ᠴᠢᠩᠬᠢᠰ ᠤᠨ ᠳᠦᠷᠪᠡᠨ ᠬᠦᠯᠦᠭ — ᠪᠣᠷᠣᠬᠤᠯ
ᠨᠡᠶᠢᠲᠡᠯᠡᠭᠰᠡᠨ ᠴᠠᠭ᠄
2018/3/30
       ᠵᠦᠷᠬᠢᠨ ᠠᠶᠢᠮᠠᠭ ᠤᠨ ᠬᠤᠤᠵᠢᠨ ᠤᠪᠤᠭᠳᠠᠨ᠃ 1195 ᠣᠨ ᠳᠤ ᠴᠢᠩᠭᠢᠰ ᠬᠠᠭᠠᠨ᠂ ᠲᠡᠷᠭᠡᠳᠣ ᠶᠢᠨ ᠠᠮᠠᠰᠠᠷ ᠭᠡᠭᠦ ᠭᠠᠵᠠᠷ ᠵᠦᠷᠬᠢᠨ ᠢ ᠨᠡᠭᠡᠵᠤ ᠬᠦᠢᠴᠡᠬᠡᠳ᠂ ᠲᠡᠳᠡᠨ ᠤ ᠨᠤᠶᠠᠨ ᠰᠡᠴᠡᠪᠠᠬᠢ᠂ ᠲᠠᠶᠢᠴᠤ ᠬᠤᠶᠠᠷ ᠢ ᠪᠠᠷᠢᠵᠤ ᠠᠯᠠᠭᠠᠳ ᠪᠤᠴᠠᠬᠤ ᠳᠠᠭᠠᠨ ᠵᠠᠯᠠᠶᠢᠷ ᠤᠨ ᠵᠡᠪᠡᠭᠡ ᠨᠠᠷ ᠵᠦᠷᠬᠢᠨ ᠤ ᠬᠠᠭᠤᠴᠢᠨ ᠨᠤᠲᠤᠭ ᠢᠶᠠᠷ ᠦᠩᠭᠡᠷᠡᠵᠤ ᠭᠠᠷᠬᠤ ᠳᠤ ᠬᠤᠤᠵᠢᠨ ᠣᠪᠣᠭ ᠤᠨ ᠪᠠᠭᠤᠴᠠᠨ ᠲᠡᠬᠡᠷ᠎ᠡ ᠠᠴᠠ ᠨᠢᠭᠡᠨ ᠵᠢᠭᠠᠯ ᠬᠦᠪᠡᠬᠦᠨ ᠢ ᠤᠯᠵᠤ ᠠᠪᠴᠢᠷᠠᠭᠠᠳ᠂ ᠴᠢᠩᠭᠢᠰ ᠬᠠᠭᠠᠨ ᠤ ᠡᠬᠡ ᠦᠬᠡᠯᠦᠨ ᠦᠵᠢᠨ ᠳᠤ ᠥᠭᠪᠡ᠃ ᠡᠨᠡ ᠪᠣᠯ ᠮᠦᠨ ᠪᠤᠷᠤᠬᠤᠯ ᠶᠤᠮ᠃       ᠪᠤᠷᠤᠬᠤᠯ ᠪᠠᠭ᠎ᠠ ᠳᠠᠭᠠᠨ ᠴᠢᠩᠭᠢᠰ ᠬᠠᠭᠠᠨ ᠤ ᠵᠤᠭᠤᠭ ᠢ ᠡᠷᠬᠢᠯᠡᠳᠡᠭ ᠪᠤᠭᠤᠷᠴᠢ ︵ᠲᠤᠭᠤᠭᠠᠴᠢ︶ ᠪᠠᠶᠢᠵᠠᠢ ᠃ ᠬᠡᠪᠡᠴᠤ ᠰᠡᠬᠦᠯᠡᠷ ᠨᠢ ᠦᠰᠴᠤ᠂ ᠦᠭᠡᠯᠡᠢ ᠪᠤᠯᠤᠭᠠᠳ ᠬᠠᠷᠪᠤᠵᠤ ᠨᠠᠮᠨᠠᠬᠤ ᠳᠤ ᠮᠡᠷᠭᠡᠰᠢᠨ᠂ ᠲᠠᠶᠢᠨ ᠪᠠᠶᠢᠯᠳᠤᠭᠠᠨ ᠎ ᠳᠤ ᠰᠢᠯᠭᠠᠷᠠᠭᠠᠳ᠂ ᠪᠤᠭᠤᠷᠴᠢ᠂ ᠮᠤᠬᠤᠯᠠᠢ᠂ ᠴᠢᠯᠠᠭᠤᠨ ᠨᠠᠷ ᠲᠠᠢ ᠮᠦᠷᠦ ᠵᠡᠷᠬᠡᠴᠡᠵᠤ᠂ ᠴᠢᠩᠭᠢᠰ ᠬᠠᠭᠠᠨ ᠤ ᠲᠦᠷᠪᠡᠨ ᠬᠦᠯᠦᠭ ᠬᠡᠵᠤ ᠠᠯᠳᠠᠷᠰᠢᠪᠡ᠃       1201ᠣᠨ ᠳᠤ ᠴᠢᠩᠭᠢᠰ ᠬᠠᠭᠠᠨ ᠲᠠᠶᠢᠴᠢᠭᠤᠳ ᠠᠶᠢᠮᠠᠭ ᠢ ᠲᠦᠪᠰᠢᠳᠬᠡᠬᠦ ᠦᠶ᠎ᠡ ᠳᠤ ᠪᠤᠷᠤᠬᠤᠯ ᠲᠠᠭᠠᠵᠤ ᠮᠤᠷᠳᠠᠭᠠᠳ᠂ ᠰᠢᠷᠦᠬᠦᠨ ᠲᠤᠯᠤᠯᠳᠣᠭᠠᠨ ᠤ ᠲᠤᠮᠳᠠ ᠪᠤᠷᠤ ᠪᠠᠮᠪᠠᠢ ᠪᠠᠨ ᠠᠳᠬᠤᠵᠤ᠂ ᠬᠠᠷᠪᠤᠬᠤ ᠰᠤᠮᠤ ᠶᠢ ᠬᠠᠯᠬᠠᠯᠠᠨ᠂ ᠬᠠᠭᠠᠨ ᠡᠵᠡᠨ ᠢᠶᠠᠨ ᠬᠠᠮᠠᠭᠠᠯᠠᠵᠤ ᠪᠠᠶᠢᠪᠠ᠃ ᠲᠡᠷᠡ ᠲᠤᠬᠠᠢ ᠲᠠᠶᠢᠰᠦᠨ ᠤ ᠰᠤᠮᠤᠨ ᠳᠤ ᠤᠨᠤᠭᠳᠠᠵᠤ ᠲᠤᠯᠤᠭᠠᠢ ᠪᠠᠨ ᠰᠢᠷᠬᠠᠳᠤᠭᠤᠯᠵᠤ᠂ ᠤᠨᠤᠭᠰᠠᠨ ᠮᠤᠷᠢ ᠠᠴᠠ ᠪᠠᠨ ᠤᠨᠠᠭᠰᠠᠨ ᠪᠤᠯᠪᠠᠴᠤ ᠤᠬᠤᠰᠬᠢᠨ ᠲᠦᠷᠭᠡᠨ ᠪᠤᠰᠴᠤ ᠵᠤᠭᠰᠤᠭᠠᠳ᠂ ᠨᠤᠮᠤ ᠪᠠᠨ ᠲᠠᠶᠠᠭ ᠪᠤᠯᠭᠠᠨ ᠲᠤᠯᠵᠤ᠂ ᠪᠠᠮᠪᠠᠢ ᠪᠠᠨ ᠠᠯᠳᠠᠯ ᠦᠭᠡᠢ ᠪᠠᠷᠢᠵᠤ ᠨᠢᠰᠦᠨ ᠢᠷᠡᠬᠦ ᠵᠡᠪᠡ ᠶᠢ ᠨᠢᠭᠡᠳ ᠨᠢᠭᠡ ᠪᠡᠷ᠎ᠡ ᠲᠤᠰᠴᠤ ᠪᠠᠶᠢᠯ᠎ᠠ᠃ ᠪᠤᠭᠤᠷᠴᠢ ᠤᠷᠤᠭᠰᠢ ᠪᠠᠨ ᠠᠯᠠᠯᠳᠣᠬᠤ ᠵᠠᠭᠤᠷ᠎ᠠ᠂ ᠬᠤᠶᠢᠰᠢ ᠪᠠᠨ ᠬᠠᠷᠠᠵᠤ ᠪᠤᠷᠤᠬᠤᠯ ᠳᠤ᠄ ︽ᠡᠷ᠎ᠡ ᠬᠦᠮᠦᠨ ᠭᠠᠭᠴᠠ ᠰᠤᠮᠤᠨ ᠳᠤ ᠤᠨᠠᠳᠠᠭ ᠪᠢᠯᠢᠤ︖ ᠡᠪᠡᠷ ᠢᠶᠠᠨ ᠴᠤᠬᠢᠭᠤᠯᠤᠭᠰᠠᠨ ᠢᠰᠢᠬᠡ ᠮᠡᠳᠣ᠂ ᠡᠷᠡᠬᠡᠯᠵᠡᠨ ᠰᠠᠯᠭᠠᠨᠠᠬᠤ ᠴᠢᠨᠢ ᠶᠠᠭᠤ ᠪᠤᠢ︖︾ ᠬᠡᠪᠡ᠃ ᠪᠤᠷᠤᠬᠤᠯ ᠮᠤᠷᠢᠨ ᠤ ᠪᠠᠨ ᠪᠤᠷᠤᠭᠤᠳᠠᠢ ᠲᠠᠯ᠎ᠠ ᠠᠴᠠ ᠬᠠᠷᠠᠶᠢᠵᠤ ᠮᠤᠷᠳᠠᠭᠠᠳ ᠬᠠᠯᠬᠠᠪᠴᠢ ᠪᠡᠨ᠋ ᠪᠠᠷᠢᠵᠤ᠂ ᠬᠠᠶᠢᠬᠤᠷᠤᠯ ᠦᠭᠡᠢ ᠪᠠᠶᠢᠯᠳᠤᠵᠤ ᠶᠠᠪᠤᠪᠠ᠃ ᠴᠢᠩᠭᠢᠭᠡᠳ ᠬᠠᠯᠳᠠᠵᠤ ᠢᠷᠡᠭᠰᠡᠨ ᠲᠠᠶᠢᠰᠦᠨ ᠠᠯᠠᠭᠳᠠᠭᠰᠠᠨ ᠬᠦᠮᠦᠨ ᠤ ᠪᠠᠨ ᠬᠡᠬᠦᠷ ᠢ ᠠᠪᠴᠤ ᠲᠤᠳᠠᠭᠠᠪᠠ᠃ ᠪᠤᠷᠤᠬᠤᠯ ᠨᠠᠷ ᠠᠷᠤ ᠠᠴᠠ ᠨᠢ ᠨᠡᠭᠡᠵᠤ᠂ ᠴᠠᠶᠢᠳᠤ ᠶᠢᠨ ᠴᠠᠭᠠᠨ ᠲᠠᠯ᠎ᠠ ︵ᠤᠳᠤ ᠮᠤᠩᠭᠤᠯ ᠤᠯᠤᠰ ᠲᠤ ᠪᠤᠢ︶᠎ ᠳᠤ ᠲᠠᠶᠢᠰᠦᠨ ᠢ ᠬᠦᠬᠡᠬᠡᠵᠤ ᠬᠦᠢᠴᠡᠬᠡᠳ᠂ ᠤᠯᠠᠨ ᠬᠤᠨᠢᠨ ᠳᠤ ᠤᠷᠤᠭᠰᠠᠨ ᠴᠢᠨ᠋ᠸ᠎ᠠ ᠮᠡᠳᠤ ᠴᠠᠪᠴᠢᠵᠤ ᠶᠠᠪᠤᠨ ᠪᠤᠳᠠ ᠨᠢᠷᠭᠡᠭᠰᠡᠨ ᠪᠠᠶᠢᠵᠠᠢ᠃      1203 ᠣᠨ ᠳᠤ ᠴᠢᠩᠭᠢᠰ ᠬᠠᠭᠠᠨ᠂ ᠬᠡᠷᠡᠶᠢᠳ ᠤᠨ ᠸᠠᠩ ᠬᠠᠨ ᠯᠤᠭ᠎ᠠ ᠡᠪᠳᠡᠷᠡᠯᠴᠡᠵᠤ ᠰᠢᠷᠦᠬᠦᠨ ᠪᠠᠶᠢᠯᠳᠤᠭᠠᠨ ᠬᠢᠪᠡ᠃ ᠡᠨᠡ ᠤᠳᠠᠭ᠎ᠠ ᠶᠢᠨ ᠪᠠᠶᠢᠯᠳᠤᠭᠠᠨ ᠳᠤ ᠴᠢᠩᠭᠢᠰ ᠬᠠᠭᠠᠨ ᠤ ᠴᠡᠷᠢᠭ ᠶᠡᠬᠡᠪᠡᠷ ᠲᠡᠶᠢᠯᠤᠭ᠍ᠳᠡᠵᠤ ᠰᠠᠷᠨᠢᠨ ᠪᠤᠳᠠᠷᠠᠭᠠᠳ ᠪᠤᠷᠤᠬᠤᠯ᠂ ᠪᠤᠭᠤᠷᠴᠢ᠂ ᠦᠭᠡᠳᠡᠢ ᠭᠤᠷᠪᠠᠭᠤᠯᠠ ᠠᠯᠠᠭ᠎ᠠ ᠪᠤᠯᠵᠠᠢ᠃ ᠮᠠᠷᠭᠠᠰᠢ ᠨᠢ ᠴᠢᠩᠭᠢᠰ ᠬᠠᠭᠠᠨ ᠴᠡᠷᠢᠭ ᠢᠶᠠᠨ ᠴᠡᠭᠴᠡᠯᠡᠵᠦ ᠪᠠᠶᠢᠳᠠᠯ᠎ᠠ᠂ ᠠᠯᠣᠰ ᠠᠴᠠ ᠨᠢᠭᠡᠨ ᠮᠤᠷᠢᠳᠠᠢ ᠬᠦᠮᠦᠨ ᠢᠷᠡᠬᠦ ᠨᠢ ᠬᠠᠷᠠᠭᠳᠠᠯ᠎ᠠ᠃ ᠯᠠᠪᠯᠠᠨ ᠦᠵᠡᠪᠡᠯ ᠪᠤᠷᠤᠬᠤᠯ ᠬᠤᠶᠠᠷ ᠵᠠᠪᠵᠢ ᠪᠠᠷ ᠢᠶᠠᠨ ᠴᠢᠰᠤ ᠴᠤᠪᠤᠷᠢᠭᠤᠯᠵᠤ ᠡᠮᠡᠭᠡᠯ ᠲᠡᠭᠡᠷ᠎ᠡ ᠪᠠᠨ ᠦᠭᠡᠳᠡᠢ ᠶᠢ ᠲᠡᠭᠦᠷᠴᠤ ᠢᠷᠡᠭᠰᠡᠨ ᠪᠠᠶᠢᠵᠠᠢ᠃ ᠤᠴᠢᠷ ᠢ ᠠᠰᠠᠭᠤᠪᠠᠯ ᠰᠢᠷᠦᠬᠦᠨ ᠪᠠᠶᠢᠯᠳᠣᠭᠠᠨ ᠤ ᠲᠤᠮᠳᠠ ᠦᠭᠡᠳᠡᠢ ᠶᠢᠨ ᠬᠦᠵᠦᠬᠦᠦ ᠰᠢᠷᠬᠠᠳᠤᠵᠤ ᠮᠤᠷᠢ ᠨᠢ ᠪᠠᠰᠠ ᠦᠭᠦᠭᠰᠡᠨ ᠳᠤ᠂ ᠪᠤᠷᠤᠬᠤᠯ ᠠᠮᠢ ᠪᠠᠨ ᠴᠦᠯᠡᠵᠤ ᠦᠭᠡᠳᠡᠢ ᠶᠢ ᠠᠪᠤᠷᠠᠭᠠᠳ᠂ ᠰᠤᠮᠤᠨ ᠤ ᠵᠡᠪᠡ ᠲᠠᠢ ᠴᠢᠰᠤ ᠶᠢ ᠠᠮᠠ ᠪᠠᠷ ᠢᠶᠠᠨ ᠰᠢᠮᠡᠭᠰᠡᠬᠡᠷ ᠪᠤᠴᠠᠵᠤ ᠢᠷᠡᠭᠰᠡᠨ ᠨᠢ ᠡᠨᠡ ᠠᠵᠢ᠃ ᠴᠢᠩᠭᠢᠰ ᠬᠠᠭᠠᠨ ᠡᠨᠡ ᠬᠦ ᠪᠠᠶᠢᠳᠠᠯ ᠢ ᠦᠵᠡᠬᠡᠳ ᠰᠡᠳᠬᠢᠯ ᠬᠦᠳᠡᠯᠤᠨ ᠨᠢᠯᠪᠤᠰᠤ ᠤᠨᠠᠭᠠᠵᠤ᠂ ᠲᠤᠤᠷᠠᠬᠢ ᠬᠦᠮᠦᠰ ᠢᠶᠠᠷ ᠢᠶᠠᠨ ᠭᠠᠯ ᠲᠦᠯᠡᠬᠦᠯᠦᠨ ᠴᠢᠯᠠᠭᠤ ᠬᠠᠯᠠᠭᠤᠯᠵᠤ᠂ ᠰᠢᠷᠬ᠎ᠠ ᠶᠢ ᠨᠢ ᠬᠠᠭᠠᠷᠢᠭᠠᠳ ᠡᠳᠡᠭᠡᠷᠡᠬᠦᠯᠦᠨ ᠠᠪᠴᠠᠢ᠃ ᠲᠡᠬᠦᠨ ᠤ ᠬᠤᠶᠢᠨ᠎ᠡ ᠪᠤᠷᠤᠬᠤᠯ᠃ ᠴᠢᠯᠠᠭᠤᠨ ᠤ ᠲᠡᠬᠦᠦ ᠴᠢᠮᠪᠠᠢ ᠯᠤᠭ᠎ᠠ ᠪᠠᠷᠠᠭᠤᠨ ᠭᠠᠷᠤᠨ ᠴᠡᠷᠢᠭ ᠢ ᠠᠪᠴᠤ᠂ ᠤᠸᠠᠰ ᠮᠡᠷᠬᠢᠳ ᠤᠨ ᠲᠠᠶᠢᠷ ᠤᠰᠤᠨ ᠢ ᠨᠡᠭᠡᠭᠡᠳ᠂ ᠰᠡᠯᠡᠩᠭᠡ ᠮᠦᠷᠡᠨ ᠤ ᠬᠠᠷᠬᠤᠨ ᠲᠦᠬᠦᠮ ᠬᠡᠳᠡᠭ ᠭᠠᠵᠠᠷ ᠲᠤ ᠬᠦᠷᠴᠤ ᠲᠦᠪᠰᠢᠳᠬᠡᠭᠡᠳ ᠪᠤᠴᠠᠵᠤ ᠢᠷᠡᠵᠠᠢ᠃        1206 ᠣᠨ ᠳᠤ ᠴᠢᠩᠭᠢᠰ ᠬᠠᠭᠠᠨ ᠪᠦᠬᠦ ᠮᠤᠩᠭᠤᠯ ᠤᠨ ᠶᠡᠭᠡ ᠬᠠᠭᠠᠨ ᠡᠷᠬᠦᠮᠵᠢᠯᠡᠭᠳᠡᠭᠡᠳ᠂ ᠤᠯᠠᠨ ᠭᠠᠪᠢᠶᠠᠳᠠᠨ ᠰᠠᠶᠢᠳ ᠢᠶᠠᠨ ᠱᠠᠩᠨᠠᠬᠤ ᠦᠶ᠎ᠡ ᠳᠤ ᠪᠤᠷᠤᠬᠤᠯ ᠢ ᠠᠷᠪᠠᠨ ᠲᠦᠷᠪᠡᠳᠦᠬᠡᠷ ᠮᠢᠩᠭᠠᠨ ᠤ ᠨᠤᠶᠠᠨ ᠪᠤᠯᠭᠠᠪᠠ᠃ ᠤᠷᠢᠳᠣ ᠴᠢᠩᠭᠢᠰ ᠬᠠᠭᠠᠨ ᠲᠦᠷᠪᠡᠨ ᠲᠠᠲ᠋ᠠᠷ ᠢ ᠤᠰᠠᠳᠬᠠᠬᠤ ᠦᠶ᠎ᠡ ᠳᠤ᠂ ᠲᠠᠲ᠋ᠠᠷ ᠤᠨ ᠬᠠᠷᠬᠢᠯ ᠰᠢᠷ᠎ᠠ ᠬᠡᠳᠡᠭ ᠬᠦᠮᠦᠨ ᠲᠤᠳᠠᠭᠠᠵᠤ᠂ ᠬᠦᠨᠡᠰᠣ ᠬᠤᠭᠤᠯᠠ ᠲᠠᠰᠤᠷᠠᠭᠰᠠᠨ ᠳᠠᠭᠠᠨ ᠦᠬᠡᠯᠦᠨ ᠦᠵᠢᠨ ᠤ ᠦᠷᠬᠦᠭᠡᠨ ᠳᠤ ᠰᠡᠮᠡᠭᠡᠷ ᠰᠢᠷᠭᠤᠨ ᠤᠷᠤᠵᠤ ᠬᠤᠭᠤᠯᠠ ᠤᠮᠳᠠ ᠭᠤᠶᠤᠭᠰᠠᠨ ᠳᠤ᠂ ᠦᠭᠡᠯᠦᠨ ᠦᠵᠢᠨ ᠲᠡᠬᠦᠨ ᠤ ᠤᠷᠭᠤᠵᠤ ᠶᠠᠪᠤᠭ᠎ᠠ ᠶᠢ ᠦᠯᠦ ᠮᠡᠳᠡᠬᠦ ᠲᠤᠯᠠ ᠦᠷᠬᠦᠭᠡ ᠭᠡᠷ ᠤᠨ ᠢᠶᠠᠨ ᠪᠠᠷᠠᠭᠤᠨ ᠵᠠᠬ᠎ᠠ ᠳᠤ ᠰᠠᠭᠤᠯᠭᠠᠪᠠ᠃ ᠲᠡᠷᠡ ᠦᠶ᠎ᠡ ᠳᠤ ᠲᠤᠯᠤᠢ ᠲᠠᠪᠤᠨ ᠨᠠᠰᠤᠳᠠᠢ ᠪᠠᠶᠢᠭᠰᠠᠨ ᠠᠵᠢ᠃ ᠲᠤᠯᠤᠢ ᠭᠠᠳᠠᠨ᠎ᠠ ᠠᠴᠠ ᠤᠷᠤᠵᠤ ᠢᠷᠡᠭᠡᠳ ᠪᠤᠴᠠᠨ ᠭᠠᠷᠬᠤ ᠳᠤᠨᠢ ᠬᠠᠷᠬᠢᠯ ᠰᠢᠷ᠎ᠠ ᠲᠡᠬᠦᠨ ᠢ ᠰᠤᠭᠤᠪᠴᠢᠯᠠᠨ ᠠᠪᠤᠭᠠᠳ ᠬᠢᠳᠤᠭ᠎ᠠ ᠪᠠᠨ ᠰᠤᠭᠤᠯᠪᠠ᠃ ᠦᠬᠡᠯᠦᠨ ᠦᠵᠢᠨ ᠦᠵᠡᠭᠡᠳ ᠰᠠᠨᠳᠤᠷᠴᠤ᠄ ︽ᠬᠤᠯᠠᠭᠠᠢ᠂ ᠬᠦᠪᠡᠬᠦᠨ ᠢ ᠮᠢᠨᠢ ᠠᠯᠠᠬᠤ ᠬᠡᠵᠤ ᠪᠤᠢ︕︾ ᠬᠡᠮᠡᠨ ᠶᠡᠬᠡᠯ᠎ᠡ ᠬᠠᠰᠬᠢᠷᠪᠠ᠃ ᠦᠷᠬᠦᠬᠡᠨ ᠤ ᠵᠡᠬᠦᠨᠳᠡ ᠰᠠᠭᠤᠵᠤ ᠪᠠᠶᠢᠭᠰᠠᠨ ᠪᠤᠷᠤᠬᠤᠯ ᠤᠨ ᠡᠬᠡᠨᠡᠷ ᠠᠯᠳᠠᠨᠢ ᠰᠤᠨᠤᠰᠤᠭᠠᠳ ᠬᠦᠶᠦᠨ ᠪᠤᠰᠴᠤ ᠡᠴᠢᠭᠡᠳ ᠲᠡᠷᠡ ᠬᠦᠮᠦᠨ ᠤ ᠬᠡᠵᠢᠬᠡ ᠠᠴᠠ ᠪᠠᠷᠢᠵᠤ᠂ ᠬᠢᠳᠤᠭ᠎ᠠ ᠲᠠᠢ ᠭᠠᠷ ᠢ ᠨᠢ ᠤᠭᠵᠠᠷᠠᠪᠠ᠃ ᠲᠡᠷᠡ ᠦᠶ᠎ᠡ ᠳᠤ ᠵᠢᠳᠠᠢ᠂ ᠵᠠᠯᠮ᠎ᠠ ᠬᠤᠶᠠᠷ ᠦᠷᠦᠬᠡ ᠶᠢᠨ ᠠᠷᠤ ᠳᠤ ᠦᠭᠡᠷ ᠠᠯᠠᠵᠤ ᠪᠠᠶᠢᠵᠠᠢ᠃ ᠠᠯᠳᠠᠨᠢ ᠶᠢᠨ ᠬᠠᠰᠬᠢᠷᠬᠤ ᠲᠠᠭᠤᠨ ᠢ ᠰᠤᠨᠤᠰᠤᠭᠠᠳ ᠬᠢᠳᠤᠭ᠎ᠠ᠂ ᠰᠦᠭᠡ ᠪᠠᠷᠢᠭᠠᠳ ᠬᠦᠶᠦᠨ ᠢᠷᠡᠵᠤ ᠲᠡᠷᠡ ᠲᠤᠤᠷ᠎ᠠ ᠨᠢ ᠬᠠᠷᠬᠢᠯ ᠰᠢᠷ᠎ᠠ ᠶᠢ ᠴᠠᠪᠴᠢᠨ ᠠᠯᠠᠪᠠ᠃ ᠲᠡᠭᠡᠭᠡᠳ ᠲᠡᠳᠡ ᠭᠤᠷᠪᠠᠭᠤᠯᠠ ᠦᠭᠡᠯᠦᠨ ᠦᠵᠢᠨ ᠤ ᠲᠡᠷᠭᠡᠳᠡ ᠢᠷᠡᠵᠤ᠂ ᠲᠤᠯᠤᠢ ᠶᠢ ᠠᠪᠤᠷᠠᠵᠤ ᠠᠪᠤᠭᠰᠠᠨ ᠭᠠᠪᠢᠶ᠎ᠠ ᠶᠢ ᠮᠠᠷᠭᠤᠯᠳᠣᠨ ᠲᠡᠮᠡᠴᠡᠵᠡᠬᠡᠪᠡ᠃ ᠵᠢᠳᠠᠢ᠂ ᠵᠠᠯᠮ᠎ᠠ᠄ ︽ᠪᠢᠳᠡ ᠬᠤᠶᠠᠷ ᠲᠦᠷᠭᠡᠨ ᠢᠷᠡᠭᠡ ᠦᠭᠡᠢ ᠪᠤᠯᠢ᠂ ᠴᠢ ᠭᠠᠭᠴᠠ ᠡᠮᠡᠭᠳᠡᠢ ᠬᠦᠮᠦᠨ ᠶᠠᠭᠠᠬᠢᠵᠤ ᠴᠢᠳᠠᠬᠤ ᠪᠤᠢ︖ ᠲᠤᠯᠤᠢ ᠬᠡᠵᠢᠶᠡᠨᠠᠢ ᠠᠯᠠᠭᠳᠠᠭᠰᠠᠨ ᠪᠠᠶᠢᠬᠤ ᠶᠤᠰᠤᠳᠠᠢ ᠶᠤᠮ︾ ᠬᠡᠪᠡ᠃ ᠠᠯᠳᠠᠨᠢ᠄ ︽ᠲᠠ ᠨᠠᠷ ᠮᠢᠨᠤ ᠬᠠᠰᠬᠢᠷᠬᠤ ᠲᠠᠭᠤᠨ ᠢ ᠰᠤᠨᠤᠰᠤᠭ᠎ᠠ ᠦᠭᠡᠢ ᠪᠣᠯ ᠶᠠᠭᠠᠬᠢᠵᠤ ᠢᠷᠡᠨ ᠠᠪᠤᠷᠠᠬᠤ ᠪᠤᠢ︖ ᠪᠢ ᠪᠠᠰᠠ ᠲᠡᠬᠦᠨ ᠤ ᠬᠡᠵᠢᠬᠡ ᠠᠴᠠ ᠪᠠᠷᠢᠵᠤ᠂ ᠬᠢᠳᠤᠭ᠎ᠠ ᠠᠳᠬᠤᠭᠰᠠᠨ ᠭᠠᠷ ᠢ ᠨᠢ ᠤᠭᠵᠠᠷᠠᠭᠰᠠᠨ ᠦᠭᠡᠢ ᠪᠣᠯ ᠲᠠ ᠬᠤᠶᠠᠷ ᠢᠷᠡᠯᠦᠭᠡ ᠭᠡᠳ ᠶᠠᠭᠤᠨ ᠲᠤᠰᠠ ᠪᠤᠯᠬᠤ ᠪᠢᠯᠡ᠂ ᠲᠤᠯᠤᠢ ᠬᠡᠵᠢᠶᠡᠨᠠᠢ ᠠᠯᠠᠭᠳᠠᠴᠢᠬᠠᠭᠰᠠᠨ ᠪᠠᠶᠢᠬᠤ ᠶᠤᠮ︾ ᠬᠡᠪᠡ᠃ ᠲᠡᠳᠡᠨ ᠭᠤᠷᠪᠠᠭᠤᠯᠠ ᠲᠤᠯᠤᠢ ᠶᠢ ᠠᠪᠤᠷᠠᠭᠰᠠᠨ ᠭᠠᠪᠢᠶ᠎ᠠ ᠶᠢ ᠢᠩᠭᠢᠵᠤ ᠪᠤᠯᠢᠶᠠᠯᠳᠤᠵᠤ ᠪᠠᠶᠢᠳᠠᠯ᠎ᠠ᠂ ᠴᠢᠩᠭᠢᠰ ᠬᠠᠭᠠᠨ᠄ ︽ᠠᠯᠳᠠᠨᠢ ᠶᠢᠨ ᠬᠡᠯᠡᠬᠦ ᠲᠤᠩ ᠵᠦᠢᠳᠡᠢ᠂ ᠲᠤᠯᠤᠢ ᠶᠢ ᠠᠪᠤᠷᠠᠭᠰᠠᠨ ᠲᠡᠷᠢᠬᠦᠨ ᠭᠠᠪᠢᠶ᠎ᠠ ᠠᠯᠳᠠᠨᠢ ᠶᠢᠨ ᠪᠤᠯᠬᠤ ᠶᠤᠰᠤᠳᠠᠢ᠂ ᠪᠤᠷᠤᠬᠤᠯ ᠤᠨ ᠬᠡᠷᠭᠡᠢ᠂ ᠡᠷ᠎ᠡ ᠨᠦᠬᠦᠷ ᠲᠡᠭᠡᠨ ᠦᠷᠦᠭᠡᠰᠦᠨ ᠠᠷᠠᠯ ᠪᠤᠯᠵᠤ ᠲᠤᠰᠠᠯᠠᠨ ᠶᠠᠪᠤᠭᠰᠠᠨ ᠤ ᠲᠡᠭᠡᠷ᠎ᠡ ᠲᠤᠯᠤᠢ ᠶᠢᠨ ᠠᠮᠢ ᠶᠢ ᠠᠪᠤᠷᠠᠵᠤ ᠶᠡᠭᠡ ᠲᠤᠰᠠ ᠶᠢ ᠬᠦᠷᠬᠡᠪᠡ᠃ ᠪᠤᠷᠤᠬᠤᠯ ᠪᠠᠰᠠ ᠬᠡᠷᠡᠶᠢᠳ ᠠᠶᠢᠮᠠᠭ ᠯᠤᠭ᠎ᠠ ᠬᠠᠳᠬᠤᠯᠳᠤᠨ ᠪᠠᠶᠢᠯᠳᠤᠬᠤ ᠴᠠᠭ ᠲᠤ ᠰᠢᠷᠬᠠᠳᠤᠭᠰᠠᠨ ᠦᠭᠡᠳᠡᠢ ᠶᠢ ᠠᠪᠤᠷᠠᠨ ᠠᠪᠴᠣ ᠢᠷᠡᠭᠰᠡᠨ ᠪᠢᠯᠡ᠃ ᠡᠬᠡ ᠶᠢᠨ ᠮᠢᠨᠢ ᠵᠤᠪᠠᠨ ᠵᠦᠳᠡᠵᠤ ᠲᠡᠵᠢᠬᠡᠭᠰᠡᠨ ᠠᠴᠢ ᠶᠢ ᠬᠤᠶᠠᠷ ᠬᠦᠪᠡᠬᠦᠨ ᠤ ᠮᠢᠨᠢ ᠠᠮᠢ ᠶᠢ ᠠᠪᠤᠷᠠᠵᠤ ᠬᠠᠷᠢᠭᠤᠯᠪᠠ᠃ ᠪᠤᠷᠤᠬᠤᠯ ᠨᠠᠳᠠ ᠲᠠᠢ ᠨᠦᠬᠦᠷᠯᠡᠭᠡᠳ᠂ ᠤᠷᠢᠶᠠᠯᠠᠬᠤ ᠲᠠᠭᠤ ᠳᠤ ᠮᠢᠨᠢ ᠤᠤᠬᠠᠢ ᠨᠡᠮᠡᠵᠤ᠂ ᠤᠷᠤᠭᠰᠢᠯᠠᠨ ᠵᠢᠳᠬᠦᠵᠤ ᠶᠠᠪᠤᠯ᠎ᠠ᠃ ᠶᠢᠰᠦᠨ ᠤᠳᠠᠭ᠎ᠠ ᠤᠰᠤᠯ ᠭᠠᠷᠭᠠᠬᠤ ᠳᠤ ᠶᠠᠯᠠᠯᠠᠬᠤ ᠦᠭᠡᠢ ᠪᠤᠯᠭᠠᠶ᠎ᠠ︕︾ ᠭᠡᠵᠤ ᠵᠠᠷᠯᠢᠭ ᠪᠤᠯᠪᠠ᠃       ᠬᠤᠷᠢ ᠲᠦᠮᠡᠳ ᠪᠣᠯ ᠤᠢ ᠶᠢᠨ ᠢᠷᠭᠡᠨ ᠤ ᠨᠢᠭᠡᠨ ᠠᠶᠢᠮᠠᠭ ᠪᠤᠯᠤᠨ᠎ᠠ᠃ ᠲᠤᠬᠠᠢ ᠶᠢᠨ ᠦᠶ᠎ᠡ ᠳᠤ ᠵᠡᠭᠦᠨ ᠪᠠᠷᠠᠭᠤᠨ ᠬᠡᠮᠡᠨ ᠬᠤᠶᠠᠷ ᠪᠦᠯᠦᠭ ᠬᠤᠪᠢᠶᠠᠭᠳᠠᠵᠤ ᠪᠠᠶᠢᠭᠰᠠᠨ ᠪᠦᠭᠡᠳ ᠵᠡᠭᠦᠨ ᠭᠠᠷ ᠨᠢ ᠪᠠᠶᠢᠭᠠᠯ ᠲᠠᠩᠭᠢᠰ ᠤᠨ ᠵᠡᠭᠦᠨ ᠪᠡᠶ᠎ᠡ ᠳᠤ᠂ ᠪᠠᠷᠠᠭᠤᠨ ᠭᠠᠷ ᠨᠢ ᠲᠡᠬᠦᠨ ᠤ ᠪᠠᠷᠠᠭᠤᠨ ᠪᠡᠶ᠎ᠡ ᠳᠤ ᠨᠤᠲᠤᠭᠯᠠᠳᠠᠭ ᠪᠠᠶᠢᠵᠠᠢ᠃ 1207 ᠣᠨ ᠎ ᠳᠤ ᠵᠦᠴᠢ ᠲᠠᠶᠢᠯᠠᠵᠤ ᠲᠠᠭᠠᠭᠤᠯᠤᠭᠠᠳ᠂ ᠲᠦᠮᠡᠨ ᠤ ᠨᠤᠶᠠᠨ ᠬᠤᠷᠴᠢ ᠤᠰᠤᠨ ᠡᠪᠦᠬᠡᠨ ᠢᠶᠠᠷ ᠤᠢ ᠶᠢᠨ ᠢᠷᠭᠡᠳ ᠢ ᠶᠡᠷᠦᠩᠭᠡᠶᠢᠯᠡᠨ ᠵᠠᠬᠢᠷᠤᠭᠤᠯᠤᠭᠰᠠᠨ ᠪᠠᠶᠢᠯ᠎ᠠ᠃ ᠠᠯᠢ ᠡᠷᠳᠡ ᠲᠡᠮᠦᠵᠢᠨ ᠤ ᠬᠦᠴᠦᠨ ᠲᠤᠷᠤᠢ ᠪᠠᠭᠤᠷᠠᠢ ᠪᠠᠶᠢᠭᠰᠠᠨ ᠴᠠᠭ ᠲᠤ ᠪᠦᠬᠡ ᠮᠦᠷᠬᠦᠯᠳᠡᠳ ᠬᠤᠷᠴᠢ ᠤᠰᠤᠨ ᠡᠪᠦᠬᠡᠨ ᠲᠡᠮᠦᠵᠢᠨ ᠢ ᠲᠠᠭᠠᠭᠠᠳ᠄ ︽ᠪᠢᠳᠡ ᠪᠤᠳᠠᠨᠴᠢᠷ ᠡᠪᠦᠭᠡ ᠶᠢᠨ ᠪᠠᠷᠢᠵᠤ ᠠᠪᠤᠭᠰᠠᠨ ᠡᠮ᠎ᠡ ᠠᠴᠠ ᠲᠦᠷᠦᠭᠰᠡᠨ ᠲᠤᠯᠠ ᠵᠠᠮᠤᠬ᠎ᠠ ᠯᠤᠭ᠎ᠠ ᠬᠡᠪᠡᠯᠢ ᠨᠢᠭᠡ ᠲᠠᠢ᠂ ᠬᠡᠯᠬᠢᠶ᠎ᠡ ᠪᠠᠬᠢᠳᠡᠢ ᠬᠦᠮᠦᠰ ᠪᠢᠯᠡ᠃ ᠡᠶᠢᠮᠤ ᠠᠴᠠ ᠵᠠᠮᠤᠬ᠎ᠠ ᠠᠴᠠ ᠬᠠᠭᠠᠴᠠᠵᠤ ᠪᠤᠯᠬᠤ ᠦᠭᠡᠢ ᠶᠤᠮ᠃ ᠬᠡᠪᠡᠴᠤ ᠵᠠᠭᠠᠷᠢᠨ ᠲᠡᠭᠷᠢ ︵ᠪᠦᠷᠭᠡ ᠮᠦᠷᠬᠦᠯᠳᠡᠨ ᠤ ᠨᠤᠮᠤᠯᠠᠳᠠᠭ ᠲᠡᠭᠷᠢ ᠶᠢᠨ ᠰᠦᠯᠳᠡ︶ ᠢᠷᠡᠵᠤ᠂ ᠨᠢᠳᠦᠨ ᠳᠤ ᠮᠢᠨᠢ ᠵᠢᠭᠠᠵᠤ ᠦᠵᠡᠬᠦᠯᠦᠭᠰᠡᠨ ᠨᠢ ᠬᠤᠸᠠᠭᠴᠢᠨ ᠦᠨᠢᠶ᠎ᠡ ᠢᠷᠡᠵᠤ ᠵᠠᠮᠤᠬ᠎ᠠ ᠶᠢ ᠲᠤᠭᠤᠷᠢᠨ ᠶᠠᠪᠤᠵᠤ᠂ ᠲᠡᠬᠦᠨ ᠤ ᠭᠡᠷ ᠲᠡᠷᠭᠡ ᠶᠢ ᠮᠦᠷᠬᠦᠭᠰᠡᠭᠡᠷ ᠦᠷᠦᠬᠡᠰᠦᠨ ᠡᠪᠡᠷ ᠢᠶᠠᠨ ᠬᠤᠭᠤᠯᠵᠤ ᠰᠤᠯᠵᠢᠷ ᠡᠪᠡᠷ ᠲᠠᠢ ᠪᠤᠯᠤᠭᠠᠳ᠄ ︿ᠡᠪᠡᠷ ᠢ ᠮᠢᠨᠢ ᠪᠤᠴᠠᠭᠠᠵᠤ ᠦᠭ︕﹀ ᠬᠡᠵᠤ ᠵᠠᠮᠤᠬ᠎ᠠ ᠶᠢᠨ ᠵᠦᠭ ᠮᠦᠭᠡᠷᠡᠵᠤ ᠰᠢᠷᠤᠢ ᠰᠠᠴᠤᠯᠠᠨ ᠪᠠᠶᠢᠨ᠎ᠠ᠃ ᠪᠠᠰᠠ ᠨᠢᠭᠡ ᠮᠤᠬᠤᠷ ᠬᠤᠸᠠ ᠦᠭᠡᠷ ᠢ ᠶᠡᠭᠡ ᠭᠡᠷᠳᠤ ᠲᠡᠷᠭᠡᠨ ᠳᠤ ᠬᠦᠯᠦᠭᠰᠡᠨ᠎ᠡ᠂ ᠲᠡᠷᠡ ᠦᠭᠡᠷ ᠶᠡᠭᠡ ᠵᠠᠮ ᠢᠶᠠᠷ ᠲᠠᠮᠦᠵᠢᠨ ᠤ ᠬᠤᠶᠢᠨ᠎ᠡ ᠠᠴᠠ ᠵᠢᠳᠬᠦᠨ ᠶᠠᠪᠤᠵᠤ᠄ ︿ᠲᠡᠭᠷᠢ ᠭᠠᠵᠠᠷ ᠡᠶᠡᠯᠳᠣᠵᠣ᠂ ᠲᠡᠮᠦᠵᠢᠨ ᠢ ᠤᠯᠤᠰ ᠤᠨ ᠡᠵᠡᠨ ᠪᠤᠯᠭᠠᠳᠤᠭᠠᠢ ᠬᠡᠮᠡᠨ ᠲᠡᠭᠡᠭᠡᠵᠤ ᠬᠦᠷᠬᠡᠵᠤ ᠶᠠᠪᠤᠨᠠᠮ﹀ ᠬᠡᠵᠤ ᠮᠦᠭᠡᠷᠡᠨ᠎ᠡ᠃ ᠲᠡᠮᠦᠵᠢᠨ ᠴᠢ ᠤᠯᠤᠰ ᠤᠨ ᠡᠵᠡᠨ ᠪᠣᠯᠪᠠᠯ ᠨᠠᠮᠠᠢᠢ ᠬᠡᠷᠬᠢᠵᠤ ᠵᠢᠷᠭᠠᠭᠤᠯᠬᠤ ᠪᠤᠢ︖︾ ᠬᠡᠵᠤ ᠠᠰᠠᠭᠤᠭᠰᠠᠨ ᠳᠤ ᠲᠡᠮᠦᠵᠢᠨ᠄ ︽ᠪᠢ ᠦᠨᠡᠬᠡᠷ ᠤᠯᠤᠰ ᠤᠨ ᠡᠵᠡᠨ ᠪᠣᠯᠪᠠᠯ ᠴᠢᠮᠠᠢᠢ ᠲᠦᠮᠡᠨ ᠤ ᠨᠤᠶᠠᠨ ᠪᠤᠯᠭᠠᠶ᠎ᠠ︾ ᠬᠡᠪᠡ᠃ ᠬᠤᠷᠴᠢ᠄ ︽ᠡᠳᠦᠢ ᠶᠡᠭᠡ ᠲᠦᠷᠦ ᠶᠢᠨ ᠦᠢᠯᠡ ᠶᠢ ᠤᠷᠳᠤᠨ ᠎ ᠠᠴᠠ ᠵᠢᠭᠠᠭᠰᠠᠨ ᠨᠠᠮᠠᠢᠢ ᠲᠦᠮᠡᠨ ᠤ ᠨᠤᠶᠠᠨ ᠪᠤᠯᠭᠠᠬᠤ ᠨᠢ ᠶᠠᠮᠠᠷ ᠵᠢᠷᠭᠠᠯ ᠪᠠᠶᠢᠬᠤ ᠪᠤᠢ᠂ ᠬᠠᠷᠢᠨ ᠪᠦᠬᠦ ᠣᠯᠣᠰ ᠤᠨ ᠭᠤᠸ᠎ᠠ ᠰᠠᠶᠢᠬᠠᠨ ᠥᠬᠢᠳ ᠤᠨ ᠲᠤᠳᠤᠷ᠎ᠠ ᠠᠴᠠ ᠭᠤᠴᠢ ᠶᠢ ᠰᠤᠩᠭᠤᠵᠤ ᠡᠮ᠎ᠡ ᠪᠤᠯᠭᠠᠨ ᠠᠪᠴᠤ ᠦᠭᠪᠡᠯ ᠰᠠᠶ᠋ᠢ ᠵᠢᠷᠭᠠᠯ ᠲᠠᠢ ᠶᠠᠪᠤᠳᠠᠯ ᠪᠤᠯᠬᠤ ᠶᠤᠮ︾ ᠬᠡᠪᠡ᠃ ᠡᠶᠢᠮᠤ ᠠᠴᠠ 1206 ᠣᠨ ᠳᠤ ᠲᠡᠮᠦᠵᠢᠨ ᠶᠡᠭᠡ ᠬᠠᠭᠠᠨ ᠡᠷᠬᠦᠮᠵᠢᠯᠡᠭᠳᠡᠮᠡᠭᠴᠡ ᠬᠤᠷᠴᠢ ᠶᠢ ᠬᠤᠷᠢ ᠲᠦᠮᠡᠳ ᠤᠨ ᠲᠡᠭᠡᠳᠡᠢ ᠲᠦᠮᠡᠨ ᠤ ᠨᠤᠶᠠᠨ ᠪᠤᠯᠭᠠᠭᠠᠭᠳ᠄ ︽ᠤᠷᠢᠳᠠ ᠶᠢᠨ ᠬᠦᠰᠡᠭᠰᠡᠨ ᠶᠤᠰᠤᠭᠠᠷ ᠬᠤᠷᠢ ᠲᠦᠮᠡᠳ ᠤᠨ ᠭᠤᠸ᠎ᠠ ᠰᠠᠶᠢᠬᠠᠨ ᠥᠬᠢᠳ ᠤᠨ ᠲᠤᠳᠤᠷ᠎ᠠ ᠠᠴᠠ ᠭᠤᠴᠢ ᠶᠢ ᠰᠤᠩᠭᠤᠵᠤ ᠠᠪ︕︾ ᠬᠡᠵᠤ ᠵᠠᠷᠯᠢᠭ ᠪᠤᠯᠪᠠ᠃ ᠬᠤᠷᠴᠢ ᠤᠰᠤᠨ ᠡᠪᠦᠬᠡᠨ ᠬᠤᠷᠢ ᠲᠦᠮᠡᠳ ᠲᠤ ᠬᠦᠷᠦᠬᠡᠳ᠂ ᠭᠤᠸ᠎ᠠ ᠰᠠᠶᠢᠬᠠᠨ ᠥᠬᠢᠳ ᠢ ᠰᠤᠩᠭᠤᠵᠤ ᠡᠬᠢᠯᠡᠭᠰᠡᠨ ᠳᠤ ᠲᠡᠨᠳᠡᠬᠢ ᠢᠷᠭᠡᠳ ᠡᠷᠡᠰ ᠡᠰᠡᠷᠬᠦᠴᠡᠬᠡᠳ ᠪᠠᠷᠢᠪᠴᠢᠯᠠᠨ ᠠᠪᠴᠤ ᠬᠤᠷᠢᠪᠠ᠃ ᠴᠢᠩᠭᠢᠰ ᠬᠠᠭᠠᠨ ᠬᠤᠷᠴᠢ ᠤᠰᠤᠨ ᠡᠪᠦᠬᠡᠨ ᠤ ᠪᠠᠷᠢᠭᠳᠠᠭᠰᠠᠨ ᠢ ᠰᠤᠨᠤᠰᠤᠭᠠᠳ ᠤᠢ ᠶᠢᠨ ᠢᠷᠭᠡᠨ ᠤ ᠤᠯᠠᠨ ᠠᠶᠢᠮᠠᠭ ᠤᠨ ᠪᠠᠶᠢᠳᠠᠯ ᠢ ᠣᠶᠢᠯᠭᠠᠬᠤ ᠤᠶᠢᠷᠠᠳ ᠠᠶᠢᠮᠠᠭ ᠤᠨ ᠬᠠᠭᠤᠴᠢᠨ ᠲᠦᠷᠦᠬᠦᠦ ᠬᠤᠳᠤᠭ᠎ᠠ ᠪᠠᠬᠢ ᠶᠢ ᠲᠤᠮᠢᠯᠠᠨ ᠶᠠᠪᠤᠭᠤᠯᠵᠤ ᠬᠤᠷᠴᠢ ᠶᠢ ᠠᠪᠤᠷᠠᠭᠤᠯᠬᠤ ᠬᠡᠰᠡᠨ ᠳᠤ᠂ ᠬᠤᠳᠤᠭ᠎ᠠ ᠪᠠᠬᠢ ᠶᠢ ᠪᠠᠰᠠ ᠪᠠᠷᠢᠪᠴᠢᠯᠠᠨ ᠠᠪᠤᠭᠠᠳ ᠬᠤᠷᠢᠭᠰᠠᠨ ᠪᠠᠶᠢᠯ᠎ᠠ᠃ ᠡᠭᠦᠨ ᠳᠤ ᠴᠢᠩᠭᠢᠰ ᠬᠠᠭᠠᠨ ᠲᠦᠪ ᠤᠨ ᠲᠦᠮᠡᠨ ᠤ ᠨᠤᠶᠠᠨ ᠨᠠᠶᠠᠭ᠎ᠠ ᠶᠢ ᠴᠡᠷᠢᠭ ᠠᠪᠴᠤ ᠬᠤᠷᠢ ᠲᠦᠮᠡᠳ ᠢ ᠪᠠᠶᠢᠯᠳᠣᠨ ᠬᠡᠰᠡᠨ ᠳᠤ ᠨᠠᠶᠠᠭ᠎ᠠ ᠡᠪᠡᠳᠴᠢᠯᠡᠭᠡᠳ ᠪᠠᠶᠢᠭᠰᠠᠨ ᠪᠤᠯᠬᠤᠷ ᠵᠠᠷᠯᠢᠭ ᠢ ᠬᠦᠢᠴᠡᠳᠬᠡᠵᠤ ᠴᠢᠳᠠᠭᠰᠠᠨ ᠦᠭᠡᠢ᠃ ᠲᠡᠬᠦᠨᠴᠢᠯᠡᠨ ᠴᠢᠩᠭᠢᠰ ᠬᠠᠭᠠᠨ ᠪᠤᠷᠤᠬᠤᠯ ᠢ ᠶᠠᠪᠤᠭᠤᠯᠬᠤ ᠎ ᠪᠠᠷ ᠡᠯᠴᠢ ᠲᠠᠪᠭᠢᠭᠤᠯᠪᠠ᠃ ᠪᠤᠷᠤᠬᠤᠯ ᠡᠯᠴᠢ ᠶᠢ ᠬᠦᠯᠢᠶᠡᠨ ᠠᠪᠤᠭᠠᠳ᠄ ︽ᠤᠯᠠᠨ ᠢᠶᠠᠷ ᠢᠶᠠᠨ ᠡᠷᠬᠦᠵᠤ ᠪᠤᠢ ᠤᠤ︖ ᠡᠰᠡᠭᠦᠯ᠎ᠡ ᠬᠠᠭᠠᠨ ᠤ ᠰᠠᠨᠠᠭ᠎ᠠ ᠤᠤ︖︾ ᠬᠡᠵᠤ ᠠᠰᠠᠭᠤᠪᠠ᠃ ᠡᠯᠴᠢ᠄ ︽ᠬᠠᠭᠠᠨ ᠤ ᠰᠠᠨᠠᠭ᠎ᠠ ᠪᠤᠯᠤᠨ᠎ᠠ︾ ᠭᠡᠳ ᠮᠣᠷᠳᠠᠪᠠ᠃ ᠪᠤᠷᠤᠬᠤᠯ ᠨᠤᠶᠠᠨ ᠬᠤᠷᠢ ᠲᠦᠮᠡᠳ ᠲᠤ ᠬᠦᠷᠦᠬᠡᠳ᠂ ᠲᠡᠷᠬᠡᠳᠡᠬᠢ ᠭᠤᠷᠪᠠᠨ ᠬᠦᠮᠦᠨ ᠢ ᠲᠠᠭᠠᠭᠤᠯᠵᠤ ᠶᠡᠭᠡ ᠴᠡᠷᠢᠭ ᠠᠴᠠ ᠰᠠᠯᠤᠨ ᠵᠠᠮ ᠬᠠᠶᠢᠬᠤ ᠪᠠᠷ ᠭᠠᠷᠪᠠ᠃ ᠲᠡᠷᠡ ᠲᠤᠬᠠᠢ ᠲᠡᠭᠷᠢ ᠤᠷᠤᠢ ᠪᠤᠯᠵᠤ ᠪᠠᠶᠢᠭᠰᠠᠨ ᠲᠤᠯᠠ ᠪᠤᠷᠤᠬᠤᠯ ᠨᠠᠷ ᠢ ᠤᠢ ᠶᠢᠨ ᠬᠦᠨ ᠳᠤ ᠤᠷᠤᠮᠠᠭᠴᠠ᠂ ᠬᠤᠷᠢ ᠲᠦᠮᠡᠳ ᠤᠨ ᠬᠠᠷᠠᠭᠤᠯ ᠤᠨ ᠬᠦᠮᠦᠰ ᠰᠡᠮᠡᠬᠡᠷ ᠲᠡᠳᠡᠨ ᠤ ᠠᠷᠤ ᠳᠤ ᠭᠠᠷᠴᠤ ᠪᠤᠴᠠᠬᠤ ᠵᠠᠮ ᠢ ᠨᠢ ᠲᠠᠰᠤᠯᠤᠭᠠᠳ ᠪᠤᠷᠤᠬᠤᠯ ᠨᠤᠶᠠᠨ ᠢ ᠪᠠᠷᠢᠵᠤ ᠠᠯᠠᠪᠠ᠃ ᠴᠢᠩᠭᠢᠰ ᠬᠠᠭᠠᠨ ᠪᠤᠷᠤᠬᠤᠯ ᠤᠨ ᠠᠯᠠᠭᠳᠠᠭᠰᠠᠨ ᠪᠠ ᠬᠡᠯᠡᠭᠰᠡᠨ ᠦᠭᠡ ᠶᠢ ᠰᠤᠨᠤᠰᠤᠭᠠᠳ ᠶᠡᠬᠡᠳᠡ ᠰᠤᠴᠢᠨ ᠭᠠᠰᠢᠭᠤᠳᠠᠵᠤ᠂ ᠡᠬᠡᠨᠡᠷ ᠬᠡᠦᠬᠡᠳ ᠢ ᠨᠢ ᠲᠠᠭᠤᠳᠠᠭᠠᠳ᠄ ︽ᠬᠡᠳᠦᠷᠭᠡᠢ ᠪᠢᠳᠡᠬᠡᠢ ᠵᠤᠪᠠᠳᠤᠭᠠᠢ︕ ᠪᠢ ᠵᠠᠪᠠᠯ ᠲᠠ ᠨᠠᠷ ᠢ ᠠᠰᠠᠷᠠᠨ᠎ᠠ︕︾ ᠬᠡᠵᠤ ᠡᠯᠢᠭᠡ ᠵᠢᠷᠦᠭᠡ ᠪᠡᠨ᠋ ᠵᠢᠭᠠᠵᠤ ᠡᠰᠡ ᠮᠠᠷᠳᠠᠬᠤ ᠪᠡᠨ᠋ ᠢᠯᠡᠳᠬᠡᠵᠠᠢ᠃       1215 ᠣᠨ ᠳᠤ ᠴᠢᠩᠭᠢᠰ ᠬᠠᠭᠠᠨ ᠬᠡᠷᠦᠯᠦᠨ ᠮᠦᠷᠡᠨ ᠤ ᠬᠦᠪᠡᠭᠡ ᠳᠠᠬᠢ ᠶᠠᠪᠤᠭᠤᠯ ᠤᠷᠳᠤᠨ ᠳᠠᠭᠠᠨ ᠪᠤᠴᠠᠵᠤ ᠢᠷᠡᠭᠡᠳ᠂ ᠲᠠᠷᠠᠭ᠎ᠠ ᠵᠢᠯ ᠤᠨ ᠬᠢᠨᠢ ᠬᠠᠪᠤᠷ ᠶᠡᠭᠡ ᠬᠤᠷᠠᠯ ᠬᠤᠷᠠᠯᠳᠣᠭᠤᠯᠵᠤ᠂ ᠬᠤᠷᠢ ᠲᠦᠮᠡᠳ ᠢ ᠪᠡᠶ᠎ᠡ ᠎ ᠪᠠᠷ ᠢᠶᠠᠨ ᠲᠠᠶᠢᠯᠠᠬᠤ ᠬᠡᠮᠡᠨ ᠵᠦᠪᠯᠡᠯᠳᠦᠭᠰᠡᠨ ᠳᠤ ᠪᠤᠭᠤᠷᠴᠢ᠂ ᠮᠤᠬᠤᠯᠠᠢ ᠬᠤᠶᠠᠭᠤᠯᠠ ᠬᠦᠴᠦᠯᠡᠨ ᠢᠳᠬᠤᠵᠤ ᠵᠤᠭᠰᠤᠭᠠᠪᠠ᠃ ᠲᠡᠭᠡᠭᠡᠳ ᠲᠦᠷᠪᠡᠢ ᠲᠤᠭᠰᠢᠨ ᠢ ᠮᠤᠷᠳᠠᠭᠤᠯᠬᠤ ᠪᠠᠷ ᠲᠤᠭᠳᠠᠵᠤ ᠴᠢᠩᠭᠢᠰ ᠬᠠᠭᠠᠨ᠄ ︽ᠴᠡᠷᠢᠭ ᠢ ᠴᠢᠩᠭ᠎ᠠ ᠵᠠᠬᠢᠷᠴᠤ᠂ ᠮᠦᠩᠭᠡ ᠲᠡᠭᠷᠢ ᠳᠤ ᠵᠠᠯᠪᠢᠷᠠᠨ᠂ ᠬᠤᠷᠢ ᠲᠦᠮᠡᠳ ᠢ ᠡᠵᠡᠯᠡᠬᠦ ᠪᠠᠷ ᠤᠷᠤᠯᠳᠤᠭᠳᠤᠨ︕︾ ᠬᠡᠵᠤ ᠵᠠᠷᠯᠢᠭ ᠪᠤᠯᠪᠠ᠃ ᠲᠦᠷᠪᠡᠢ ᠲᠤᠭᠰᠢᠨ᠂ ᠴᠢᠩᠭᠢᠰ ᠬᠠᠭᠠᠨ ᠤ ᠵᠠᠷᠯᠢᠭ ᠢ ᠲᠠᠭᠠᠵᠤ᠂ ᠴᠡᠷᠢᠭ ᠢᠶᠠᠨ ᠴᠢᠩᠭ᠎ᠠ ᠵᠠᠬᠢᠷᠤᠭᠠᠳ᠂ ᠪᠤᠷᠤᠬᠤᠯ ᠤᠨ ᠶᠠᠪᠤᠭᠰᠠᠨ ᠵᠠᠮ ᠢᠶᠠᠷ ᠤᠷᠤᠬᠤ ᠬᠡᠵᠤ ᠰᠦᠷ ᠦᠵᠡᠬᠦᠯᠦᠨ᠂ ᠬᠠᠷᠢᠨ ᠰᠡᠮ ᠢᠶᠠᠷ ᠤᠯᠠᠭᠠᠨ ᠪᠤᠬ᠎ᠠ ︵ᠤᠳᠤᠬᠢ ᠪᠤᠷᠢᠶᠠᠳ ᠲᠤ ᠪᠤᠢ︶᠎ ᠶᠢᠨ ᠬᠠᠷᠭᠤᠢ ᠪᠠᠷ ᠤᠷᠤᠭᠰᠢ ᠲᠠᠪᠰᠢᠵᠠᠢ᠃ ᠴᠡᠷᠢᠭ ᠤᠨ ᠠᠯᠢᠪᠠ ᠪᠡᠷᠬᠡ ᠪᠠᠷᠳᠠᠭ᠎ᠠ ᠠᠴᠠ ᠵᠢᠷᠦᠬᠡ ᠰᠢᠨᠳᠠᠷᠠᠵᠤ ᠤᠷᠤᠭᠰᠢ ᠡᠰᠡ ᠲᠠᠪᠰᠢᠭᠰᠠᠳ ᠢ ᠵᠠᠨᠴᠢᠬᠤ ᠶᠢᠨ ᠲᠤᠯᠠ ᠬᠦᠮᠦᠨ ᠪᠦᠷᠢ ᠠᠷᠪᠠᠨ ᠰᠢᠪᠰᠢᠷᠭ᠎ᠠ ᠡᠭᠦᠷᠴᠤ᠂ ᠡᠷ᠎ᠡ ᠪᠦᠷᠢ ᠰᠦᠬᠡ᠂ ᠤᠭᠤᠯᠢ᠂ ᠬᠢᠷᠦᠬᠡ᠂ ᠴᠦᠴᠡ ᠪᠠᠷ ᠵᠡᠪᠰᠡᠭᠯᠡᠬᠡᠳ ᠤᠢ ᠮᠤᠳᠤ ᠶᠢ ᠴᠠᠪᠴᠢᠨ ᠵᠠᠮ ᠭᠠᠷᠭᠠᠵᠤ᠂ ᠠᠭᠤᠯᠠᠨ ᠤᠷᠤᠢ ᠲᠡᠭᠡᠷ᠎ᠡ ᠭᠠᠷᠤᠭᠰᠠᠨ ᠳᠤ ᠶᠠᠭ ᠯᠡ ᠭᠡᠷ ᠤᠨ ᠲᠤᠭᠤᠨᠤ ᠪᠠᠷ ᠲᠤᠷᠤᠭᠰᠢ ᠦᠵᠡᠬᠦ ᠮᠡᠳᠣ ᠬᠤᠷᠢ ᠲᠦᠮᠡᠳ ᠤᠨ ᠨᠤᠲᠤᠭ ᠢ ᠲᠤᠳᠤᠷᠬᠠᠢ ᠬᠠᠷᠠᠭᠠᠳ᠂ ᠪᠦᠬᠦᠳᠡᠬᠡᠷ ᠢ ᠲᠤᠳᠠᠭᠠᠬᠤ ᠶᠢᠨ ᠠᠷᠭ᠎ᠠ ᠦᠭᠡᠢ ᠪᠤᠯᠭᠠᠵᠠᠢ᠃ ᠮᠤᠩᠭᠤᠯ ᠤᠨ ᠴᠡᠷᠢᠭ ᠬᠦᠷᠴᠤ ᠤᠴᠢᠬᠤ ᠬᠡᠵᠤ ᠬᠤᠷᠢ ᠲᠦᠮᠡᠳ ᠤᠨ ᠤᠯᠠᠨ ᠨᠤᠶᠠᠳ ᠠᠬᠠᠯᠠᠭᠴᠢᠳ ᠤᠨ ᠰᠠᠨᠠᠭᠠᠨ ᠳᠤ ᠦᠭᠡᠢ ᠪᠠᠶᠢᠭᠰᠠᠨ ᠲᠤᠯᠠ ᠲᠡᠳᠡᠨ ᠤ ᠬᠤᠭᠤᠯᠠᠨ ᠲᠡᠭᠡᠷ᠎ᠡ ᠨᠢ ᠲᠠᠷᠤᠨ ᠤᠷᠤᠭᠠᠳ᠂ ᠰᠢᠷᠡᠭᠡᠨ ᠲᠡᠬᠡᠷ᠎ᠡ ᠠᠴᠠ ᠨᠢ ᠪᠠᠷᠢᠨ ᠠᠪᠴᠤ ᠬᠠᠷᠢᠶᠠᠳᠤ ᠤᠯᠠᠨ ᠢ ᠨᠢ ᠤᠯᠵᠠᠯᠠᠵᠠᠢ᠃ ᠲᠡᠭᠡᠭᠡᠳ ᠴᠢᠩᠭᠢᠰ ᠬᠠᠭᠠᠨ ᠬᠤᠷᠴᠢ ᠤᠰᠤᠨ ᠡᠪᠦᠬᠡᠨ ᠬᠤᠳᠤᠭ᠎ᠠ ᠪᠠᠬᠢ ᠬᠤᠶᠠᠷ ᠢ ᠭᠠᠷᠭᠠᠨ ᠠᠪᠴᠤ᠂ ᠬᠤᠷᠴᠢ ᠤᠰᠤᠨ ᠡᠪᠦᠬᠡᠨ ᠳᠤ ᠬᠤᠷᠢ ᠲᠦᠮᠡᠳ ᠤᠨ ᠥᠬᠢᠨ ᠠᠴᠠ ᠭᠤᠴᠢ ᠶᠢ ᠰᠤᠩᠭᠤᠨ ᠦᠭᠴᠤ᠂ ᠬᠤᠳᠤᠬ᠎ᠠ ᠪᠠᠬᠢ ᠳᠤ ᠪᠤᠳᠤᠬᠤᠢ ᠲᠠᠷᠭᠤᠨ ᠢ ᠬᠠᠳᠤᠨ ᠪᠤᠯᠭᠠᠵᠤ ᠰᠤᠶᠤᠷᠬᠠᠪᠠ᠃ ᠵᠢᠴᠢ ᠪᠤᠷᠤᠬᠤᠯ ᠤᠨ ᠬᠡᠦᠬᠡᠳ ᠠᠴᠢᠨᠠᠷ ᠲᠤ ᠬᠤᠷᠢ ᠲᠦᠮᠡᠳ ᠤᠨ ᠢᠷᠭᠡᠳ ᠠᠴᠠ ᠵᠠᠭᠤ ᠶᠢ ᠦᠭᠴᠤ᠂ ᠬᠡᠷ ᠤᠨ ᠬᠢᠨᠢ ᠪᠤᠭᠤᠯ ᠪᠤᠯᠭᠠᠭᠠᠭᠳ᠄ ︽ᠪᠤᠷᠤᠬᠤᠯ ᠤᠨ ᠬᠡᠦᠬᠡᠳ ᠠᠴᠢᠨᠠᠷ ᠦᠶ᠎ᠡ ᠶᠢᠨ ᠦᠶ᠎ᠡ ᠳᠤ ᠦᠨᠦᠴᠢᠨ ᠬᠦᠪᠡᠬᠦᠳ ᠤᠨ ᠬᠡᠰᠢᠭ ᠠᠴᠠ ᠬᠦᠷᠳᠡᠵᠤ ᠪᠠᠶᠢᠭᠠᠷᠠᠢ︕︾ ᠬᠡᠵᠤ ᠵᠠᠷᠯᠢᠭ ᠪᠤᠯᠪᠠ᠃      ᠪᠤᠷᠤᠬᠤᠯ ᠪᠣᠯ ᠴᠢᠩᠭᠢᠰ ᠬᠠᠭᠠᠨ ᠤ ᠲᠦᠷᠪᠡᠨ ᠬᠦᠯᠦᠭ ᠤᠨ ᠲᠤᠳᠤᠷᠠᠬᠢ ᠬᠠᠮᠤᠭ ᠤᠨ ᠵᠠᠯᠠᠭᠤ ᠨᠢ ᠪᠤᠯᠤᠨ᠎ᠠ᠃ ᠴᠢᠩᠭᠢᠰ ᠬᠠᠭᠠᠨ ᠤ ᠪᠡᠶ᠎ᠡ ᠪᠠᠷ ᠢᠶᠠᠨ ᠪᠠᠶᠢᠯᠳᠤᠭᠠᠨ ᠳᠤ ᠤᠷᠤᠯᠴᠠᠬᠤ ᠪᠦᠷᠢ ᠪᠤᠷᠤᠬᠤᠯ ᠪᠠᠮᠪᠠᠢ ᠠᠳᠬᠤᠨ ᠬᠠᠮᠠᠭᠠᠯᠠᠳᠠᠭ᠃ ᠡᠶᠢᠮᠤ ᠠᠴᠠ ᠴᠢᠩᠭᠢᠰ ᠬᠠᠭᠠᠨ ᠪᠤᠷᠤᠬᠤᠯ ᠢ ᠦᠪᠡᠷ ᠤᠨ ᠲᠦᠷᠦᠭᠰᠡᠨ ᠲᠡᠬᠦᠦ ᠲᠠᠢ ᠪᠡᠨ᠋ ᠠᠳᠠᠯᠢ ᠬᠠᠶᠢᠷᠠᠯᠠᠳᠠᠭ ᠪᠠᠶᠢᠵᠠᠢ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号