ᠴᠢᠩᠬᠢᠰ ᠤᠨ ᠳᠦᠷᠪᠡᠨ ᠬᠦᠯᠦᠭ —  ᠪᠣᠭᠤᠷᠴᠦ
ᠨᠡᠶᠢᠲᠡᠯᠡᠭᠰᠡᠨ ᠴᠠᠭ᠄
2018/3/30
     ᠠᠷᠯᠠᠳ ᠠᠶᠢᠮᠠᠭ ᠤᠨ ᠬᠦᠮᠦᠨ᠂ ᠴᠢᠩᠭᠢᠰ ᠬᠠᠭᠠᠨ ᠤ ᠡᠪᠦᠭᠡ ᠲᠡᠬᠡᠳᠦᠰ ᠪᠤᠯᠬᠤ ᠬᠠᠶᠢᠳᠤ ᠶᠢᠨ ᠬᠤᠶᠢᠴᠢ ᠪᠤᠯᠬᠤ ᠶᠤᠮ᠃  ᠪᠣᠭᠤᠷᠴᠦ ᠶᠢᠨ ᠡᠴᠢᠬᠡ ᠨᠢ ᠨᠠᠬᠤ ᠪᠠᠶᠠᠨ ᠬᠡᠳᠡᠭ᠃      ᠴᠢᠩᠭᠢᠰ ᠬᠠᠭᠠᠨ ᠪᠠᠭ᠎ᠠ ᠶᠢᠨ ᠦᠶ᠎ᠡ ᠳᠤ᠂ ᠰᠡᠩᠭᠦᠷ ᠭᠤᠷᠤᠬᠠᠨ ᠤᠨ ᠬᠦᠬᠡ ᠨᠠᠭᠤᠷ ᠲᠤ ᠨᠤᠲᠤᠭᠯᠠᠵᠤ ᠪᠠᠶᠢᠬᠤ ᠳᠤ ᠵᠦᠷᠬᠢᠨ ᠠᠶᠢᠮᠠᠭ ᠤᠨ ᠬᠦᠮᠦᠰ᠂ ᠴᠢᠩᠭᠢᠰ ᠬᠠᠭᠠᠨ ᠤ ᠨᠠᠢᠮᠠᠨ ᠰᠢᠷᠭ᠎ᠠ ᠠᠭᠳᠠ ᠶᠢ ᠲᠡᠬᠡᠷᠡᠮᠳᠡᠨ ᠠᠪᠴᠣ ᠶᠠᠪᠤᠭᠰᠠᠨ ᠳᠤ ᠴᠢᠩᠭᠢᠰ ᠬᠠᠭᠠᠨ ᠶᠠᠪᠠᠭᠠᠨ ᠲᠤᠯᠠ ᠬᠠᠷᠠᠵᠤ ᠵᠤᠭᠰᠤᠭᠰᠠᠭᠠᠷ ᠬᠤᠴᠤᠷᠪᠠ᠃ ᠦᠳᠡᠰᠢ ᠨᠠᠷᠠᠨ ᠰᠢᠩᠭᠡᠭᠦ ᠦᠶ᠎ᠡ ᠪᠠᠷ ᠪᠡᠯᠬᠦᠳᠡᠢ ᠤᠭᠤᠳᠤᠷ ᠬᠤᠩᠭᠤᠷ ᠮᠤᠷᠢᠨ ᠳᠠᠭᠠᠨ ᠲᠠᠷᠪᠠᠭ᠎ᠠ ᠲᠠᠭᠠᠭᠠᠵᠤ ᠶᠠᠳᠠᠳᠠᠯ᠎ᠠ ᠠᠴᠢᠵᠤ ᠢᠷᠡᠪᠡ᠃ ᠲᠡᠬᠡᠬᠡᠳ ᠪᠡᠯᠬᠦᠳᠡᠢ ᠤᠭᠤᠳᠤᠷ ᠬᠤᠩᠭᠤᠷ ᠮᠤᠷᠢ ᠪᠠᠷ ᠢᠶᠠᠨ ᠨᠡᠬᠡᠬᠦ ᠬᠡᠰᠡᠨ ᠳᠤ ᠬᠠᠰᠠᠷ ᠪᠢ ᠶᠠᠪᠤᠶ᠎ᠠ ᠬᠡᠵᠤ ᠲᠡᠮᠡᠴᠡᠪᠡ᠃ ᠴᠢᠩᠭᠢᠰ ᠬᠠᠭᠠᠨ ᠬᠡᠨ ᠢ ᠴᠦ ᠵᠦᠪᠰᠢᠶᠡᠷᠡᠭᠰᠡᠨ ᠦᠭᠡᠢ᠂ ᠭᠠᠭᠴᠠ ᠦᠪᠡᠷ ᠢᠶᠠᠨ ᠤᠭᠤᠳᠤᠷ ᠬᠤᠩᠭᠤᠷ ᠢᠶᠠᠨ ᠤᠨᠤᠵᠤ᠂ ᠨᠠᠢᠮᠠᠨ ᠰᠢᠷᠭ᠎ᠠ ᠠᠭᠳᠠ ᠶᠢ ᠡᠪᠡᠰᠦᠨ ᠤ ᠨᠠᠯᠤᠷᠬᠠᠢ ᠪᠠᠷ ᠮᠦᠷᠳᠡᠨ ᠨᠡᠬᠡᠵᠤ ᠭᠤᠷᠪᠠᠨ ᠬᠤᠨᠤᠭ ᠶᠠᠪᠤᠭᠠᠳ᠂ ᠨᠢᠬᠡᠨ ᠦᠷᠯᠦᠬᠡ ᠵᠠᠮ ᠤᠨ ᠬᠠᠵᠠᠭᠤᠳᠠᠬᠢ ᠤᠯᠠᠨ ᠠᠳᠤᠭᠤᠨ ᠤ ᠲᠡᠷᠬᠡᠳᠡ ᠬᠦᠢᠴᠡᠨ ᠬᠦᠷᠦᠭᠰᠡᠨ ᠳᠤ ᠨᠢᠬᠡᠨ ᠭᠠᠪᠰᠢᠭᠠᠢ ᠬᠦᠪᠡᠬᠦᠨ ᠬᠡᠬᠦᠦ ᠰᠠᠭᠠᠵᠤ ᠪᠠᠶᠢᠪᠠ᠃ ᠴᠢᠩᠭᠢᠰ ᠬᠠᠭᠠᠨ ᠲᠡᠬᠦᠨ ᠲᠠᠢ ᠠᠭᠤᠯᠵᠠᠵᠤ ᠨᠠᠢᠮᠠᠨ ᠰᠢᠷᠭ᠎ᠠ ᠠᠭᠳᠠ ᠪᠠᠨ ᠠᠰᠠᠭᠤᠭᠰᠠᠨ ᠳᠤ ᠲᠡᠷᠡ ᠬᠦᠪᠡᠬᠦᠨ᠄ ︽ᠡᠨᠡ ᠦᠷᠯᠦᠬᠡ ᠨᠠᠷᠠᠨ ᠤᠷᠭᠤᠬᠤ ᠶᠢᠨ ᠤᠷᠢᠳ ᠨᠠᠢᠮᠠᠨ ᠰᠢᠷᠭ᠎ᠠ ᠮᠤᠷᠢ ᠶᠢ ᠡᠬᠦᠪᠡᠷ ᠬᠦᠬᠡᠬᠡᠵᠤ ᠭᠠᠷᠪᠠ᠂ ᠠᠬᠳᠠ ᠶᠢᠨ ᠦᠩᠭᠡ ᠵᠢᠰᠤ ᠨᠢ ᠡᠷᠬᠢᠮ ᠤᠨ ᠬᠡᠯᠡᠵᠤ ᠪᠠᠶᠢᠬᠤ ᠲᠠᠢ ᠡᠬᠡᠬᠡ ᠠᠳᠠᠯᠢᠬᠠᠨ ᠪᠠᠶᠢᠨᠠᠮ︾ ᠬᠡᠳ ᠤᠩᠭᠤᠷ ᠬᠤᠩᠭᠤᠷ ᠢ ᠲᠠᠯᠪᠢᠭᠤᠯᠵᠤ᠂ ᠤᠷᠤᠭ ᠰᠢᠩᠬᠤᠯᠠ ᠮᠤᠷᠢ ᠶᠢ ᠴᠢᠩᠭᠢᠰ ᠬᠠᠭᠠᠨ ᠳᠤ ᠦᠭᠴᠤ ᠤᠨᠤᠭᠤᠯᠪᠠ᠃ ᠦᠪᠡᠷ ᠢᠶᠠᠨ ᠬᠤᠷᠳᠤᠨ ᠬᠤᠸᠠ ᠮᠤᠷᠢ ᠶᠢ ᠤᠨᠤᠵᠤ ᠬᠡᠷ ᠲᠡᠭᠡᠨ ᠬᠠᠷᠢᠯ ᠦᠭᠡᠢ ᠬᠦᠬᠦᠦᠷ ᠰᠠᠭᠤᠯᠠᠭ᠎ᠠ ᠪᠠᠨ ᠬᠡᠬᠡᠷ᠎ᠡ ᠪᠤᠭᠤᠵᠤ ᠲᠠᠯᠪᠢᠪᠠ᠃ ᠢᠩᠭᠢᠬᠡᠳ ᠴᠢᠩᠭᠢᠰ ᠬᠠᠭᠠᠨ ᠤ ᠵᠦᠭ᠄ ︽ᠡᠷᠬᠢᠮ ᠲᠠ ᠶᠡᠬᠡᠳᠡ ᠮᠤᠩᠭᠠᠨᠢᠵᠤ ᠶᠠᠪᠤᠭ᠎ᠠ ᠠᠵᠢ᠃ ᠡᠷ᠎ᠡ ᠶᠢᠨ ᠪᠡᠷᠬᠡᠰᠢᠶᠡᠯ ᠨᠢᠬᠡᠨ ᠠᠳᠠᠯᠢ ᠪᠢᠯᠡ᠃ ᠪᠢ ᠴᠢᠮ᠎ᠡ ᠳᠤ ᠨᠦᠬᠦᠷ ᠪᠤᠯᠵᠤ ᠬᠠᠮᠳᠤ ᠨᠡᠬᠡᠮᠵᠢᠯᠡᠨ ᠶᠠᠪᠤᠶ᠎ᠠ︕︾ ᠬᠡᠳ ᠴᠢᠩᠭᠢᠰ ᠬᠠᠭᠠᠨ ᠲᠠᠢ ᠬᠠᠮᠳᠤ ᠮᠤᠷᠳᠡᠵᠤ ᠮᠤᠷᠢᠳ ᠤᠨ ᠮᠦᠷ ᠢᠶᠠᠷ ᠨᠢ ᠮᠦᠰᠬᠢᠵᠤ ᠪᠠᠰᠠ ᠭᠤᠷᠪᠠᠨ ᠬᠤᠨᠤᠭ ᠶᠠᠪᠤᠪᠠ᠃      ᠦᠳᠡᠰᠢ ᠨᠠᠷᠠᠨ ᠤ ᠬᠡᠷᠡᠯ ᠠᠭᠤᠯᠠᠨ᠎ᠠ ᠲᠠᠰᠢᠵᠤ ᠪᠦᠬᠦᠢ ᠴᠠᠭ ᠲᠤ᠂ ᠨᠢᠬᠡᠨ ᠬᠦᠷᠢᠶ᠎ᠡ ᠢᠷᠬᠡᠨ ᠤ ᠲᠡᠷᠬᠡᠳᠡ ᠬᠦᠷᠦᠭᠰᠡᠨ ᠳᠤ᠂ ᠨᠠᠢᠮᠠᠨ ᠰᠢᠷᠭ᠎ᠠ ᠠᠬᠳᠠ ᠨᠢ ᠲᠡᠷᠡ ᠬᠦᠷᠢᠶᠡᠨ ᠤ ᠵᠠᠬ᠎ᠠ ᠳᠤ ᠡᠪᠡᠰᠣ ᠢᠳᠡᠵᠤ ᠪᠠᠶᠢᠯ᠎ᠠ᠃ ᠴᠢᠩᠭᠢᠰ ᠬᠠᠭᠠᠨ᠄ ︽ᠨᠦᠬᠦᠷ ᠴᠢ ᠠᠳᠡ ᠪᠠᠨ ᠪᠠᠷᠢᠵᠤ ᠪᠠᠢ᠂ ᠪᠢ ᠤᠴᠢᠵᠤ ᠲᠠᠭᠤᠵᠤ ᠢᠷᠡᠶ᠎ᠡ︾ ᠬᠡᠪᠡ᠃  ᠪᠣᠭᠤᠷᠴᠦ᠄ ︽ᠪᠢ ᠴᠢᠮᠠᠳᠤ ᠨᠦᠬᠦᠷ ᠪᠤᠯᠵᠤ ᠢᠷᠡᠬᠡᠳ ᠠᠳᠡ ᠦᠯᠡᠳᠡᠵᠤ ᠬᠡᠷᠬᠢᠨ ᠪᠤᠯᠬᠤ ᠪᠤᠢ︖︾ ᠬᠡᠳ ᠬᠤᠶᠠᠭᠤᠯᠠ ᠬᠠᠮᠳᠤ ᠲᠤᠪᠳᠤᠯᠵᠤ ᠤᠷᠤᠭᠠᠳ ᠰᠢᠷᠭ᠎ᠠ ᠮᠤᠷᠢᠳ ᠢ ᠲᠠᠭᠤᠵᠤ ᠭᠠᠷᠪᠠ᠃ ᠲᠡᠬᠡᠷᠡᠮᠴᠢᠳ ᠬᠤᠶᠢᠨ᠎ᠡ ᠎ ᠠᠴᠠ ᠨᠢ ᠴᠤᠪᠤᠯᠳᠤᠨ ᠬᠦᠬᠡᠬᠡᠪᠡ᠃ ᠲᠡᠳᠡᠨ ᠤ ᠲᠤᠳᠤᠷ᠎ᠠ ᠠᠴᠠ ᠨᠢᠬᠡᠨ ᠴᠠᠭᠠᠨ ᠮᠤᠷᠢ ᠲᠠᠢ ᠬᠦᠮᠦᠨ ᠤᠷᠭ᠎ᠠ ᠪᠠᠷᠢᠵᠤ ᠭᠠᠭᠴᠠᠭᠠᠷ ᠬᠦᠢᠴᠡᠵᠤ ᠢᠷᠡᠬᠦ ᠳᠤ  ᠪᠣᠭᠤᠷᠴᠦ᠄ ︽ᠨᠦᠬᠦᠷ ᠴᠢ ᠨᠤᠮᠤ ᠰᠤᠮᠤ ᠪᠠᠨ ᠨᠠᠳᠠ ᠳᠤ ᠦᠭ᠂ ᠪᠢ ᠬᠠᠷᠪᠤᠯᠳᠤᠶ᠎ᠠ︾ ᠬᠡᠪᠡ᠃ ᠴᠢᠩᠭᠢᠰ ᠬᠠᠭᠠᠨ᠄ ︽ᠮᠢᠨᠤ ᠲᠦᠯᠦᠬᠡ ᠴᠢ ᠡᠷᠡᠰᠬᠦᠳᠡᠵᠠᠢ᠂ ᠪᠢ ᠬᠠᠷᠪᠤᠯᠳᠤᠶ᠎ᠠ︾ ᠬᠡᠳ ᠡᠷᠬᠢᠵᠤ ᠬᠠᠷᠪᠤᠯᠳᠤᠪᠠ᠃ ᠲᠡᠷᠡ ᠴᠠᠭᠠᠨ ᠮᠤᠷᠢ ᠲᠠᠢ ᠬᠦᠮᠦᠨ ᠤᠷᠭ᠎ᠠ ᠪᠠᠷ ᠲᠣᠬᠢᠭᠰᠠᠭᠠᠷ ᠬᠤᠴᠤᠷᠤᠨ ᠵᠤᠭᠰᠤᠵᠤ᠂ ᠬᠠᠷᠢᠯᠴᠠᠨ ᠲᠤᠯᠤᠯᠳᠤᠭᠠᠳ᠂ ᠨᠢᠬᠡᠨᠳᠡ ᠨᠠᠷᠠᠨ ᠠᠭᠤᠯᠠᠨ᠎ᠡ ᠲᠠᠰᠢᠨ ᠰᠢᠩᠭᠡᠵᠤ ᠪᠦᠷᠦᠩᠭᠦᠢ ᠪᠤᠯᠤᠭᠰᠠᠨ ᠲᠤᠯᠠ ᠲᠡᠳᠡ ᠠᠶᠤᠮᠰᠢᠭ ᠦᠭᠡᠢ ᠨᠡᠬᠡᠨ ᠢᠷᠡᠵᠤ ᠴᠢᠳᠠᠬᠤ ᠦᠭᠡᠢ ᠪᠤᠯᠵᠠᠢ᠃ ᠢᠩᠭᠢᠭᠡᠳ ᠴᠢᠩᠭᠢᠰ ᠬᠠᠭᠠᠨ ᠪᠤᠭᠤᠷᠴᠢ ᠬᠤᠶᠠᠷ᠂ ᠨᠠᠢᠮᠠᠨ ᠰᠢᠷᠭ᠎ᠠ ᠮᠤᠷᠢ ᠪᠠᠨ ᠠᠪᠴᠤ ᠲᠡᠷᠡ ᠰᠦᠨᠢ ᠲᠤᠷᠰᠢ ᠶᠠᠪᠤᠭᠠᠳ ᠵᠠᠯᠭ᠎ᠠ ᠪᠠᠷ ᠭᠤᠷᠪᠡᠨ ᠰᠦᠨᠢ ᠭᠤᠷᠪᠡᠨ ᠡᠳᠦᠷ ᠶᠠᠪᠤᠵᠤ ᠪᠤᠭᠤᠷᠴᠢ ᠶᠢᠨ ᠬᠡᠷ ᠲᠤ ᠪᠤᠴᠠᠵᠤ ᠢᠷᠡᠵᠡᠢ᠃ ᠡᠨᠡ ᠦᠶ᠎ᠡ ᠳᠤ  ᠪᠣᠭᠤᠷᠴᠦ‌ᠠᠷᠪᠠᠨ ᠭᠤᠷᠪᠠᠨ ᠨᠠᠰᠤᠳᠠᠢ ᠪᠠᠶᠢᠭᠰᠠᠨ ᠠᠵᠢ᠃ ᠴᠢᠩᠭᠢᠰ ᠬᠠᠭᠠᠨ᠄ ︽ᠴᠢᠮᠠᠢᠢ ᠦᠭᠡᠢ ᠪᠤᠯ ᠪᠢ ᠡᠨᠡ ᠮᠤᠷᠢᠳ ᠢᠶᠠᠨ ᠬᠡᠷᠬᠢᠨ ᠤᠯᠵᠤ ᠠᠪᠴᠤ ᠴᠢᠳᠠᠬᠤ ᠪᠢᠯᠡ︖ ᠡᠳᠦᠬᠡ ᠮᠤᠷᠢᠳ ᠢ ᠠᠪᠴᠢᠷᠠᠭᠰᠠᠨ ᠲᠤᠯᠠ ᠲᠤᠷᠠᠳᠠᠶᠢᠶ᠎ᠠ ᠲᠠᠨ ᠲᠠᠢ ᠬᠤᠪᠢᠶᠠᠯᠴᠠᠶ᠎ᠠ᠂ ᠲᠠ ᠬᠡᠳᠦ ᠶᠢ ᠨᠢ ᠠᠪᠬᠤ ᠪᠤᠢ︖ ᠲᠤᠷ᠎ᠠ ᠪᠠᠷ ᠢᠶᠠᠨ ᠪᠤᠯᠰᠤᠭᠠᠢ︾ ᠬᠡᠪᠡ᠃  ᠪᠣᠭᠤᠷᠴᠦ᠄ ︽ᠪᠢ ᠰᠠᠶᠢᠨ ᠨᠦᠬᠦᠷ ᠴᠢᠮᠠᠢᠢ ᠮᠤᠩᠭᠠᠨᠢᠵᠤ ᠶᠠᠪᠤᠨ᠎ᠠ ᠬᠡᠮᠡᠨ ᠲᠤᠰᠠ ᠪᠤᠯᠤᠶ᠎ᠠ ᠬᠡᠵᠤ ᠬᠠᠨᠢᠯᠠᠵᠤ ᠶᠠᠪᠤᠭᠰᠠᠨ ᠪᠢᠯᠡ᠂ ᠤᠯᠵᠠ ᠶᠢ ᠡᠷᠢᠭᠰᠡᠨ ᠪᠤᠰᠤ᠂ ᠨᠠᠬᠤ ᠪᠠᠶᠠᠨ ᠤ ᠭᠠᠭᠴᠠ ᠬᠦᠦ ᠪᠢ ᠠᠳᠤᠭᠤ ᠮᠠᠯ ᠎ ᠢᠶᠠᠷ ᠲᠤᠳᠠᠬᠤ ᠨᠢ ᠪᠢᠰᠢ᠂ ᠴᠢᠮ᠎ᠡ ᠳᠤ ᠲᠤᠰᠠ ᠪᠤᠯᠬᠤ ᠶᠢᠨ ᠲᠦᠯᠦᠬᠡ ᠬᠠᠮᠳᠣ ᠶᠠᠪᠤᠭᠰᠠᠨ ᠶᠤᠮ᠂ ᠡᠶᠢᠮᠤ ᠦᠬᠡ ᠲᠠᠬᠢᠵᠤ ᠪᠤᠤ ᠬᠡᠯᠡ︕︾ ᠬᠡᠪᠡ᠃ ᠲᠡᠬᠡᠬᠡᠳ ᠬᠤᠶᠠᠭᠤᠯᠠ ᠨᠠᠬᠤ ᠪᠠᠶᠠᠨ ᠤᠨ ᠬᠡᠷ ᠲᠤ ᠬᠦᠷᠦᠭᠰᠡᠨ᠎ᠡ᠂ ᠬᠦᠪᠡᠬᠦᠨ ᠎ ᠢᠶᠠᠨ ᠠᠯᠳᠠᠪᠠ ᠬᠡᠮᠡᠨ ᠨᠢᠰᠤ ᠨᠢᠯᠪᠤᠰᠤ ᠪᠤᠯᠵᠤ ᠪᠠᠶᠢᠭᠰᠠᠨ ᠨᠠᠬᠤ ᠪᠠᠶᠠᠨ᠂ ᠬᠦᠪᠡᠬᠦᠨ ᠢᠶᠠᠨ ᠢᠷᠡᠭᠰᠡᠨ ᠢ ᠦᠵᠡᠬᠡᠳ ᠨᠢᠬᠡ ᠤᠬᠢᠯᠠᠵᠤ᠂ ᠨᠢᠬᠡ ᠵᠠᠩᠨᠠᠪᠠ᠃  ᠪᠣᠭᠤᠷᠴᠦ᠄ ︽ᠬᠦᠪᠡᠬᠦᠨ ᠪᠢ ᠦᠪᠡᠷ ᠲᠡᠭᠡᠨ ᠴᠦ ᠲᠠᠶᠢᠯᠪᠤᠷᠢᠯᠠᠵᠤ ᠴᠢᠳᠠᠬᠤ ᠦᠭᠡᠢ ᠲᠤᠯᠠ ᠶᠠᠭᠤ ᠬᠡᠵᠤ ᠬᠡᠯᠡᠬᠦ ᠪᠢᠯᠡ᠃ ᠬᠡᠪᠡᠴᠤ ᠡᠨᠡ ᠵᠠᠯᠠᠭᠤ ᠮᠤᠷᠢᠳ ᠢᠶᠠᠨ ᠡᠷᠢᠵᠤ ᠮᠤᠩᠭᠠᠨᠢᠵᠤ ᠶᠠᠪᠤᠬᠤ ᠶᠢ ᠦᠵᠡᠬᠡᠳ ᠬᠦᠬᠡᠷᠦᠬᠦᠶᠢᠯᠡᠵᠤ᠂ ᠨᠦᠬᠦᠷ ᠪᠤᠯᠤᠨ ᠬᠠᠮᠳᠤ ᠶᠠᠪᠤᠵᠤ᠂ ᠪᠤᠴᠠᠨ ᠢᠷᠡᠭᠰᠡᠨ ᠮᠢᠨᠢ ᠡᠨᠡ ᠶᠤᠮᠰᠠᠨ᠂ ᠡᠴᠢᠬᠡ ᠮᠢᠨᠢ ᠠᠭᠤᠴᠢᠯᠠᠬᠤ ᠪᠤᠯᠪᠠᠤ︾ ᠬᠡᠳ ᠮᠤᠷᠳᠡᠵᠤ᠂ ᠬᠡᠬᠡᠷ᠎ᠡ ᠡᠪᠡᠰᠤ ᠪᠠᠷ ᠪᠤᠭᠤᠵᠤ ᠲᠠᠯᠪᠢᠭᠰᠠᠨ ᠬᠦᠬᠦᠷ ᠰᠠᠭᠤᠯᠠᠭ᠎ᠠ ᠪᠠᠨ ᠠᠪᠴᠤ ᠢᠷᠡᠪᠡ᠃ ᠴᠢᠩᠭᠢᠰ ᠬᠠᠭᠠᠨ ᠳᠤ ᠨᠢᠬᠡᠨ ᠲᠠᠯᠠᠢ ᠬᠤᠷᠠᠭ᠎ᠠ ᠠᠯᠠᠵᠤ ᠬᠦᠨᠡᠰᠤ ᠪᠡᠯᠡᠳᠬᠡᠬᠡᠳ ᠮᠤᠷᠢᠨ ᠲᠡᠬᠡᠷ᠎ᠡ ᠨᠢ ᠠᠴᠢᠵᠤ ᠶᠠᠪᠤᠭᠤᠯᠬᠤ ᠦᠶ᠎ᠡ ᠳᠤ ᠨᠠᠬᠤ ᠪᠠᠶᠠᠨ᠄ ︽ᠡᠬᠦᠨ ᠠᠴᠠ ᠬᠤᠶᠢᠰᠢ ᠬᠤᠶᠠᠷ ᠵᠠᠯᠠᠭᠤᠰ ᠰᠠᠶᠢᠬᠠᠨ ᠨᠦᠬᠦᠷᠯᠡ᠂ ᠪᠡᠶ᠎ᠡ ᠪᠡᠶ᠎ᠡ ᠪᠠᠨ ᠪᠢᠳᠡᠬᠡᠢ ᠤᠷᠬᠢ︕︾ ᠬᠡᠪᠡ᠃ ᠴᠢᠩᠭᠢᠰ ᠬᠠᠭᠠᠨ ᠲᠡᠨᠳᠡ ᠠᠴᠠ ᠮᠤᠷᠳᠠᠵᠤ ᠬᠡᠷ ᠲᠡᠭᠡᠨ ᠬᠠᠷᠢᠭᠠᠳ ᠡᠬᠡ ᠬᠢᠬᠡᠳ ᠲᠡᠬᠦᠦ ᠨᠠᠷ ᠲᠠᠢ ᠪᠠᠨ ᠠᠭᠤᠯᠵᠠᠵᠠᠢ᠃      ᠴᠢᠩᠭᠢᠰ ᠬᠠᠭᠠᠨ ᠬᠡᠷᠬᠡᠢ ᠪᠦᠷᠳᠡ ᠦᠵᠢᠨ ᠢᠶᠠᠨ ᠪᠠᠭᠤᠯᠭᠠᠨ ᠠᠪᠴᠤ᠂ ᠬᠡᠨᠡᠳᠳᠡ ᠰᠠᠨᠠᠭᠠᠨ ᠳᠤᠨᠢ  ᠪᠣᠭᠤᠷᠴᠦ ᠤᠷᠤᠭᠠᠳ᠂ ᠲᠡᠬᠦᠨ ᠢ ᠤᠷᠢᠵᠣ ᠠᠪᠴᠢᠷᠠᠬᠤ ᠪᠠᠷ ᠲᠡᠬᠦᠦ ᠪᠡᠯᠬᠦᠳᠡᠢ ᠪᠠᠨ ᠢᠯᠡᠬᠡᠪᠡ᠃  ᠪᠣᠭᠤᠷᠴᠦ ᠪᠠᠰᠠ ᠡᠴᠢᠬᠡ ᠳᠡᠭᠡᠨ ᠦᠯᠦ ᠬᠡᠯᠡᠨ᠂ ᠪᠦᠭᠳᠤᠷ ᠬᠤᠩᠭᠤᠷ ᠢᠶᠠᠨ ᠤᠨᠤᠭᠠᠳ᠂ ᠪᠤᠷᠣ ᠦᠷᠮᠦᠭ ᠢᠶᠠᠨ ᠪᠦᠭᠳᠦᠷᠢᠬᠡᠳ ᠪᠡᠯᠬᠦᠳᠡᠢ ᠯᠦᠭᠡ ᠬᠠᠮᠳᠤ ᠢᠷᠡᠪᠡ᠃ ᠡᠬᠦᠨ ᠠᠴᠠ ᠬᠤᠶᠢᠰᠢ ᠪᠣᠭᠤᠷᠴᠦ ᠴᠢᠩᠭᠢᠰ ᠬᠠᠭᠠᠨ ᠤ ᠲᠡᠷᠬᠡᠳᠡ ᠠᠴᠠ ᠰᠠᠯᠤᠭᠰᠠᠨ ᠦᠭᠡᠢ᠃ ᠦᠷᠬᠦᠯᠵᠢ ᠬᠠᠷᠢᠯᠴᠠᠨ ᠨᠦᠬᠦᠴᠠᠯᠳᠤᠵᠤ ᠵᠢᠷᠤᠮ ᠨᠢᠬᠡᠳᠡᠢ ᠶᠠᠪᠤᠭᠰᠠᠨ ᠪᠠᠶᠢᠵᠠᠢ᠃     1189 ᠣᠨ ᠳᠤ᠂ ᠴᠢᠩᠭᠢᠰ ᠬᠠᠭᠠᠨ ᠠᠩᠬ᠎ᠠ ᠤᠳᠠᠭ᠎ᠠ ᠬᠠᠭᠠᠨ ᠡᠷᠬᠦᠮᠵᠢᠯᠡᠭᠳᠡᠬᠡᠳ᠂ ᠪᠣᠭᠤᠷᠴᠦ ᠶᠢ ᠬᠡᠰᠢᠭᠳᠡᠨ ᠨᠤᠶᠠᠨ ᠪᠤᠯᠭᠠᠵᠤ᠂ ᠮᠦᠨ ᠲᠡᠬᠦᠨ ᠤ ᠬᠦᠪᠡᠬᠦᠨ ᠦᠬᠡᠯᠡᠨ ᠴᠠᠷᠪᠢ ᠶᠢ ᠬᠤᠷᠴᠢ ᠪᠤᠯᠭᠠᠬᠤ ᠪᠠᠷ ᠵᠠᠷᠯᠢᠭ ᠪᠤᠯᠪᠠ᠃ ᠲᠡᠷᠡ ᠦᠶ᠎ᠡ ᠳᠤ ᠤᠯᠠᠨ ᠠᠶᠢᠮᠠᠭ ᠤᠳ ᠪᠦᠷᠢᠨ ᠲᠠᠭᠠᠷ᠎ᠠ ᠢᠷᠡᠬᠡᠳᠦᠢ ᠪᠠᠶᠢᠭᠰᠠᠨ ᠲᠤᠯᠠ  ᠪᠣᠭᠤᠷᠴᠦ ᠎ ᠶᠢᠨ ᠰᠦᠨᠢ ᠶᠢᠨ ᠡᠬᠡᠯᠵᠢ ᠪᠤᠯᠬᠤ ᠪᠦᠷᠢ ᠴᠢᠩᠭᠢᠰ ᠬᠠᠭᠠᠨ ᠰᠠᠨᠠᠭ᠎ᠠ ᠠᠮᠤᠷ ᠨᠤᠶᠢᠷᠰᠤᠬᠤ ᠪᠦᠯᠦᠬᠡ᠃  ᠪᠣᠭᠤᠷᠴᠦ ᠎ ᠶᠢᠨ ᠲᠤᠳᠤᠭᠠᠳᠤ ᠡᠬᠡᠯᠵᠢ ᠪᠤᠯᠪᠠᠯ᠂ ᠴᠢᠩᠭᠢᠰ ᠬᠠᠭᠠᠨ ᠲᠡᠬᠦᠨ ᠲᠠᠢ ᠵᠠᠷᠢᠮ ᠳᠠᠭᠠᠨ ᠦᠷ ᠴᠠᠶᠢᠳᠠᠯ᠎ᠠ ᠲᠦᠷᠦ ᠶᠢᠨ ᠬᠡᠷᠡᠭ ᠢ ᠶᠠᠷᠢᠯᠴᠠᠵᠤ ᠦᠩᠭᠡᠷᠡᠳᠡᠭ ᠪᠠᠶᠢᠯ᠎ᠠ᠃ ᠡᠵᠡᠨ ᠰᠠᠶᠢᠳ ᠤᠨ ᠬᠤᠭᠤᠷᠤᠨᠳᠤ ᠦᠨᠡᠬᠡᠷ ᠵᠢᠭᠠᠰᠤ ᠤᠰᠤ ᠮᠡᠳᠤ ᠪᠠᠶᠢᠭᠰᠠᠨ ᠠᠵᠢ᠃  ᠪᠣᠭᠤᠷᠴᠦ ᠬᠠᠳᠠᠨ ᠵᠤᠷᠢᠭ ᠲᠠᠢ ᠪᠦᠬᠡᠳ ᠲᠠᠶᠢᠨ ᠪᠠᠶᠢᠯᠳᠤᠭᠠᠨ ᠳᠤ ᠮᠡᠷᠬᠡᠰᠢᠭᠰᠡᠨ᠂ ᠴᠡᠷᠢᠭ ᠎ ᠤᠨ ᠡᠷᠳᠡᠮᠳᠡᠨ ᠪᠠᠶᠢᠪᠠ᠃ ᠲᠠᠶᠢᠨ ᠬᠦ  ᠪᠣᠭᠤᠷᠴᠦ᠂ ᠪᠤᠷᠤᠬᠤᠯ᠂ ᠮᠤᠬᠤᠯᠠᠢ᠂ ᠴᠢᠯᠠᠭᠤᠨ ᠲᠦᠷᠪᠡ ᠪᠤᠯ ᠴᠢᠩᠭᠢᠰ ᠬᠠᠭᠠᠨ ᠤ ᠲᠦᠷᠪᠡᠨ ᠬᠦᠯᠦᠭ ᠬᠡᠮᠡᠨ ᠠᠯᠳᠠᠷᠰᠢᠵᠠᠢ᠃      1199 ᠣᠨ ᠳᠤ ᠨᠠᠢᠮᠠᠨ ᠯᠤᠭ᠎ᠠ ᠬᠢᠭᠰᠡᠨ ᠲᠠᠶᠢᠨ ᠳᠤ ᠸᠠᠩ ᠬᠠᠨ ᠤ ᠬᠦᠪᠡᠬᠦᠨ ᠨᠢᠯᠬ᠎ᠠ ᠰᠡᠩᠭᠦᠮ ᠬᠢᠬᠡᠳ ᠲᠠᠬᠦᠨ ᠤᠨ ᠠᠪᠠᠭ᠎ᠠ ᠵᠠᠬ᠎ᠠ ᠬᠠᠮᠪᠤ ᠬᠤᠶᠠᠷ ᠤᠨ ᠴᠡᠷᠢᠭ ᠢᠳᠡᠷ ᠠᠯᠳᠠᠢ ᠪᠠᠯᠴᠢᠭ ︵ᠤᠳᠤᠬᠢ ᠪᠦᠬᠦᠳᠡ ᠨᠠᠶᠢᠷᠠᠮᠳᠠᠬᠤ ᠮᠤᠩᠭᠤᠯ ᠠᠷᠠᠳ ᠣᠯᠣᠰ ᠲᠠᠬᠢ ᠢᠳᠡᠷ ᠭᠤᠤᠯ ᠴᠢᠯᠠᠭᠤᠳᠤ ᠭᠤᠤᠯ︶᠎ ᠢ ᠦᠩᠭᠡᠷᠡᠬᠦ ᠳᠤ ᠨᠠᠢᠮᠠᠨ ᠤ ᠬᠦᠭᠰᠡᠬᠦᠦ ᠰᠠᠪᠷᠠᠭ ᠪᠠᠭᠠᠳᠤᠷ ᠲᠡᠳᠡᠨ ᠢ ᠲᠤᠪᠳᠣᠯᠵᠣ ᠢᠯᠠᠭᠠᠳ ᠡᠮ᠎ᠡ ᠬᠦᠪᠡᠬᠦᠳ ᠪᠡ ᠡᠳ᠋ ᠬᠦᠷᠦᠩᠭᠡ᠂ ᠠᠯᠪᠠᠳᠤ ᠢᠷᠬᠡᠳ ᠢ ᠴᠦᠮ ᠪᠤᠯᠢᠶᠠᠨ ᠠᠪᠠᠴᠢᠭᠰᠠᠨ ᠪᠠᠶᠢᠨ᠎ᠠ᠃ ᠲᠡᠷᠡ ᠦᠶ᠎ᠡ ᠳᠤ  ᠪᠣᠭᠤᠷᠴᠦ ᠬᠦᠯᠦᠭ ᠤᠨ ᠴᠤᠯᠠ ᠶᠡᠬᠡᠪᠡᠷ ᠠᠯᠳᠠᠷᠰᠢᠵᠤ ᠪᠠᠶᠢᠭᠰᠠᠨ ᠲᠤᠯᠠ ᠸᠠᠩ ᠬᠠᠨ ᠴᠢᠩᠭᠢᠰ ᠬᠠᠭᠠᠨ ᠠᠴᠠ ᠲᠤᠰᠠᠯᠠᠮᠵᠢ ᠭᠤᠶᠤᠬᠤ ᠳᠠᠭᠠᠨ ᠪᠤᠭᠤᠷᠴᠢ ᠨᠠᠷ ᠎ ᠢᠶᠠᠨ ᠢᠷᠡᠬᠦᠯᠤᠮᠤ ᠬᠡᠮᠡᠨ ᠭᠤᠶᠤᠭᠰᠠᠨ ᠳᠤ ᠴᠢᠩᠭᠢᠰ ᠬᠠᠭᠠᠨ ᠲᠡᠷᠡ ᠶᠤᠰᠤᠭᠠᠷ ᠢᠯᠡᠬᠡᠪᠡ᠃ ᠪᠣᠭᠤᠷᠴᠦ ᠬᠦᠷᠴᠤ ᠢᠷᠡᠬᠦ ᠶᠢᠨ ᠤᠷᠢᠳ ᠤᠯᠠᠭᠠᠨ ᠬᠤᠳ ︵ᠤᠳᠤᠬᠢ ᠮᠤᠩᠭᠤᠯ ᠤᠯᠤᠰ ᠤᠨ ᠪᠠᠶᠠᠨ ᠦᠯᠦᠬᠡᠢ ᠠᠶᠢᠮᠠᠭ ᠲᠤ ᠪᠤᠢ︶ ᠬᠡᠳᠡᠭ ᠭᠠᠵᠠᠷ ᠨᠢᠯᠬ᠎ᠠ ᠰᠡᠩᠭᠦᠮ ᠪᠠᠰᠠ ᠨᠠᠢᠮᠠᠨ ᠨᠠᠷ ᠲᠤ ᠢᠯᠡᠬᠳᠠᠵᠤ᠂ ᠵᠡᠷᠯᠢᠭ ᠰᠤᠮᠤ ᠳᠤ ᠮᠤᠷᠢ ᠪᠠᠨ ᠰᠢᠷᠬᠠᠳᠤᠭᠤᠯᠵᠤ᠂ ᠲᠤᠭᠤᠯᠤᠨ ᠶᠠᠪᠤᠵᠤ ᠪᠠᠷᠢᠬᠳᠠᠬᠤ ᠳᠤ ᠬᠦᠷᠴᠤ ᠪᠠᠶᠢᠳᠠᠯ᠎ᠠ᠂  ᠪᠣᠭᠤᠷᠴᠦ ᠶᠢᠨ ᠲᠤᠰᠠᠯᠠᠬᠤ ᠴᠡᠷᠢᠭ ᠯᠦᠭᠡ ᠲᠠᠭᠠᠷᠠᠯᠳᠤᠪᠠ᠃ ᠤᠷᠢᠳ  ᠪᠣᠭᠤᠷᠴᠦ ᠵᠠᠷᠯᠢᠭ ᠬᠦᠯᠢᠶᠡᠵᠤ ᠲᠤᠰᠠᠯᠠᠷ᠎ᠠ ᠤᠴᠢᠬᠤ ᠦᠶ᠎ᠡ ᠳᠤ᠂ ᠴᠢᠩᠭᠢᠰ ᠬᠠᠭᠠᠨ ᠤ ︽ᠴᠢᠬᠢ ᠪᠤᠯᠵᠠᠢ︾ ᠬᠡᠮᠡᠬᠦ ᠮᠤᠷᠢ ᠶᠢ ᠤᠨᠤᠵᠤ ᠤᠴᠢᠶ᠎ᠡ ᠬᠡᠰᠡᠨ ᠳᠤ ᠴᠢᠩᠭᠢᠰ ᠬᠠᠭᠠᠨ ᠵᠦᠪᠰᠢᠶᠡᠷᠡᠵᠤ᠄ ︽ᠲᠦᠷᠬᠡᠨ ᠲᠠᠪᠬᠢᠶ᠎ᠠ ᠬᠡᠪᠡᠯ ᠮᠤᠷᠢ ᠶᠢ ᠪᠢᠳᠡᠬᠡᠢ ᠲᠠᠰᠢᠭᠤᠷᠳᠠᠳᠤᠭᠠᠢ᠃ ᠲᠠᠰᠢᠭᠤᠷ ᠢᠶᠠᠨ ᠮᠤᠷᠢᠨ ᠎ ᠤ ᠲᠡᠯ ᠲᠡᠬᠡᠬᠦᠷ ᠡᠷᠬᠢᠬᠦᠯᠪᠡᠯ ᠪᠤᠯᠴᠢᠬᠠᠨ᠎ᠠ︾ ᠬᠡᠪᠡ᠃ ᠪᠤᠭᠤᠷᠴᠢ ᠸᠠᠩ ᠬᠠᠨ ᠤ ᠲᠡᠷᠭᠡᠳᠡ ᠬᠦᠷᠴᠤ ᠦᠵᠡᠭᠰᠡᠨ ᠎ ᠳᠤ᠂ ᠨᠢᠯᠬ᠎ᠠ ᠰᠡᠩᠭᠦᠮ ᠤᠨ ᠮᠤᠷᠢ ᠰᠢᠷᠬᠠᠳᠤᠵᠤ ᠲᠠᠪᠬᠢᠵᠤ ᠴᠢᠳᠠᠬᠤ ᠦᠭᠡᠢ ᠪᠠᠶᠢᠵᠠᠢ᠃ ᠪᠤᠭᠤᠷᠴᠢ ᠤᠨᠤᠭᠰᠠᠨ ᠮᠤᠷᠢ ᠪᠠᠨ ᠨᠢᠯᠬ᠎ᠠ ᠰᠡᠩᠭᠦᠮ ᠳᠤ ᠦᠭᠴᠤ᠂ ᠦᠪᠡᠷ ᠢᠶᠠᠨ ᠴᠢᠩᠭᠢᠰ ᠬᠠᠭᠠᠨ ᠠᠴᠠ ᠵᠢᠬᠡᠯᠡᠭᠰᠡᠨ ᠮᠤᠷᠢ ᠶᠢ ᠤᠨᠤᠵᠤ ᠲᠠᠪᠬᠢᠬᠤ ᠪᠠᠷ ᠲᠠᠰᠢᠭᠤᠷᠳᠠᠭᠰᠠᠨ ᠳᠤ ᠮᠤᠷᠢ ᠨᠢ ᠬᠠᠷᠢᠨ ᠤᠭᠳᠤ ᠬᠦᠳᠡᠯᠬᠦ ᠦᠭᠡᠢ ᠪᠠᠶᠢᠯ᠎ᠠ᠃  ᠪᠣᠭᠤᠷᠴᠦ ᠬᠡᠨᠡᠳᠳᠡ ᠴᠢᠩᠭᠢᠰ ᠬᠠᠭᠠᠨ ᠤ ᠬᠡᠯᠡᠭᠰᠡᠨ ᠦᠭᠡ ᠶᠢ ᠰᠠᠨᠠᠵᠤ ᠤᠯᠤᠭᠠᠳ ᠲᠠᠰᠢᠭᠤᠷ ᠢᠶᠠᠨ ᠲᠡᠯ ᠲᠡᠬᠡᠬᠦᠷ ᠨᠢ ᠡᠷᠬᠢᠬᠦᠯᠦᠭᠰᠡᠨ ᠳᠤ ᠴᠠᠬᠢᠯᠭᠠᠨ ᠮᠡᠳᠤ ᠲᠦᠷᠬᠡᠨ ᠲᠠᠪᠬᠢᠪᠡ᠃ ᠪᠣᠭᠤᠷᠴᠦ ᠨᠠᠢᠮᠠᠨ ᠨᠠᠷ ᠢ ᠪᠠᠶᠢᠯᠳᠤᠨ ᠢᠯᠠᠭᠠᠳ ᠸᠠᠩ ᠬᠠᠨ ᠤ ᠪᠤᠯᠢᠶᠠᠭᠳᠠᠭᠰᠠᠨ ᠠᠯᠢᠪᠠ ᠶᠠᠭᠤᠮ᠎ᠠ ᠶᠢ ᠪᠦᠷ ᠪᠤᠴᠠᠭᠠᠨ ᠠᠪᠴᠤ ᠸᠠᠩ ᠬᠠᠨ ᠳᠤ ᠡᠬᠡᠬᠦᠯᠦᠨ ᠦᠭᠪᠡ᠃ ᠸᠠᠩ ᠬᠠᠨ ᠶᠡᠬᠡᠯ᠎ᠡ ᠪᠠᠶᠠᠷᠯᠡᠵᠤ  ᠪᠣᠭᠤᠷᠴᠦ ᠶᠢ ᠢᠷᠡᠬᠦᠯᠬᠦ ᠪᠠᠷ ᠤᠷᠢᠪᠠ᠃ ᠬᠡᠳᠡᠯ᠎ᠡ ᠪᠣᠭᠤᠷᠴᠦ ᠲᠡᠷᠡ ᠦᠶ᠎ᠡ ᠳᠤ ᠨᠢᠬᠡᠨᠳᠡ ᠰᠠᠭᠠᠷᠢ ᠬᠡᠬᠡᠷ᠎ᠡ ᠳᠤ ᠪᠠᠭᠤᠭᠰᠠᠨ ᠡᠵᠡᠨ ᠤ ᠪᠠᠨ ᠲᠡᠷᠬᠡᠳᠡ ᠪᠤᠴᠠᠵᠤ ᠢᠷᠡᠵᠠᠢ᠃ ᠸᠠᠩ ᠬᠠᠨ ᠤᠷᠢᠭᠰᠠᠨ ᠢ ᠰᠤᠨᠤᠰᠤᠭᠠᠳ ᠪᠣᠭᠤᠷᠴᠦ ᠰᠠᠭᠠᠳᠠᠭ ᠬᠤᠷᠤᠮᠰᠠᠭ᠎ᠠ ᠠᠭᠰᠠᠭᠰᠠᠨ ᠴᠢᠭ ᠢᠶᠠᠷ ᠢᠶᠠᠨ ᠤᠴᠢᠵᠤ ᠸᠠᠩ ᠬᠠᠨ ᠳᠤ ᠪᠠᠷᠠᠯᠬᠠᠪᠠ᠃ ᠸᠠᠩ ᠬᠠᠨ ᠲᠡᠬᠦᠨ ᠳᠤ ᠨᠢᠬᠡ ᠵᠠᠬ᠎ᠠ ᠬᠤᠪᠴᠠᠰᠤ᠂ ᠠᠷᠪᠠᠨ ᠠᠯᠳᠠᠨ ᠬᠤᠨᠳᠠᠭ᠎ᠠ ᠱᠠᠩᠨᠠᠪᠠ᠃ ᠪᠣᠭᠤᠷᠴᠦ ᠪᠡᠯᠡᠭ ᠢ ᠬᠦᠯᠢᠶᠡᠨ ᠠᠪᠴᠤ ᠪᠤᠴᠠᠨ ᠢᠷᠡᠵᠤ ᠴᠢᠩᠭᠢᠰ ᠬᠠᠭᠠᠨ ᠳᠤ ᠡᠷᠬᠦᠨ ᠪᠠᠷᠠᠯᠬᠠᠭᠠᠳ᠂ ᠲᠤᠷ᠎ᠠ ᠪᠠᠷ ᠎ ᠢᠶᠠᠨ ᠲᠤᠰᠢᠶᠠᠯ ᠤᠨ ᠪᠠᠶᠢᠷᠢ ᠠᠴᠠ ᠰᠠᠯᠤᠭᠰᠠᠨ ᠶᠠᠯ᠎ᠠ ᠪᠠᠨ ᠬᠦᠯᠢᠶᠡᠭᠰᠡᠨ ᠳᠤ ᠴᠢᠩᠭᠢᠰ ᠬᠠᠭᠠᠨ ᠪᠡᠯᠡᠭ ᠢ ᠬᠡᠪ ᠢᠶᠠᠷ ᠦᠭᠭᠦᠭᠰᠡᠨ ᠪᠦᠬᠡᠳ ᠡᠰᠡ ᠵᠢᠮᠡᠯᠡᠪᠡ᠃      1202 ᠣᠨ ᠳᠤ  ᠪᠣᠭᠤᠷᠴᠦ ᠴᠢᠩᠭᠢᠰ ᠬᠠᠭᠠᠨ ᠢ ᠲᠠᠭᠠᠵᠤ ᠲᠠᠲ᠋ᠠᠷ ᠢ ᠲᠠᠶᠢᠯᠠᠷ᠎ᠠ ᠮᠤᠷᠳᠡᠪᠡ᠃ ᠲᠠᠯᠠᠨ ᠨᠦᠮᠦᠷᠬᠡᠰ ᠬᠡᠳᠡᠭ ᠭᠠᠵᠠᠷ ᠬᠦᠷᠴᠤ ᠲᠠᠲ᠋ᠠᠷ ᠲᠠᠢ ᠪᠠᠶᠢᠯᠳᠤᠬᠤ ᠳᠤ ᠴᠢᠩᠭᠢᠰ ᠬᠠᠭᠠᠨ᠄ ︽ᠠᠶᠤᠨ ᠤᠬᠤᠷᠢᠭᠰᠠᠳ ᠢ ᠠᠯᠠᠨ᠎ᠠ︾ ᠬᠡᠵᠤ ᠴᠢᠩᠭ᠎ᠠ ᠴᠠᠭᠠᠯᠠᠭᠰᠠᠨ ᠶᠤᠮ᠃ ᠡᠨᠡ ᠦᠶ᠎ᠡ ᠳᠤ ᠪᠤᠭᠤᠷᠴᠢ ᠮᠤᠷᠢᠨ ᠤ ᠨᠢᠷᠤᠭᠤᠨ ᠲᠡᠭᠡᠷ᠎ᠡ ᠬᠦᠯᠢᠭᠰᠡᠨ ᠮᠡᠳᠤ ᠨᠠᠭᠠᠯᠳᠤᠵᠤ᠂ ᠬᠦᠪᠴᠢ ᠶᠢ ᠬᠦᠢᠴᠡᠳ ᠴᠢᠩᠭᠠᠯᠠᠵᠤ᠂ ᠤᠤᠯ ᠵᠤᠭᠰᠤᠭᠰᠠᠨ ᠭᠠᠵᠠᠷ ᠠᠴᠠ ᠨᠢᠬᠡ ᠢᠮᠠᠬᠤ ᠴᠦ ᠡᠰᠡ ᠬᠦᠳᠡᠯᠪᠡ᠃ ᠤᠳᠠᠯ ᠦᠭᠡᠢ ᠲᠠᠶᠢᠰᠤᠨ ᠢ ᠢᠯᠠᠵᠤ᠂ ᠵᠦᠰᠡᠷ ᠪᠤᠷᠤᠭᠠᠨ ᠳᠤ ᠤᠴᠠᠷᠠᠪᠠ᠃ ᠦᠷᠬᠦᠬᠡ ᠪᠠᠭᠤᠴᠠ ᠪᠠᠨ ᠠᠯᠳᠠᠵᠤ᠂ ᠬᠦᠳᠡᠭᠡ ᠬᠡᠬᠡᠷ᠎ᠡ ᠬᠤᠨᠤᠭᠯᠠᠬᠤ ᠪᠠᠷ ᠪᠤᠯᠤᠭᠰᠠᠨ ᠲᠤᠯᠠ  ᠪᠣᠭᠤᠷᠴᠦ᠂ ᠮᠤᠬᠤᠯᠠᠢ ᠬᠤᠶᠠᠭᠤᠯᠠ ᠢᠰᠡᠬᠡᠢ ᠪᠠᠷ ᠴᠢᠩᠬᠢᠰ ᠬᠠᠭᠠᠨ ᠢ ᠬᠠᠯᠬᠠᠵᠤ᠂ ᠬᠦᠯ ᠰᠢᠯᠵᠢᠯ ᠦᠭᠡᠢ ᠰᠦᠨᠢ ᠲᠤᠵᠢ ᠵᠤᠬᠰᠤᠵᠠᠢ᠃ ᠲᠡᠬᠦᠨ ᠠᠴᠠ ᠬᠤᠶᠢᠨ᠎ᠡ ᠴᠢᠩᠭᠢᠰ ᠬᠠᠭᠠᠨ ᠬᠠᠷ᠎ᠠ ᠬᠠᠯᠵᠠᠨ ᠡᠯᠢᠶᠡᠳᠣ ᠳᠤ ᠸᠠᠩ ᠬᠠᠨ ᠯᠤᠭ᠎ᠠ ᠶᠡᠬᠡᠯ᠎ᠡ ᠪᠠᠶᠢᠯᠳᠣᠵᠤ᠂ ᠮᠠᠷᠭᠠᠰᠢ ᠨᠢ ᠴᠡᠷᠢᠭ ᠢᠶᠠᠨ ᠪᠦᠷᠢᠳᠬᠡᠭᠰᠡᠨ ᠳᠤ ᠦᠬᠡᠳᠡᠢ᠂ ᠪᠤᠷᠤᠬᠤᠯ᠂  ᠪᠣᠭᠤᠷᠴᠦ ᠭᠤᠷᠪᠠᠭᠤᠯᠠ ᠪᠠᠶᠢᠬᠤ ᠦᠭᠡᠢ ᠪᠤᠯᠤᠭᠰᠠᠨ ᠠᠵᠢ᠃ ᠴᠡᠷᠢᠭ ᠲᠠᠶᠠᠭᠠᠷ᠎ᠠ ᠶᠡᠬᠡᠯ᠎ᠡ ᠬᠡᠯᠮᠡᠭᠰᠡᠨ ᠳᠤ ᠴᠢᠩᠭᠢᠰ ᠬᠠᠭᠠᠨ᠄ ︽ᠲᠡᠳᠡ ᠭᠤᠷᠪᠠᠭᠤᠯᠠ ᠠᠮᠢᠳᠤᠷᠠᠪᠠᠴᠤ᠂ ᠦᠬᠦᠪᠡᠴᠤ ᠰᠠᠯᠤᠯᠴᠠᠬᠤ ᠦᠭᠡᠢ ᠶᠤᠮ︾ ᠬᠡᠪᠡ᠃ ᠲᠡᠷᠡ ᠦᠳᠡᠰᠢ ᠴᠢᠩᠭᠢᠰ ᠬᠠᠭᠠᠨ ᠴᠡᠷᠢᠭ ᠢᠶᠠᠨ ᠪᠡᠯᠡᠬᠡᠨ ᠪᠠᠶᠢᠯᠭᠠᠵᠤ᠂ ᠮᠠᠷᠭᠠᠰᠢ ᠦᠷᠯᠦᠬᠡ ᠪᠤᠯᠳᠠᠯ᠎ᠠ ᠡᠰᠡ ᠤᠨᠳᠠᠪᠠ᠃ ᠦᠷ ᠴᠠᠶᠢᠬᠤ ᠦᠶ᠎ᠡ ᠪᠠᠷ ᠠᠯᠤᠰ ᠬᠤᠯᠠ ᠠᠴᠠ ᠨᠢᠬᠡ ᠮᠤᠷᠢᠳᠡᠢ ᠬᠦᠮᠦᠨ ᠠᠶᠢᠰᠦᠢ ᠬᠠᠷᠠᠭᠳᠠᠪᠠ᠂ ᠦᠵᠡᠪᠡᠰᠤ ᠪᠤᠭᠤᠷᠴᠢ ᠠᠵᠢ᠃ ᠴᠢᠩᠭᠢᠰ ᠬᠠᠭᠠᠨ ᠡᠪᠴᠢᠬᠦᠦ ᠪᠠᠨ ᠲᠠᠯᠡᠳᠴᠤ᠄ ︽ᠠᠶ᠎ᠠ ᠪᠤᠭᠤᠷᠴᠤ ᠮᠢᠨᠢ ᠠᠮᠤᠭᠤᠯᠠᠩ ᠢᠷᠡᠪᠡ᠃ ᠮᠦᠩᠭᠡ ᠲᠡᠭᠷᠢ ᠨᠠᠮᠠᠢᠢ ᠢᠪᠡᠬᠡᠭᠰᠡᠨ ᠪᠠᠶᠢᠨ᠎ᠠ︾ ᠬᠡᠪᠡ᠃ ᠪᠣᠭᠤᠷᠴᠦ᠄ ︽ᠪᠠᠶᠢᠯᠳᠤᠭᠠᠨ ᠳᠤ ᠮᠢᠨᠤ ᠮᠤᠷᠢ ᠰᠢᠷᠬᠠᠳᠤᠵᠤ ᠤᠨᠠᠭᠰᠠᠨ ᠲᠤᠯᠠ ᠪᠢ ᠶᠠᠪᠠᠭᠠᠨ ᠬᠦᠶᠦᠵᠤ ᠶᠠᠪᠤᠳᠠᠯ᠎ᠠ᠂ ᠬᠡᠷᠡᠶᠢᠳ ᠤᠨ ᠨᠢᠯᠬ᠎ᠠ ᠰᠡᠩᠭᠦᠮ ᠲᠡᠬᠡᠷ᠎ᠡ ᠴᠤᠭᠯᠠᠷᠠᠵᠤ ᠪᠠᠶᠢᠬᠤ ᠴᠢᠯᠦᠬᠡ ᠪᠠᠷ ᠠᠴᠢᠶ᠎ᠠ ᠪᠠᠨ ᠬᠦᠭᠯᠡᠬᠦᠯᠦᠭᠰᠡᠨ ᠮᠤᠷᠢ ᠶᠢ ᠤᠯᠵᠤ ᠪᠠᠷᠢᠭᠠᠳ᠂ ᠠᠴᠢᠶ᠎ᠠ ᠶᠢ ᠤᠭᠳᠤᠯᠤᠨ ᠬᠠᠶᠠᠵᠤ ᠶᠠᠩᠭᠢᠷᠴᠠᠭ ᠲᠡᠬᠡᠷ᠎ᠡ ᠨᠢ ᠤᠨᠤᠭᠠᠳ ᠵᠤᠪᠠᠯᠠᠩ ᠠᠴᠠ ᠬᠡᠯᠳᠦᠷᠢᠵᠤ᠂ ᠦᠪᠡᠷ ᠤᠨ ᠴᠡᠷᠢᠭ ᠤᠨ ᠮᠦᠷ ᠢ ᠮᠦᠰᠬᠢᠵᠤ ᠶᠠᠪᠤᠭᠰᠠᠭᠠᠷ ᠬᠦᠷᠴᠤ ᠢᠷᠡᠪᠡ︾ ᠬᠡᠵᠠᠢ᠃ ᠡᠨᠡ ᠦᠶ᠎ᠡ ᠳᠤ ᠠᠯᠤᠰ ᠬᠤᠯᠠ ᠠᠴᠠ ᠪᠠᠰᠠ ᠨᠢᠬᠡᠨ ᠮᠤᠷᠢ ᠲᠠᠢ ᠬᠦᠮᠦᠨ ᠠᠶᠢᠰᠦᠢ ᠬᠠᠷᠠᠭᠳᠠᠪᠠ᠃ ᠣᠶᠢᠷᠠᠳᠤᠵᠤ ᠢᠷᠡᠬᠦ ᠳᠤ ᠦᠵᠡᠭᠰᠡᠨ᠎ᠡ ᠨᠢᠬᠡᠨ ᠬᠦᠮᠦᠨ ᠮᠡᠳᠣ ᠪᠠᠶᠢᠳᠠᠯ᠎ᠠ᠂ ᠲᠤᠤᠷ᠎ᠠ ᠨᠢ ᠬᠦᠮᠦᠨ ᠤ ᠬᠦᠯ ᠮᠡᠳᠣ ᠶᠠᠭᠤᠮ᠎ᠠ ᠤᠨᠵᠢᠯᠴᠠᠵᠤ ᠪᠠᠶᠢᠯ᠎ᠠ᠃ ᠬᠦᠷᠴᠤ ᠢᠷᠡᠬᠦ ᠳᠤ ᠦᠵᠡᠭᠰᠡᠨ᠎ᠡ ᠦᠬᠡᠳᠡᠢ ᠶᠢᠨ ᠬᠤᠶᠢᠨ᠎ᠡ ᠪᠤᠷᠤᠬᠤᠯ ᠰᠤᠨᠳᠠᠯᠠᠵᠤ ᠢᠷᠡᠪᠡ᠃ ᠪᠤᠷᠤᠬᠤᠯ ᠤᠨ ᠠᠮᠠᠨ ᠤ ᠵᠠᠪᠵᠢᠨ ᠠᠴᠠ ᠴᠢᠰᠤ ᠴᠤᠪᠤᠷᠢᠵᠤ ᠪᠠᠶᠢᠯ᠎ᠠ᠃ ᠦᠬᠡᠳᠡᠢ ᠶᠢᠨ ᠬᠦᠵᠦᠬᠦᠦ ᠰᠤᠮᠤᠨ ᠳᠤ ᠰᠢᠷᠬᠠᠳᠣᠭᠰᠠᠨ ᠤ ᠤᠴᠢᠷ ᠪᠢᠯᠡ᠃ ᠴᠢᠩᠭᠢᠰ ᠬᠠᠭᠠᠨ ᠦᠵᠡᠬᠡᠳ ᠨᠢᠳᠦᠨ ᠠᠴᠠ ᠨᠢᠯᠪᠤᠰᠤ ᠪᠦᠮᠪᠦᠷᠢᠬᠦᠯᠵᠤ ᠲᠡᠷᠣᠢ ᠭᠠᠯ ᠲᠦᠯᠡᠬᠦᠯᠦᠬᠡᠳ ᠦᠬᠡᠳᠡᠢ ᠶᠢᠨ ᠰᠢᠷᠬ᠎ᠠ ᠶᠢ ᠬᠠᠭᠠᠷᠢᠵᠤ᠂ ᠦᠬᠡᠳᠡᠢ ᠳᠤ ᠤᠮᠳᠠ ᠦᠭᠴᠤ ᠤᠤᠭᠤᠯᠭᠠᠪᠠ᠃ ᠪᠤᠷᠤᠬᠤᠯ᠄ ︽ᠮᠠᠣ ᠦᠨᠳᠦᠷ ᠤᠨ ᠦᠪᠤᠷ ᠢᠶᠠᠷ ᠤᠯᠠᠭᠠᠨ ᠪᠤᠷᠬᠠᠳ ︵ᠤᠳᠤ ᠮᠤᠩᠭᠤᠯ ᠤᠯᠤᠰ ᠤᠨ ᠬᠠᠯᠬ᠎ᠠ ᠭᠤᠤᠯ ᠤᠨ ᠤᠷᠴᠢᠮ ᠪᠤᠢ︶᠎ ᠠᠴᠠ ᠴᠢᠨᠠᠭᠰᠢ ᠲᠠᠶᠢᠰᠦᠨ ᠲᠤᠭᠤᠰᠤ ᠰᠤᠭᠤᠨᠤᠭᠯᠠᠵᠤ ᠲᠠᠯᠳᠠ ᠤᠷᠤᠪᠠ︾ ᠬᠡᠵᠠᠢ᠃ ᠲᠡᠨᠳᠡ ᠠᠴᠠ ᠴᠢᠩᠭᠢᠰ ᠬᠠᠭᠠᠨ ᠤ ᠴᠡᠷᠢᠭ ᠬᠦᠳᠡᠯᠦᠬᠡᠳ ᠤᠯᠬᠤᠢ ᠰᠢᠯᠦᠬᠡᠯᠵᠢᠳ ︵ᠤᠳᠤᠬᠢ ᠦᠪᠦᠷ ᠮᠤᠩᠭᠤᠯ ᠤᠨ ᠵᠡᠬᠦᠨ ᠦᠵᠦᠮᠦᠴᠢᠨ ᠬᠤᠰᠢᠭᠤᠨ ᠎ ᠳᠤ ᠪᠤᠢ︶᠎ ᠢ ᠴᠢᠭᠯᠡᠨ ᠶᠠᠪᠤᠵᠤ ᠲᠠᠯᠠᠨ ᠨᠦᠮᠦᠷᠬᠡᠰ ᠲᠤ ᠤᠷᠤᠪᠠ᠃       1206 ᠣᠨ ᠳᠤ ᠴᠢᠩᠭᠢᠰ ᠬᠠᠭᠠᠨ ᠬᠤᠶᠠᠳᠠᠬᠢ ᠤᠳᠠᠭ᠎ᠠ ᠶᠡᠭᠡ ᠬᠠᠭᠠᠨ ᠡᠷᠬᠦᠮᠵᠢᠯᠡᠭᠳᠡᠵᠤ᠂ ᠭᠠᠪᠢᠶᠠᠳᠠᠨ ᠰᠠᠶᠢᠳ ᠢᠶᠠᠨ ᠱᠠᠩᠨᠠᠬᠤ ᠦᠶ᠎ᠡ ᠳᠤ᠂ ᠪᠣᠭᠤᠷᠴᠦ ᠶᠢ ᠪᠠᠷᠠᠭᠤᠨ ᠭᠠᠷᠤᠨ ᠲᠦᠮᠡᠨ ᠤ ᠨᠤᠶᠠᠨ ᠪᠤᠯᠭᠠᠭᠠᠳ᠄ ︽ᠨᠠᠰᠤᠨ ᠪᠠᠭ᠎ᠠ ᠶᠢᠨ ᠴᠠᠭ ᠲᠤ ᠨᠠᠢᠮᠠᠨ ᠰᠢᠷᠭ᠎ᠠ ᠪᠠᠨ ᠠᠯᠳᠠᠭᠠᠳ ᠭᠤᠷᠪᠠᠨ ᠬᠤᠨᠤᠭ ᠨᠡᠬᠡᠵᠤ ᠶᠠᠪᠤᠬᠤ ᠵᠠᠮ ᠳᠤ ᠴᠢᠮ᠎ᠠ ᠲᠠᠢ ᠠᠭᠤᠯᠵᠠᠭᠰᠠᠨ ᠪᠢᠯᠡ᠃ ᠴᠢ ᠡᠴᠢᠬᠡ ᠠᠨᠤ ᠨᠠᠬᠤ ᠪᠠᠶᠠᠨ ᠳᠠᠭᠠᠨ ᠬᠡᠯᠡᠯᠬᠦᠢ᠂ ᠮᠢᠨᠤ ᠨᠦᠬᠦᠷ ᠪᠤᠯᠵᠤ ᠬᠠᠮᠳᠤ ᠶᠠᠪᠤᠭᠠᠳ ᠠᠯᠳᠠᠭᠰᠠᠨ ᠮᠤᠷᠢ ᠶᠢ ᠤᠯᠪᠠ᠃ ᠴᠢᠨᠤ ᠡᠴᠢᠬᠡ ᠨᠠᠬᠤ ᠪᠠᠶᠠᠨ ᠲᠠᠯᠠᠢ ᠶᠡᠭᠡ ᠬᠦᠷᠦᠩᠭᠡ ᠲᠠᠢ ᠠᠳᠠᠯ᠎ᠠ ᠭᠠᠭᠴᠠ ᠨᠢᠬᠡ ᠬᠦᠪᠡᠬᠦᠨ ᠢᠶᠠᠨ ᠡᠨᠡᠷᠢᠨ ᠬᠠᠶᠢᠷᠠᠯᠠᠬᠤ ᠶᠢ ᠲᠡᠪᠴᠢᠵᠤ᠂ ᠠᠯᠤᠰ ᠬᠤᠯᠠ ᠴᠢᠮᠠᠢᠢ ᠢᠯᠡᠬᠡᠭᠰᠡᠨ ᠎ ᠨᠢ ᠦᠪᠡᠷ ᠢ ᠪᠠᠨ ᠦᠯᠦ ᠬᠠᠶᠢᠬᠤᠷᠤᠨ ᠴᠢᠨᠤ ᠵᠢᠷᠤᠮ ᠢ ᠪᠤᠳᠤᠭᠰᠠᠨ ᠶᠤᠮ᠃ ᠲᠡᠬᠡᠬᠡᠳ ᠴᠢ ᠢᠮᠠᠭᠳᠠ ᠡᠴᠢᠬᠡ ᠎ ᠪᠠᠨ ᠤᠷᠬᠢᠵᠤ ᠨᠠᠮᠠᠢᠢ ᠲᠠᠭᠠᠭᠰᠠᠨ ᠪᠢᠯᠡ᠃ ᠬᠤᠵᠢᠮ ᠨᠢ ᠲᠠᠯᠠᠨ ᠨᠦᠮᠦᠷᠬᠡᠰ ᠲᠤ ᠲᠠᠲ᠋ᠠᠷ ᠯᠤᠭ᠎ᠠ ᠲᠤᠯᠤᠯᠳᠤᠵᠤ ᠬᠤᠨᠤᠬᠤ ᠳᠤ ᠡᠳᠦᠷ ᠰᠦᠨᠢ ᠬᠤᠷ᠎ᠠ ᠵᠦᠰᠡᠷᠡᠨ ᠤᠷᠤᠪᠠ᠃ ᠲᠡᠷᠡ ᠰᠦᠨᠢ ᠨᠠᠮᠠᠢᠢ ᠤᠨᠳᠠᠭᠤᠯᠬᠤ ᠬᠡᠵᠤ ᠮᠢᠨᠤ ᠲᠡᠬᠡᠷ᠎ᠡ ᠢᠰᠡᠬᠡᠢ ᠨᠦᠮᠦᠷᠬᠡ ᠪᠠᠨ ᠪᠠᠷᠢᠵᠤ ᠰᠦᠨᠢ ᠲᠤᠷᠰᠢ ᠵᠤᠭᠰᠤᠬᠤ ᠳᠠᠭᠠᠨ ᠴᠢ ᠮᠢᠨᠢ ᠦᠷᠦᠬᠡᠰᠦᠨ ᠬᠦᠯ ᠢᠶᠠᠨ ᠭᠠᠭᠴᠠ ᠴᠦ ᠤᠳᠠᠭ᠎ᠠ ᠰᠤᠯᠢᠵᠤ ᠬᠢᠰᠬᠢᠭᠰᠡᠨ ᠦᠭᠡᠢ ᠶᠤᠮ᠃ ᠬᠦᠯᠦᠭ ᠪᠠᠭᠠᠳᠤᠷ ᠤᠨ ᠰᠢᠨᠵᠢ ᠡᠨᠡ ᠪᠢᠯᠡ᠃ ᠲᠡᠬᠦᠨ ᠠᠴᠠ ᠪᠤᠰᠤ ᠴᠢᠨᠤ ᠭᠠᠪᠢᠶ᠎ᠠ ᠵᠢᠳᠬᠦᠯ ᠤᠨ ᠠᠯᠢᠨ ᠢ ᠬᠡᠯᠡᠬᠡᠳ ᠪᠠᠷᠠᠬᠤ ᠪᠤᠢ︖ ᠴᠢ ᠪᠠᠰᠠ ᠮᠤᠬᠤᠯᠠᠢ ᠲᠠᠢ ᠡᠷᠳᠡ ᠤᠷᠤᠢ ᠢᠯᠭᠠᠯ ᠦᠭᠡᠢ ᠮᠢᠨᠤ ᠵᠡᠬᠦᠨ ᠪᠠᠷᠠᠭᠤᠨ ᠵᠢᠬᠦᠷ ᠲᠠᠢ ᠪᠠᠶᠢᠵᠤ᠂ ᠨᠠᠮᠠᠢᠢ ᠬᠦᠮᠦᠨ ᠳᠤ ᠦᠳᠡᠬᠡᠷᠡᠯᠦᠭᠰᠡᠨ ᠦᠭᠡᠢ ᠲᠡᠭᠷᠢ ᠳᠤ ᠪᠤᠷᠤᠭᠤ ᠦᠵᠡᠬᠦᠯᠦᠰᠡᠨ ᠦᠭᠡᠢ᠂ ᠡᠨᠡ ᠬᠠᠭᠠᠨ ᠰᠠᠭᠤᠷᠢᠨ ᠳᠤ ᠰᠠᠭᠤᠯᠭᠠᠵᠤ᠂ ᠡᠳᠦᠬᠡ ᠤᠮᠠᠷ᠎ᠠ ᠤᠷᠤᠨ ᠢ ᠲᠤᠭᠳᠠᠭᠠᠪᠠ᠃ ᠡᠳᠡᠬᠡᠷ ᠪᠦᠬᠦᠨ ᠴᠦᠮ ᠲᠠᠨᠠᠷ ᠤᠨ ᠬᠦᠴᠦ ᠪᠤᠯᠠᠢ᠃ ᠪᠢ ᠲᠠᠨ ᠯᠤᠭ᠎ᠠ ᠶᠠᠭ ᠯᠡ ᠲᠡᠷᠬᠡᠨ ᠤ ᠬᠤᠶᠠᠷ ᠠᠷᠠᠯ᠂ ᠨᠢᠬᠡ ᠪᠡᠶ᠎ᠡ ᠶᠢᠨ ᠬᠤᠶᠠᠷ ᠭᠠᠷ ᠮᠡᠳᠣ᠂ ᠲᠠ ᠨᠠᠷ ᠬᠠᠮᠳᠤ ᠶᠢᠨ ᠰᠠᠨᠠᠭ᠎ᠠ ᠶᠢ ᠬᠠᠷᠠᠭᠤᠯᠵᠤ ᠢᠮᠠᠭᠳᠠ ᠡᠰᠡ ᠦᠳᠦᠬᠡᠷᠡᠪᠡ᠃ ᠡᠳᠦᠬᠡ ᠪᠢ ᠲᠠᠨ ᠢ ᠪᠦᠬᠦᠳᠡ ᠶᠢᠨ ᠲᠡᠬᠡᠷ᠎ᠡ ᠰᠠᠭᠤᠯᠭᠠᠵᠤ᠂ ᠶᠢᠰᠦᠨ ᠤᠳᠠᠭ᠎ᠠ ᠤᠰᠤᠯ ᠭᠠᠷᠭᠠᠪᠠᠴᠤ ᠶᠠᠯ᠎ᠠ ᠬᠡᠯᠡᠯᠴᠡᠬᠦ ᠦᠭᠡᠢ ᠪᠤᠯᠭᠠᠶ᠎ᠠ᠃ ᠡᠬᠦᠨ ᠠᠴᠠ ᠬᠤᠶᠢᠰᠢ  ᠪᠣᠭᠤᠷᠴᠦ ᠴᠢ ᠪᠠᠷᠠᠭᠤᠨ ᠭᠠᠷᠤᠨ ᠠᠯᠳᠠᠢ ᠤᠷᠴᠢᠮ ᠤᠨ ᠲᠦᠮᠡᠨ ᠢ ᠮᠡᠳᠡᠵᠤ ᠵᠠᠬᠢᠷᠳᠤᠭᠠᠢ︾ ᠬᠡᠵᠤ ᠵᠠᠷᠯᠢᠭ ᠪᠤᠯᠪᠠ᠃     ᠪᠤᠭᠤᠷᠴᠢ ᠴᠢᠩᠭᠢᠰ ᠬᠠᠭᠠᠨ ᠢ ᠲᠠᠭᠠᠵᠤ ᠰᠠᠷᠳᠠᠭᠤᠯ ᠤᠯᠤᠰ ᠢ ᠲᠠᠶᠢᠯᠠᠭᠰᠠᠨ ᠪᠦᠬᠡᠳ ᠰᠡᠬᠦᠯᠡᠷ ᠨᠢ ᠪᠠᠰᠠ ᠲᠠᠩᠭᠤᠳ ᠢ ᠲᠠᠶᠢᠯᠠᠵᠤ᠂ ᠠᠱᠠ ᠬᠠᠮᠪᠤ ᠶᠢ ᠬᠤᠯᠠᠨ ᠠᠭᠤᠯᠠᠨ ︵ᠤᠳᠤᠬᠢ ᠦᠪᠦᠷ ᠮᠤᠩᠭᠤᠯ ᠳᠤ ᠪᠠᠶᠢᠭ᠎ᠠ ᠡᠾᠧ ᠯᠠᠨ ᠱᠠᠨ ᠠᠭᠤᠯᠠ︶᠎ ᠳᠤ ᠢᠯᠡᠪᠡ᠃ ᠲᠡᠷᠡ ᠲᠤᠬᠠᠢ ᠴᠢᠩᠭᠢᠰ ᠬᠠᠭᠠᠨ᠄ ︽ ᠪᠣᠭᠤᠷᠴᠦ ᠪᠠ ᠮᠤᠬᠤᠯᠠᠢ ᠶᠢᠨ ᠬᠦᠪᠡᠬᠦᠨ ᠪᠤᠯᠤ᠂ ᠤᠯᠤᠭᠰᠠᠨ ᠤᠯᠵᠠ ᠠᠴᠠ ᠴᠢᠳᠠᠯ ᠤᠨ ᠢᠶᠠᠨ ᠬᠢᠷᠢ ᠪᠠᠷ ᠠᠪ︕︾ ᠬᠡᠵᠤ ᠵᠠᠷᠯᠢᠭ ᠪᠤᠯᠪᠠ᠃ ᠲᠡᠬᠦᠨ ᠤ ᠬᠤᠶᠢᠨ᠎ᠡ ᠴᠢᠩᠭᠢᠰ ᠬᠠᠭᠠᠨ ᠪᠠᠰᠠ ᠲᠡᠷᠡ ᠬᠤᠶᠠᠭᠤᠯᠠ ᠶᠢ ᠲᠠᠭᠤᠳᠠᠵᠤ᠄ ︽ᠤᠷᠢᠳ ᠠᠯᠳᠠᠨ ᠤᠯᠤᠰ ᠢ ᠢᠯᠠᠭᠠᠳ ᠤᠯᠵᠠᠯᠠᠭᠰᠠᠨ ᠢᠷᠬᠡᠳ ᠠᠴᠠ ᠲᠠ ᠬᠤᠶᠠᠷ ᠲᠤ ᠬᠤᠪᠢᠯᠤᠭ᠎ᠠ ᠦᠭᠡᠢ ᠪᠢᠯᠡ᠃ ᠡᠳᠦᠬᠡ ᠲᠡᠳᠡᠨ ᠤ ᠲᠤᠳᠤᠷ᠎ᠠ ᠲᠠᠲ᠋ᠠᠷ ᠨᠠᠷ ᠪᠠᠶᠢᠪᠠᠯ᠃ ᠰᠠᠶᠢᠨ ᠡᠷᠡᠰ ᠢᠶᠠᠷ ᠨᠢ ᠪᠦᠷᠬᠦᠳ ᠱᠤᠩᠬᠤᠷ ᠢᠶᠠᠨ ᠪᠠᠷᠢᠭᠤᠯ᠂ ᠰᠠᠶᠢᠬᠠᠨ ᠬᠡᠦᠬᠡᠨ ᠢᠶᠠᠷ ᠨᠢ ᠡᠬᠡᠨᠡᠷ ᠬᠡᠦᠬᠡᠳ ᠢᠶᠠᠨ ᠠᠰᠠᠷᠠᠭᠤᠯ᠃ ᠦᠩᠭᠡᠷᠡᠭᠰᠡᠨ ᠳᠤ ᠠᠯᠳᠠᠨ ᠤᠯᠤᠰ ᠤᠨ ᠡᠵᠡᠨ ᠲᠡᠳᠡᠨ ᠢ ᠲᠤᠳᠤᠨᠤᠴᠢᠯᠠᠨ ᠵᠡᠬᠦᠨ ᠪᠠᠷᠠᠭᠤᠨ ᠭᠠᠷ ᠢᠶᠠᠨ ᠪᠤᠯᠭᠠᠵᠤ᠂ ᠮᠢᠨᠤ ᠲᠡᠬᠡᠳᠦᠰ ᠢ ᠠᠯᠠᠵᠤ ᠪᠠᠶᠢᠪᠠ᠃ ᠤᠳᠤ ᠲᠠ ᠬᠤᠶᠠᠷ ᠮᠢᠨᠤ ᠬᠤᠤᠰ ᠦᠭᠡᠢ ᠰᠢᠳᠠᠷ ᠲᠦᠰᠢᠮᠡᠯ ᠪᠤᠯᠬᠤ ᠲᠤᠯᠠ᠂ ᠲᠡᠳᠡ ᠨᠠᠷ ᠢ ᠪᠤᠭᠤᠯ ᠵᠠᠷᠤᠳᠠᠰᠤ ᠪᠠᠨ ᠪᠤᠯᠭᠠᠵᠤ ᠦᠢᠯᠡᠴᠢᠯᠡᠬᠦᠯ︕︾ ᠬᠡᠵᠠᠢ᠃      ᠴᠢᠩᠭᠢᠰ ᠬᠠᠭᠠᠨ ᠬᠠᠷ᠎ᠠ ᠬᠢᠳᠠᠨ ᠤ ᠭᠠᠵᠠᠷ ᠢ ᠴᠠᠭᠠᠳᠠᠢ ᠳᠤ ᠦᠮᠴᠢᠯᠡᠬᠦᠯᠦᠨ ᠦᠭᠭᠦᠭᠡᠳ ᠦᠳᠡᠨ ᠮᠤᠷᠳᠠᠭᠤᠯᠬᠤ ᠦᠶ᠎ᠡ ᠳᠤ᠄ ︽ᠪᠣᠭᠤᠷᠴᠦ ᠠᠴᠠ ᠰᠤᠷᠭᠠᠯ ᠬᠦᠷᠳᠡᠬᠡᠳ ᠶᠠᠪᠤᠭᠳᠣᠨ︕︾ ᠬᠡᠵᠤ ᠵᠠᠷᠯᠢᠭ ᠪᠤᠯᠪᠠ᠃ ᠡᠬᠦᠨ ᠳᠤ  ᠪᠣᠭᠤᠷᠴᠦ᠄ ︽ᠬᠦᠮᠦᠨ ᠲᠦᠷᠦᠯᠬᠢᠳᠡᠨ ᠠᠮᠢᠳᠤᠷᠠᠨ ᠲᠦᠯᠵᠢᠬᠦ ᠳᠡᠭᠡᠨ ᠡᠷᠬᠡᠪᠰᠢ ᠰᠠᠶᠢᠨ ᠭᠠᠵᠠᠷ ᠢ ᠤᠯᠬᠤ ᠬᠡᠷᠡᠭᠳᠡᠢ᠃ ᠤᠴᠠᠷᠠᠭᠰᠠᠨ ᠡᠯ᠎ᠡ ᠭᠠᠵᠠᠷ ᠲᠤ ᠠᠯᠭᠠᠰᠠᠨ ᠬᠤᠷᠭᠤᠳᠤᠵᠤ ᠦᠯᠦ ᠪᠤᠯᠤᠨ᠎ᠠ︾ ᠬᠡᠵᠤ ᠰᠤᠷᠭᠠᠪᠠ᠃ ᠴᠢᠩᠭᠢᠰ ᠬᠠᠭᠠᠨ ᠡᠨᠡ ᠬᠦ ᠦᠬᠡ ᠶᠢ ᠰᠤᠨᠤᠰᠤᠭᠠᠳ ᠴᠠᠭᠠᠳᠠᠢ ᠳᠤ᠄ ︽ᠪᠢ ᠦᠪᠡᠷ ᠢᠶᠠᠨ ᠰᠤᠷᠭᠠᠪᠠᠴᠤ᠂  ᠪᠣᠭᠤᠷᠴᠦ ᠶᠢᠨ ᠰᠤᠷᠭᠠᠭᠰᠠᠨ ᠠᠴᠠ ᠬᠡᠳᠦᠷᠡᠬᠦ ᠪᠠᠷ ᠦᠭᠡᠢ︾ ᠬᠡᠵᠠᠢ᠃  ᠪᠣᠭᠤᠷᠴᠦ ᠨᠠᠰᠤ ᠠᠬᠢᠵᠤ ᠬᠦᠭᠰᠢᠷᠡᠳᠡᠯ᠎ᠡ ᠪᠠᠨ ᠴᠢᠩᠭᠢᠰ ᠬᠠᠭᠠᠨ ᠢ ᠲᠠᠭᠠᠵᠤ᠂ ᠲᠠᠩᠭᠤᠳ ᠤᠯᠤᠰ ᠢ ᠲᠠᠶᠢᠯᠠᠵᠤ ᠶᠠᠪᠤᠬᠤ ᠳᠠᠭᠠᠨ ᠨᠠᠰᠤ ᠪᠠᠷᠠᠵᠠᠢ᠃      ︽ᠶᠤᠸᠠᠨ ᠤᠯᠤᠰ ᠤᠨ ᠰᠤᠳᠤᠷ︾᠎ ᠲᠤ᠄ ︽ᠪᠣᠭᠤᠷᠴᠦ ᠨᠠᠰᠤᠨ ᠲᠤᠷᠰᠢ ᠴᠢᠩᠭᠢᠰ ᠬᠠᠭᠠᠨ ᠤ ᠬᠡᠰᠢᠭᠳᠡᠨ ᠴᠡᠷᠢᠭ ᠢ ᠵᠠᠬᠢᠷᠴᠤ᠂ ᠭᠠᠭᠴᠠ ᠪᠡᠶ᠎ᠡ ᠪᠠᠷ ᠴᠡᠷᠢᠭ ᠵᠠᠬᠢᠷᠤᠨ ᠭᠠᠳᠠᠭᠰᠢ ᠲᠠᠶᠢᠯᠠᠵᠤ ᠦᠩᠭᠡᠷᠡᠭᠰᠡᠨ ᠦᠭᠡᠢ᠂ ᠡᠶᠢᠮᠤ ᠎ ᠠᠴᠠ ᠲᠡᠷᠡ ᠨᠢᠬᠡ ᠡᠳᠡᠬᠡᠳ ᠢ ᠲᠠᠭᠠᠭᠠᠴᠢᠯᠠᠭᠰᠠᠨ ᠭᠠᠪᠢᠶ᠎ᠠ ᠬᠡᠵᠤ ᠦᠭᠡᠢ᠃ ᠬᠡᠪᠡᠴᠤ ᠴᠢᠩᠭᠢᠰ ᠬᠠᠭᠠᠨ ᠤ ᠲᠤᠰ ᠪᠡᠶ᠎ᠡ ᠴᠡᠷᠢᠭ ᠠᠪᠴᠤ ᠬᠦᠷᠦᠭᠰᠡᠨ ᠭᠠᠵᠠᠷ ᠪᠦᠬᠦᠨ ᠳᠤ ᠲᠡᠷᠡ ᠰᠠᠯᠤᠯ ᠦᠭᠡᠢ ᠲᠠᠭᠠᠵᠤ᠂ ᠬᠡᠳᠦᠢ ᠵᠦᠳᠡᠪᠡᠴᠤ ᠶᠠᠷᠤ ᠬᠡᠮᠰᠢᠬᠦ ᠦᠭᠡᠢ᠂ ᠬᠡᠳᠦᠢ ᠶᠡᠭᠡ ᠭᠠᠪᠢᠶ᠎ᠠ ᠪᠠᠶᠢᠭᠤᠯᠪᠠᠴᠤ ᠶᠡᠷᠤ ᠤᠮᠤᠷᠬᠠᠳᠠᠭ ᠦᠭᠡᠢ᠃ ᠴᠢᠩᠭᠢᠰ ᠬᠠᠭᠠᠨ ᠤᠯᠠᠨᠳᠠ ᠡᠷᠡᠬᠡᠢ ᠭᠠᠷᠭᠠᠵᠤ ᠮᠠᠭᠳᠠᠨ ᠰᠠᠶᠢᠰᠢᠶᠡᠪᠡ︾ ᠬᠡᠵᠤ ᠲᠡᠮᠳᠡᠭᠯᠡᠭᠰᠡᠨ ᠪᠠᠶᠢᠵᠠᠢ᠃︵ᠨᠠ᠊ · ᠠᠯᠳᠠᠨᠱᠠ ᠶᠢᠨ ︽ᠮᠤᠩᠭᠤᠯᠴᠤᠳ ᠤᠨ ᠦᠴᠦᠬᠡᠳᠦᠷ ᠤᠨ ᠮᠦᠷ︾ ᠬᠡᠬᠦ ᠨᠤᠮ ᠠᠴᠠ ᠰᠡᠶᠢᠷᠡᠬᠦᠯᠪᠡ︶
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号