠠᠶᠢᠬᠠᠨ  ᠤᠷᠳᠤ ᠬᠠᠷᠰᠢ ᠪᠠᠶᠢᠭᠤᠯᠵᠤ ᠦᠭᠬᠦᠭᠡᠳ ᠲᠠᠷᠬᠠᠨ ᠬᠤᠰᠢᠭᠤᠨ ᠤ ᠭᠠᠵᠠᠷ ᠢ ᠠᠳᠠᠷ ᠲᠠᠯᠪᠢᠭᠤᠯᠤᠨ ᠲᠠᠷᠬᠠᠨ  ᠮᠤᠩᠭᠤᠯᠴᠤᠳ ᠢ ᠠᠮᠢᠳᠤᠷᠠᠬᠤ ᠶᠢᠨ ᠠᠷᠭ᠎ᠠ ᠦᠭᠡᠢ ᠮᠤᠬᠤᠷᠳᠠᠯ ᠤᠨ ᠵᠠᠮ ᠳᠤ ᠤᠷᠤᠭᠤᠯᠤᠬᠰᠠᠨ ᠲᠤᠯᠠ ᠭᠠᠳᠠ  ᠮᠡᠶᠢᠷᠡᠨ᠂ ᠬᠠᠨ ᠰᠡᠩᠭᠡᠭᠠᠷᠪᠤ᠂ ᠵᠤᠤ ᠰᠸᠧᠠᠩ᠂ ᠵᠠᠩ ᠰᠡᠷᠡᠩᠨᠢᠮ᠎ᠠ ᠨᠠᠷ ᠲᠠᠢ ︽ᠵᠢᠷᠠᠨ ᠡᠪᠦᠭᠡᠨ︾᠎ ᠤ ᠪᠦᠯᠬᠦᠮ ᠢ  ᠵᠤᠬᠢᠶᠠᠨ ᠪᠠᠶᠢᠭᠤᠯᠵᠤ ︽ᠲᠦᠮᠡᠨ ᠬᠦᠮᠦᠨ ᠤ ᠨᠡᠷ᠎ᠡ ᠲᠠᠢ ᠲᠦᠬᠦᠷᠢᠭ ᠪᠢᠴᠢᠭ︾᠎ ᠢ ᠲᠡᠪᠡᠷᠢᠨ ᠮᠦᠭᠳᠡᠨ ᠳᠤ  ᠵᠠᠭᠠᠯᠳᠤᠬᠰᠠᠨ ᠳᠤ ᠬᠠᠷ᠎ᠠ ᠴᠠᠭᠠᠨ ᠢ ᠢᠯᠭᠠᠬᠤ ᠦᠭᠡᠢ ᠵᠦᠪ ᠪᠤᠷᠤᠭᠤ ᠶᠢ ᠴᠠᠭᠠᠳᠬᠠᠬᠤ ᠦᠭᠡᠢ ᠬᠠᠷᠢᠨ ᠵᠠᠭᠠᠯᠳᠤᠷ᠎ᠠ  ᠢᠷᠡᠭᠰᠡᠳ ᠢ ᠬᠢᠨᠳᠠᠨ ᠳᠤ ᠬᠤᠷᠢᠪᠠ᠃      ᠮᠦᠭᠳᠡᠨ ᠠᠴᠠ ᠲᠠᠷᠬᠠᠨ ᠬᠤᠰᠢᠭᠤᠨ ᠤ ᠬᠢᠨᠳᠠᠨ ᠳᠤ ᠬᠦᠷᠭᠡᠵᠤ ᠢᠷᠡᠭᠡᠳ ᠠᠯᠠᠬᠤ ᠪᠠᠷ ᠲᠦᠯᠦᠪᠯᠡᠵᠤ  ᠪᠠᠶᠢᠬᠤ ᠶᠢ ᠭᠠᠳᠠ ᠮᠡᠶᠢᠷᠡᠨ ᠤ ᠬᠠᠳᠤᠨ ᠮᠦᠳᠠᠨ ᠮᠡᠳᠡᠮᠡᠭᠴᠡ 1929 ᠤᠨ ᠤ ᠪᠢᠯᠢᠭ ᠤᠨ ᠤᠯᠠᠷᠢᠯ ᠤᠨ 11  ᠰᠠᠷ᠎ᠠ ᠶᠢᠨ 13᠎ ᠤ ᠰᠦᠨᠢ ᠶᠢᠨ 2 ᠴᠠᠭ ᠤᠨ ᠦᠶ᠎ᠡ ᠪᠠᠷ ᠠᠮᠤᠷᠯᠢᠩᠭᠤᠢ᠂ ᠲᠤᠩᠷᠤᠪ᠂ ᠨᠤᠷᠪᠤ᠂ ᠡᠩᠭᠡᠪᠡᠶᠠᠷ᠂ ᠵᠤᠤ  ᠷᠠᠰᠢ᠂ ᠭᠠᠶ᠋ᠨ᠂ ᠰᠡᠷᠡᠩᠭᠡ ᠨᠠᠷ ᠢ ᠲᠠᠭᠠᠭᠤᠯᠤᠨ ᠪᠢᠴᠢᠭ ᠤᠨ ᠭᠡᠷ ᠤᠨ ᠬᠢᠨᠳᠠᠨ ᠢ ᠡᠪᠳᠡᠵᠤ ᠭᠠᠳᠠ ᠮᠡᠶᠢᠷᠡᠨ ᠢ  ᠭᠠᠷᠭᠠᠨ ᠠᠪᠴᠤ ᠱᠧᠪᠡᠷᠳᠤ ᠶᠢᠨ ᠪᠠᠷᠠᠭᠤᠨ ᠬᠤᠶᠢᠨ᠎ᠠ ᠵᠦᠭ ᠪᠤᠷᠤᠭᠤᠯᠠᠨ ᠲᠤᠳᠠᠭᠠᠪᠠ᠃ ᠲᠡᠭᠡᠭᠡᠳ ᠲᠡᠳᠡ  ᠪᠤᠰᠤᠯᠭ᠎ᠠ ᠭᠠᠷᠭᠠᠨ ᠦᠷᠭᠡᠨ ᠤᠯᠠᠨ ᠲᠠᠷᠤᠯᠠᠬᠳᠠᠬᠰᠠᠳ ᠤᠨ ᠦᠰᠢᠶ᠎ᠡ ᠶᠢ ᠨᠢ ᠠᠪᠴᠤ ᠦᠨᠡᠨ ᠴᠠᠭᠠᠨ ᠢ ᠨᠢ ᠢᠯᠭᠠᠨ  ᠦᠭᠴᠤ ᠬᠠᠷᠬᠢᠰ ᠭᠡᠷᠴᠡᠭᠡᠢ ᠨᠤᠶᠠᠳ ᠲᠦᠰᠢᠮᠡᠳ ᠢ ᠰᠢᠳᠭᠡᠨ᠂ ᠶᠠᠳᠠᠭᠤᠴᠤᠳ ᠤᠨ ᠦᠬᠢᠳ ᠡᠮᠡᠰ ᠤᠳ ᠢ  ᠲᠠᠷᠤᠯᠠᠬᠰᠠᠳ ᠢ ᠫᠤᠤᠳᠠᠨ ᠠᠯᠠᠵᠤ᠂ ᠭᠠᠵᠠᠷ ᠲᠠᠷᠢᠶ᠎ᠠ ᠶᠢ ᠲᠡᠭᠡᠰᠦᠯᠡᠬᠦ ᠪᠠᠷ ᠢᠷᠡᠭᠰᠡᠳ ᠢ ᠴᠢᠩᠭ᠎ᠠ ᠰᠢᠳᠭᠡᠨ  ᠶᠠᠪᠤᠬᠰᠠᠨ ᠠᠴᠠ ᠤᠯᠠᠨ ᠲᠦᠮᠡᠨ ᠤ ᠢᠳᠡᠭᠡᠯ ᠬᠦᠨᠳᠤ ᠶᠢ ᠤᠯᠤᠬᠰᠠᠨ ᠪᠠᠶᠢᠨ᠎ᠠ᠃ ᠪᠤᠰᠤᠯᠭ᠎ᠠ ᠶᠢᠨ ᠡᠩᠨᠡᠭᠡ ᠨᠢ  ᠪᠤᠵᠠᠭᠠᠶᠢᠷᠠᠨ 1400 ᠭᠠᠷᠤᠢ ᠬᠦᠮᠦᠨ ᠲᠠᠢ ᠪᠤᠯᠤᠬᠰᠠᠨ ᠪᠠᠶᠢᠨ᠎ᠠ᠃ ᠪᠤᠰᠤᠯᠭ᠎ᠠ ᠶᠢᠨ ᠤᠳᠤᠷᠢᠳᠤᠬᠴᠢ ᠭᠠᠳᠠ  ᠮᠡᠶᠢᠷᠡᠨ᠂ ᠭᠤᠮᠪᠤ ᠳ᠋ᠠ᠂ ᠪᠠᠢ ᠯᠦᠩ᠂ ᠬᠤᠩ ᠱᠦᠨ ᠨᠠᠷ ᠤᠨ ᠵᠤᠬᠢᠶᠠᠨ ᠪᠠᠶᠢᠭᠤᠯᠤᠬᠰᠠᠨ ᠪᠤᠰᠤᠯᠭ᠎ᠠ ᠶᠢᠨ ᠴᠡᠷᠢᠭ  ᠢᠷᠭᠡᠨ ᠤ ᠵᠠᠰᠠᠭ ᠤᠨ ᠴᠡᠷᠢᠭ ᠲᠠᠢ ᠱᠧᠪᠡᠷᠳᠤ ᠶᠢᠨ ᠲᠠᠶᠢᠨ ᠬᠤᠸᠠᠳᠤᠭᠤᠯ ᠤᠨ ᠲᠠᠶᠢᠨ᠂ ᠵᠠᠮᠳᠤ ᠶᠢᠨ ᠲᠠᠶᠢᠨ᠂  ᠤᠯᠠᠭᠠᠨᠬᠤᠳᠠ ᠶᠢᠨ ᠲᠠᠶᠢᠨ ᠳᠤ ᠬᠠᠭᠤᠴᠢᠨ ᠸᠠᠩ ᠬᠦᠩ ᠤᠨ ᠰᠦᠰᠦ ᠶᠢ ᠨᠢ ᠭᠡᠮᠭᠡᠷᠡᠬᠦᠯᠵᠤ ᠶᠠᠪᠤᠬᠰᠠᠨ᠃   ᠠᠷᠭ᠎ᠠ ᠪᠠᠨ ᠪᠠᠷᠠᠬᠰᠠᠨ ᠤᠷᠤᠨ ᠨᠤᠳᠤᠭ ᠤᠨ ᠵᠠᠰᠠᠭ ᠤᠨ ᠤᠷᠳᠤᠨ ᠠᠴᠠ ᠵᠡᠬᠦᠨ ᠬᠤᠶᠢᠳᠤ ᠶᠢᠨ ᠴᠡᠷᠢᠭ  ᠵᠠᠰᠠᠭ ᠤᠨ ᠡᠷᠭᠡᠳᠡᠨ ᠵᠠᠩ ᠰᠢᠤᠸᠠᠢ ᠯᠢᠶᠠᠩ ᠠᠴᠠ ᠲᠤᠰᠠᠯᠠᠮᠵᠢ ᠭᠤᠶᠤᠬᠰᠠᠨ ᠳᠤ ᠵᠠᠩ ᠰᠢᠤᠸᠠᠢ ᠯᠢᠶᠠᠩ ᠺᠠᠶᠢᠯᠤ ᠳᠤ  ᠰᠠᠭᠤᠭ᠎ᠠ ᠼᠦᠢ ᠰᠢᠩ ᠡᠤ ᠶᠢᠨ 17 ᠳ᠋ᠤᠭᠠᠷ ᠯᠢᠦᠢ ᠶᠢᠨ 34 ᠳ᠋ᠦ᠋ᠭᠡᠷ ᠬᠤᠷᠢᠶ᠎ᠠ ᠶᠢᠨ ᠯᠢ ᠱᠸᠤ ᠰᠢᠨ ᠤ  ᠬᠤᠷᠢᠶ᠎ᠠ ᠳᠤ ᠨᠠᠶᠢᠳᠠᠬᠰᠠᠨ ᠪᠠᠶᠢᠳᠠᠭ᠃ ᠯᠢ ᠱᠸᠤ ᠰᠢᠨ ᠤ ᠵᠢᠯᠤᠭᠤᠳᠤᠬᠰᠠᠨ ᠴᠡᠷᠢᠭ ᠨᠢ ᠬᠦᠮᠦᠨ ᠤᠯᠠᠨ ᠬᠦᠴᠤ  ᠶᠡᠭᠡ ᠮᠦᠷᠳᠡᠭᠡᠨ ᠲᠡᠭᠡᠷ᠎ᠡ ᠪᠠᠨ ᠪᠠᠰᠠ ᠲᠤᠰᠠᠯᠠᠬᠤ ᠴᠡᠷᠢᠭ ᠲᠠᠢ ᠪᠠᠶᠢᠳᠠᠭ᠃ ᠭᠠᠳᠠ ᠮᠡᠶᠢᠷᠡᠨ ᠤ ᠴᠡᠷᠢᠭ ᠨᠢ ᠵᠦᠪᠭᠡᠨ  ᠦᠭᠡᠶᠢᠬᠦᠤ ᠶᠠᠳᠠᠭᠤ ᠠᠷᠠᠳ ᠲᠦᠮᠡᠨ ᠠᠴᠠ ᠯᠡ ᠲᠤᠰᠠᠯᠠᠮᠵᠢ ᠤᠯᠳᠠᠭ ᠤᠴᠢᠷ ᠦᠨᠳᠡᠭᠡ ᠪᠠᠷ ᠬᠠᠳᠠ ᠶᠢ  ᠴᠤᠬᠢᠬᠰᠠᠨ ᠲᠠᠢ ᠠᠳᠠᠯᠢ ᠪᠠᠶᠢᠳᠠᠭ᠃ ᠭᠠᠳᠠ ᠮᠡᠶᠢᠷᠡᠨ ᠤ ᠪᠤᠰᠤᠯᠭ᠎ᠠ ᠶᠢᠨ ᠴᠡᠷᠢᠭ ᠢ ᠲᠦᠰᠢᠶᠡᠳᠤ ᠬᠤᠰᠢᠭᠤᠨ ᠤ  ᠲᠦᠯᠢᠶᠡᠮᠤᠳᠤ ᠶᠢᠨ ᠬᠠᠪᠴᠢᠯ ᠳᠤ ᠪᠦᠭᠬᠦᠨ ᠴᠤᠬᠢᠵᠤ ᠶᠡᠭᠡ ᠭᠡᠮᠵᠢᠶ᠎ᠡ ᠪᠠᠷ ᠠᠯᠠᠵᠤ ᠰᠢᠷᠬᠠᠳᠤᠭᠤᠯᠤᠬᠰᠠᠨ ᠠᠴᠠ  ᠭᠠᠳᠠ ᠮᠡᠶᠢᠷᠡᠨ ᠤ ᠴᠡᠷᠢᠭ ᠪᠠᠷᠠᠭᠤᠨᠰᠢ ᠪᠠᠨ ᠯᠢᠨᠳᠦ᠋ᠩ᠂ ᠦᠵᠦᠮᠦᠴᠢᠨ ᠬᠦᠷᠦᠭᠡᠳ ᠲᠠᠬᠢᠨ ᠲᠠᠷᠬᠠᠨ ᠬᠤᠰᠢᠭᠤᠨ ᠤ  ᠬᠢᠯᠢ ᠳᠡᠭᠡᠨ ᠤᠬᠤᠷᠢᠨ ᠤᠷᠤᠵᠤ ᠢᠷᠡᠭᠡᠳ ᠯᠢ ᠱᠸᠤ ᠰᠢᠨ ᠤ ᠲᠤᠰᠠᠭᠠᠷ ᠬᠤᠷᠢᠶ᠎ᠠ ᠲᠠᠢ ᠠᠰ ᠲᠤᠯᠤᠨ ᠠᠪᠤᠨ  ᠬᠠᠷᠢᠭᠤᠴᠠᠬᠰᠠᠨ ᠪᠠᠶᠢᠨ᠎ᠠ᠃     ᠯᠢ ᠱᠸᠤ ᠰᠢᠨ ᠤ ᠲᠤᠰᠠᠭᠠᠷ ᠬᠤᠷᠢᠶ᠎ᠠ ᠴᠡᠷᠢᠭ ᠭᠠᠳᠠ ᠮᠡᠶᠢᠷᠡᠨ ᠤ ᠪᠤᠰᠤᠯᠭ᠎ᠠ ᠶᠢᠨ ᠴᠡᠷᠢᠭ ᠢ ᠠᠯᠠᠬᠰᠠᠭᠠᠷ  ᠭᠤᠴᠢ ᠭᠠᠷᠦ᠋ᠢᠬᠠᠨ ᠬᠦᠮᠦᠨ ᠦᠯᠡᠳᠡᠵᠤ ᠱᠧᠪᠡᠷᠳᠤ ᠶᠢᠨ ᠬᠤᠩᠭᠤᠷ ᠤᠨ ᠤᠪᠤᠭ᠎ᠠ ᠤᠯᠤᠮ ᠳᠤ ᠪᠦᠰᠡᠯᠡᠨ  ᠴᠤᠬᠢᠬᠰᠠᠨ ᠳ᠋ᠠᠭ᠃     ᠪᠤᠰᠤᠯᠭ᠎ᠠ ᠶᠢᠨ ᠴᠡᠷᠢᠭ ᠤᠳ ᠢᠶᠠᠨ ᠭᠠᠳᠠ ᠮᠡᠶᠢᠷᠡᠨ ᠤᠷᠢᠳᠠᠪᠠᠷ ᠭᠠᠷᠭᠠᠵᠤ ᠬᠠᠮᠤᠭ ᠤᠨ ᠰᠡᠬᠦᠯ ᠳᠤᠨᠢ ᠮᠤᠷᠢ  ᠲᠤᠪᠳᠤᠯᠭᠠᠨ ᠭᠠᠷᠬᠤ ᠭᠡᠳᠡᠯ᠎ᠡ ᠭᠡᠰᠡᠭᠳᠤ ᠮᠦᠰᠦ ᠨᠡᠬᠦᠨ ᠢᠷᠡᠵᠤ ᠵᠠᠮ ᠢ ᠬᠠᠰᠢᠬᠰᠠᠨ ᠲᠤᠯᠠ ᠮᠤᠷᠢᠨ ᠠᠴᠠ ᠪᠠᠨ  ᠮᠦᠰᠦᠨ ᠲᠡᠭᠡᠷ᠎ᠡ ᠦᠰᠦᠷᠦᠨ ᠭᠠᠷᠴᠤ ᠴᠢᠨᠠᠳᠤ ᠡᠷᠬᠢ ᠳᠤ ᠭᠠᠷᠤᠶ᠎ᠠ ᠭᠡᠳᠡᠯ᠎ᠡ ᠵᠡᠬᠦᠨ ᠮᠦᠷᠦ ᠨᠢ ᠰᠤᠮᠤᠨ ᠳᠤ  ᠤᠨᠤᠬᠳᠠᠵᠤ ᠲᠡᠰᠴᠤ ᠲᠡᠶᠢᠯᠦᠭᠰᠡᠨ ᠦᠭᠡᠢ ᠰᠠᠪᠠᠨ ᠤᠨᠠᠵᠦ᠂ ᠦᠯᠵᠡᠶᠢᠮᠦ᠋ᠷᠡᠨ ᠤ ᠤᠰᠤ ᠶᠢ ᠭᠱᠠᠨ ᠵᠠᠭᠤᠷ᠎ᠠ  ᠤᠯᠠᠶᠢᠯᠠᠭᠠᠯ᠎ᠠ᠂ ᠭᠠᠳᠠ ᠮᠡᠶᠢᠷᠡᠨ ᠤ ᠪᠤᠰᠤᠯᠭ᠎ᠠ ᠨᠢ ᠢᠯᠠᠬᠳᠠᠬᠰᠠᠨ ᠴᠦ ᠵᠤᠷᠢᠭ ᠰᠠᠨᠠᠭ᠎ᠠ ᠨᠢ ᠢᠯᠠᠬᠳᠠᠬᠰᠠᠨ ᠦᠭᠡᠢ᠃  ︵1931 ᠤᠨ ᠤ ᠠᠷᠭ᠎ᠠ ᠶᠢᠨ ᠤᠯᠠᠷᠢᠯ ᠤᠨ 3 ᠰᠠᠷ᠎ᠠ ᠶᠢᠨ 30᠎ ᠤ ᠡᠳᠦᠷ᠂ ᠪᠢᠯᠢᠭ ᠤᠨ ᠤᠯᠠᠷᠢᠯ ᠤᠨ 2  ᠰᠠᠷ᠎ᠠ ᠶᠢᠨ 12᠎ ᠤᠨ ᠡᠳᠦᠷ᠃︶     ᠰᠡᠶᠢᠮᠡᠭᠡᠢ ᠨᠢᠳᠤ ᠲᠠᠢ ᠰᠡᠷᠡᠩ ᠡᠪᠦᠭᠡᠨ᠄ ︽ᠴᠠᠭᠠᠨ ᠴᠢᠷᠠᠶᠢᠳᠤ ᠵᠠᠯᠠᠭᠤ᠂ ᠲᠠᠨ ᠤ ᠲᠦᠰᠢᠶᠡᠳᠤ ᠳᠤ ᠲᠦᠮᠡᠨ  ᠠᠷᠠᠳ ᠢᠶᠠᠨ ᠲᠠᠷᠤᠯᠠᠬᠴᠢ ᠲᠤᠬᠰᠢᠨ ᠳ᠋ᠠ ᠸᠠᠩ ᠭᠡᠵᠤ ᠪᠠᠶᠢᠬᠤ ᠠᠴᠠ ᠪᠢᠰᠢ᠂ ᠦᠨᠳᠤᠰᠤᠳᠠᠨ ᠤ ᠪᠠᠭᠠᠳᠤᠷ ᠭᠡᠵᠤ  ᠪᠠᠶᠢᠨ᠎ᠠ ᠤᠤ︖︾ ᠭᠡᠵᠤ ᠶᠡᠭᠡᠯ᠎ᠡ ᠰᠤᠷᠳᠤᠭᠤ ᠲᠠᠢ ᠦᠬᠦᠯᠡᠨ᠎ᠡ᠃     ᠪᠢ᠄ ︽ᠲᠠᠨ ᠤ ᠲᠠᠷᠬᠠᠨ ᠠᠴᠠ ᠡᠷᠳᠡᠮᠳᠡᠨ ᠴᠢᠳᠠᠪᠤᠷᠢᠳᠠᠨ ᠠᠷᠪᠢᠨ ᠭᠠᠷᠤᠬᠰᠠᠨ᠂ ᠦᠭᠡᠷ᠎ᠡ ᠶᠢ ᠨᠢ ᠲᠠ  ᠮᠡᠳᠡᠨ᠎ᠡ ᠤᠤ︖︾ ᠭᠡᠬᠦ ᠳᠤ ᠮᠡᠷᠭᠡᠯᠡᠭᠰᠡᠨ ᠡᠪᠦᠭᠡᠨ ᠮᠡᠯᠴᠡᠶᠢᠭᠡᠳ ᠴᠢᠮᠡᠭᠡ ᠦᠭᠡᠢ᠂ ᠪᠢ᠄ ︽ᠲᠠᠨ ᠤ ᠲᠠᠪᠤᠨ  ᠭᠡᠷ ᠠᠴᠠ ᠲᠡᠮᠡᠢ ᠬᠤᠯᠠ ᠦᠭᠡᠢ ᠤᠯᠪᠤᠭ ᠪᠠᠯᠭᠠᠰᠤ ᠶᠢᠨ ᠤᠯᠪᠤᠭ ᠠᠶᠢᠯ ᠠᠴᠠ ᠺᠦᠩ ᠹᠸᠢ ᠭᠡᠳᠡᠭ ᠬᠦᠮᠦᠨ  ᠭᠠᠷᠤᠬᠰᠠᠨ᠂ ᠲᠡᠷᠡ ᠬᠦᠮᠦᠨ ᠪᠤᠯ ᠤᠯᠠᠭᠠᠨᠬᠦᠤ ᠶᠢᠨ ᠲᠡᠬᠦᠤ ᠬᠦᠷᠭᠡᠨ ᠨᠢ ᠮᠦᠷᠳᠡᠭᠡᠨ ᠤᠯᠠᠭᠠᠨᠬᠦᠤ ᠶᠢᠨ ᠲᠠᠷᠠᠭᠠᠬᠢ  ᠦᠪᠦᠷ ᠮᠤᠩᠭᠤᠯ ᠤᠨ ᠲᠡᠷᠢᠬᠦᠯᠡᠭᠴᠢ ᠪᠤᠯᠤᠬᠰᠠᠨ ᠬᠦᠮᠦᠨ᠂ ᠬᠠᠹᠤᠩᠭ᠎ᠠ ᠶᠢ ᠮᠡᠳᠡᠨ᠎ᠡ ᠤᠤ︖ ᠲᠡᠷᠡ ᠬᠦᠮᠦᠨ ᠪᠤᠯ  ᠶᠤᠯᠤᠮᠤᠳᠤ ᠶᠢᠨ ᠬᠦᠮᠦᠨ᠂ ᠦᠪᠦᠷ ᠮᠤᠩᠭᠤᠯ ᠤᠨ ᠲᠡᠳ᠋ ᠲᠡᠷᠢᠬᠦᠯᠡᠭᠴᠢ ᠪᠤᠯᠤᠬᠰᠠᠨ ᠬᠦᠮᠦᠨ᠂ ᠠᠰᠬᠠᠨ ᠭᠡᠳᠡᠭ  ᠵᠠᠩᠵᠤᠨ ᠢ ᠮᠡᠳᠡᠨ᠎ᠡ ᠤᠤ︖ ᠲᠡᠷᠡ ᠪᠤᠯ ᠬᠠᠹᠤᠩᠭ᠎ᠠ ᠲᠡᠷᠢᠬᠦᠯᠡᠭᠴᠢ ᠶᠢᠨ ᠲᠡᠬᠦᠤ ᠬᠦᠷᠭᠡᠨ ᠨᠢ ᠮᠥᠨ︾ ᠭᠡᠵᠤ  ᠮᠡᠷᠭᠡᠯᠡᠬᠦ ᠳᠤ ᠰᠠᠷᠡᠩ ᠡᠪᠦᠭᠡᠨ ᠰᠤᠨᠤᠰᠤᠭᠠᠳ᠄ ︽ᠶᠤᠰᠤᠳᠠᠢ ᠡᠷᠳᠡᠮᠳᠡᠳ ᠤᠨ ᠦᠯᠦᠭᠡᠢ︾ ᠭᠡᠯ᠎ᠠ᠃     ᠲᠠᠷᠬᠠᠨ ᠮᠤᠩᠭᠤᠯᠴᠤᠳ ᠠᠴᠠ ᠭᠠᠳᠠ ᠮᠡᠶᠢᠷᠡᠨ ᠢᠶᠠᠨ ᠲᠤᠷᠠᠰᠬᠠᠬᠤ ᠶᠢᠨ ᠲᠦᠯᠦᠭᠡ ᠬᠤᠩᠭᠤᠷ ᠤᠪᠤᠭ᠎ᠠ ᠶᠢᠨ  ᠤᠶᠢᠷ᠎ᠠ ︽ᠮᠡᠶᠢᠷᠡᠨ ᠰᠦᠮ᠎ᠡ︾ ᠪᠠᠶᠢᠭᠤᠯᠵᠤ ᠭᠠᠳᠠ ᠮᠡᠶᠢᠷᠡᠨ ᠢᠶᠠᠨ ᠲᠠᠬᠢᠬᠰᠠᠨ ᠭᠡᠨ᠎ᠡ᠃ 1990 ᠤᠨ ᠳᠤ  ᠲᠠᠷᠬᠠᠨ ᠬᠤᠰᠢᠭᠤᠨ ᠤ ᠬᠤᠸᠠᠬᠤᠰᠢᠭᠤ ᠰᠤᠮᠤ ᠶᠢᠨ ᠬᠤᠩᠭᠤᠷ ᠤᠪᠤᠭ᠎ᠠ ᠭᠠᠴᠠᠭ᠎ᠠ ᠳᠤ ᠭᠠᠳᠠ ᠮᠡᠶᠢᠷᠡᠨ ᠤ  ᠲᠤᠷᠠᠰᠬᠠᠯ ᠤᠨ ᠬᠦᠰᠢᠶ᠎ᠡ ᠪᠤᠰᠬᠠᠵᠤ ᠦᠭᠬᠦᠭᠰᠡᠨ᠂ ᠲᠦᠩᠯᠢᠶᠤᠤ ᠬᠤᠳᠠ ᠶᠢᠨ ᠬᠤᠷᠴᠢᠨ ᠰᠤᠶᠤᠯ ᠤᠨ  ᠲᠤᠭᠤᠷᠢᠭ ᠲᠤ ᠭᠠᠳᠠ ᠮᠡᠶᠢᠷᠡᠨ ᠤ ᠬᠦᠷᠦᠭ ᠢ ᠱᠤᠭᠤᠵᠤ ᠭᠠᠪᠢᠶ᠎ᠠ ᠵᠢᠳᠬᠦᠯ ᠢ ᠨᠢ ᠦᠨᠡᠯᠡᠵᠤ᠂ ᠲᠠᠷᠬᠠᠨ  ᠬᠤᠰᠢᠭᠤᠨ ᠤ ᠲᠦᠪ ᠪᠤᠤ ᠺᠠᠩ ᠪᠠᠯᠭᠠᠰᠤᠨ ᠳᠤ ᠭᠠᠳᠠ ᠮᠡᠶᠢᠷᠡᠨ ᠤ ᠲᠠᠯᠠᠪᠠᠢ ᠭᠡᠵᠤ ᠪᠠᠶᠢᠳᠠᠭ᠃     ᠪᠢ ᠮᠤᠷᠢᠨ ᠲᠡᠭᠡᠷ᠎ᠡ ᠠᠴᠠ ᠴᠡᠴᠡᠭ ᠰᠤᠨᠢᠷᠬᠠᠵᠤ ᠤᠷᠤᠢ ᠮᠤᠳᠤᠨ ᠠᠶᠢᠯ ᠤᠨ ᠮᠠᠩᠬᠠᠨ ᠠᠭᠤᠯᠠ ᠶᠢ  ᠰᠤᠨᠢᠷᠬᠠᠬᠰᠠᠨ᠃ ᠡᠨᠡ ᠨᠢ ᠭᠠᠳᠠ ᠮᠡᠶᠢᠷᠡᠨ ᠤ ᠤᠷᠳᠤ ᠬᠤᠭᠤᠴᠠᠭ᠎ᠠ ᠪᠠᠷ ᠠᠮᠢᠳᠤᠷᠠᠬᠰᠠᠨ ᠭᠠᠵᠠᠷ᠃  ᠬᠠᠹᠤᠩᠭ᠎ᠠ ᠶᠢᠨ ᠨᠤᠳᠤᠭ ᠶᠤᠯᠤᠮᠤᠳᠤ᠂ ᠠᠰᠬᠠᠨ ᠵᠠᠩᠵᠤᠨ ᠤ ᠨᠤᠳᠤᠭ ᠭᠤᠮᠳᠤ ᠪᠠᠷ ᠵᠢᠭᠤᠯᠴᠢᠯᠠᠵᠤ ᠦᠩᠭᠡᠷᠡᠭᠰᠡᠨ᠃  ᠬᠠᠷᠠᠮᠰᠠᠯᠳᠠᠢ ᠨᠢ ᠺᠦᠩ ᠹᠸᠢ ᠶᠢᠨ ᠨᠤᠳᠤᠭ ᠤᠯᠪᠤᠭ ᠪᠠᠯᠭᠠᠰᠤ ᠶᠢᠨ ᠤᠯᠪᠤᠭ ᠲᠤᠰᠬᠤᠨ ᠳᠤ ᠬᠦᠷᠦᠭᠡ ᠦᠭᠡᠢ᠃     ᠮᠠᠨ ᠤ ᠦᠨᠳᠤᠰᠤᠳᠠᠨ ᠤ ᠮᠠᠩᠯᠠᠢ ᠪᠠᠭᠠᠳᠤᠷ ᠭᠠᠳᠠ ᠮᠡᠶᠢᠷᠡᠨ ᠤᠷᠢᠳᠠᠪᠡᠷ ᠮᠠᠨᠢ ᠮᠠᠯᠴᠢᠨ ᠤᠯᠠᠨ  ᠮᠤᠩᠭᠤᠯᠴᠤᠳ ᠤᠨ ᠢᠶᠠᠨ ᠲᠦᠯᠦᠭᠡ ᠠᠯᠳᠠᠨ ᠠᠮᠢ ᠬᠠᠯᠠᠭᠤᠨ ᠴᠢᠰᠤ ᠪᠠᠨ ᠤᠷᠤᠰᠬᠠᠬᠰᠠᠨ ᠵᠤᠷᠢᠭ ᠰᠠᠨᠠᠭ᠎ᠠ ᠨᠢ  ᠲᠦᠭ ᠲᠦᠮᠡᠨ ᠮᠤᠩᠭᠤᠯᠴᠤᠳ ᠤᠨ ᠰᠡᠳᠬᠢᠯ ᠵᠢᠷᠦᠭᠡᠨ ᠳᠤ ᠮᠦᠩᠭᠡ ᠰᠡᠶᠢᠯᠦᠭᠳᠡᠵᠦ᠂ ᠲᠠᠭᠤᠤ ᠨᠢ  ᠴᠤᠤᠷᠢᠶᠠᠳᠤᠬᠰᠠᠭᠠᠷ᠂ ᠦᠯᠢᠭᠡᠷ ᠨᠢ ᠤᠯᠠᠮᠵᠢᠯᠠᠬᠳᠠᠬᠰᠠᠭᠠᠷ᠃
 
ᠢᠷᠡᠯᠲᠡ᠄ ᠣᠯᠠᠭᠠᠨᠬᠠᠳᠠ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号