ᠮᠠᠨᠳᠣᠬᠠᠢ ᠰᠡᠴᠡᠨ ᠬᠠᠳᠣᠨ
ᠨᠡᠶᠢᠲᠡᠯᠡᠭᠰᠡᠨ ᠴᠠᠭ᠄
2018/3/30
     ᠮᠠᠨᠳᠤᠬᠠᠢ ᠲᠦᠮᠡᠳ ᠠᠶᠢᠮᠠᠭ ᠤᠨ ᠡᠩᠭᠦᠳ ᠤᠪᠤᠭᠳᠠᠨ᠃1448 ᠣᠨ ᠳᠤ ᠲᠦᠷᠦᠪᠡ᠃ ᠲᠡᠬᠦᠨ ᠤ ᠡᠴᠢᠬᠡ ᠨᠢ ᠴᠤᠷᠤᠰᠪᠠᠢ ᠲᠡᠮᠤᠷ ᠴᠢᠩᠰᠠᠩ ᠬᠡᠳᠡᠭ ᠶᠤᠮ᠃      ᠮᠠᠨᠳᠤᠬᠠᠢ ᠲᠦᠷᠦᠯᠬᠢ ᠰᠡᠴᠡᠨ ᠰᠡᠷᠬᠦᠯᠡᠩ ᠪᠦᠬᠡᠳ ᠵᠠᠯᠠᠭᠤ ᠪᠠᠭ᠎ᠠ ᠨᠠᠰᠤᠨ ᠳᠠᠭᠠᠨ ᠮᠠᠨᠳᠤᠭᠤᠯᠢ ᠬᠠᠭᠠᠨ ᠎ ᠲᠠᠢ ᠤᠷᠤᠭᠯᠠᠵᠤ ᠡᠰᠢ ᠬᠠᠳᠤᠨ ᠨᠢ ᠪᠤᠯᠤᠭᠰᠠᠨ ᠲᠤᠯᠠ ᠬᠦᠮᠦᠰ ᠲᠡᠬᠦᠨ ᠢ ᠮᠠᠨᠳᠤᠬᠠᠢ ᠰᠡᠴᠡᠨ ᠬᠠᠳᠤᠨ ᠬᠡᠵᠤ ᠬᠦᠨᠳᠦᠳᠬᠡᠨ ᠲᠠᠭᠤᠳᠠᠳᠠᠭ ᠪᠠᠶᠢᠵᠠᠢ᠃ ᠮᠠᠨᠳᠤᠭᠤᠯᠢ ᠬᠠᠭᠠᠨ ᠨᠠᠰᠤ ᠪᠠᠷᠠᠭᠰᠠᠨ ᠳᠤ᠂ ᠮᠠᠨᠳᠣᠬᠠᠢ ᠰᠡᠴᠡᠨ ᠬᠠᠳᠤᠨ ᠎ ᠠᠴᠠ ᠬᠦᠪᠡᠬᠦᠨ ᠦᠭᠡᠢ ᠲᠤᠯᠠ ᠬᠠᠭᠠᠨ ᠰᠠᠭᠤᠷᠢᠨ ᠢ ᠵᠠᠯᠭᠠᠮᠵᠢᠯᠠᠬᠤ ᠶᠠᠪᠤᠳᠠᠯ ᠲᠡᠬᠡᠷ᠎ᠡ ᠮᠤᠩᠭᠤᠯ ᠤᠨ ᠶᠡᠬᠡᠰ ᠨᠤᠶᠠᠳ ᠶᠡᠬᠡᠪᠡᠷ ᠮᠦᠷᠬᠦᠯᠳᠦᠬᠡᠨ ᠭᠠᠷᠴᠠᠢ᠃ ᠢᠯᠠᠩᠭᠤᠶ᠎ᠠ ᠬᠠᠰᠠᠷ ᠤᠨ ᠬᠤᠶᠢᠴᠢ ᠦᠶ᠎ᠡ ᠪᠤᠯᠬᠤ ᠬᠤᠷᠴᠢᠨ ᠤ ᠦᠨᠡᠨᠪᠤᠯᠤᠳ ᠨᠤᠶᠠᠨ᠂ ᠬᠠᠭᠠᠨ ᠤ ᠶᠡᠭᠡ ᠤᠷᠤ ᠬᠤᠭᠤᠰᠤᠨ ᠪᠤᠯᠤᠭᠰᠠᠨ ᠢ ᠵᠠᠪᠰᠢᠨ ᠡᠵᠡᠯᠡᠬᠦ ᠶᠢᠨ ᠲᠦᠯᠦᠬᠡ᠂ ᠮᠠᠨᠳᠤᠬᠠᠢ ᠰᠡᠴᠡᠨ ᠬᠠᠳᠤᠨ ᠳᠤ ᠬᠦᠮᠦᠨ ᠲᠤᠮᠢᠯᠠᠨ ᠢᠯᠡᠬᠡᠵᠤ᠄ ︽ᠭᠠᠯ ᠢ ᠴᠢᠨᠢ ᠴᠢᠬᠢᠵᠤ᠂ ᠨᠤᠲᠤᠭ ᠢ ᠴᠢᠨᠢ ᠵᠢᠭᠠᠵᠤ ᠦᠭᠭᠦᠶ᠎ᠡ︕︾ ᠬᠡᠮᠡᠨ ᠬᠡᠯᠡᠬᠦᠯᠪᠡ᠃ ᠮᠠᠨᠳᠤᠬᠠᠢ ᠰᠡᠴᠡᠨ ᠬᠠᠳᠤᠨ᠂ ᠦᠨᠡᠨᠪᠤᠯᠤᠳ ᠨᠤᠶᠠᠨ ᠤ ᠬᠤᠷᠢᠮᠯᠠᠬᠤ ᠬᠡᠰᠡᠨ ᠰᠠᠨᠠᠭ᠎ᠠ ᠪᠠ ᠴᠢᠨᠠᠳᠤ ᠪᠤᠳᠤᠯᠭ᠎ᠠ ᠶᠢ ᠤᠬᠠᠵᠤ ᠮᠡᠳᠡᠬᠡᠳ᠂ ᠤᠯᠠᠨ ᠰᠠᠶᠢᠳ ᠲᠦᠰᠢᠮᠡᠳ ᠢᠶᠠᠨ ᠴᠤᠭᠯᠠᠭᠤᠯᠵᠤ᠄ ︽ᠡᠳᠦᠬᠡ ᠬᠤᠷᠴᠢᠨ ᠤ ᠦᠨᠡᠨᠪᠤᠯᠤᠳ ᠨᠤᠶᠠᠨ ᠨᠠᠳᠠ ᠲᠠᠢ ᠬᠤᠷᠢᠮᠯᠠᠬᠤ ᠬᠡᠰᠡᠨ ᠰᠠᠨᠠᠭ᠎ᠠ ᠪᠠᠨ ᠢᠯᠡᠳᠬᠡᠪᠡ᠃ ᠤᠷᠢᠳᠠᠬᠢ ᠡᠵᠡᠨ ᠤ ᠠᠬᠤᠯ ᠠᠴᠢ ᠬᠦᠪᠡᠬᠦᠨ 7 ᠨᠠᠰᠤᠳᠠᠢ ᠪᠠᠳᠣᠮᠦ᠋ᠩᠭᠡ ᠮᠦᠨ ᠠᠳᠡ ᠪᠤᠢ᠂ ᠪᠢ ᠴᠤᠬᠤᠮ ᠬᠡᠨ ᠳᠤᠨᠢ ᠤᠴᠢᠪᠡᠯ ᠵᠤᠬᠢᠰᠳᠠᠢ ᠪᠤᠢ︖︾ ᠬᠡᠵᠤ ᠠᠰᠠᠭᠤᠪᠠ᠃ ᠡᠨᠡ ᠦᠶ᠎ᠡ ᠳᠤ ᠶᠡᠭᠡ ᠲᠦᠰᠢᠮᠡᠯ ᠰᠠᠳᠠᠢ ᠦᠪᠡᠷ ᠤᠨ ᠠᠰᠢᠭ ᠲᠤᠰᠠ ᠪᠠᠨ ᠪᠤᠳᠤᠵᠤ᠂ ᠠᠯᠠ ᠨᠢ ᠴᠤᠭᠤᠷᠬᠠᠢ ᠦᠮᠦᠳᠤ ᠡᠮᠣᠰᠴᠤ᠂ ᠠᠮᠠᠨ ᠰᠦ ᠨᠢ ᠠᠷᠢᠯᠤᠭᠠᠳᠤᠢ ᠪᠠᠳᠤᠮᠦ᠋ᠩᠭᠡ ᠶᠢ ᠦᠯᠦ ᠣᠶᠢᠰᠢᠶᠠᠨ᠂ ᠬᠦᠴᠦᠨ ᠰᠦᠷ ᠨᠢ ᠪᠦᠬᠦᠶᠢᠯᠡ ᠮᠤᠩᠭᠤᠯ ᠳᠤ ᠤᠷᠤᠶᠢᠯᠠᠵᠤ ᠪᠠᠶᠢᠭᠰᠠᠨ ᠦᠨᠡᠨᠪᠤᠯᠤᠳ ᠨᠤᠶᠠᠨ ᠢ ᠪᠢᠯᠳᠠᠤᠴᠢᠯᠠᠭᠠᠳ᠄ ︽ᠦᠴᠦᠬᠡᠨ ᠬᠡᠦᠬᠡᠳ ᠢ ᠬᠦᠯᠢᠶᠡᠬᠦ ᠪᠠᠷ ᠦᠨᠡᠨᠪᠤᠯᠤᠳ ᠨᠤᠶᠠᠨ ᠳᠤ ᠤᠴᠢᠪᠠᠯ ᠵᠤᠬᠢᠨ᠎ᠡ︾ ᠬᠡᠵᠤ ᠬᠠᠷᠢᠭᠤᠯᠪᠠ᠃ ᠮᠠᠨᠳᠤᠬᠠᠢ ᠰᠡᠴᠡᠨ ᠬᠠᠳᠤᠨ ᠪᠡᠶ᠎ᠡ ᠡᠷᠬᠢᠵᠤ ᠰᠠᠩᠬᠠᠢ ᠦᠷᠯᠦᠭ ᠤᠨ ᠡᠬᠡᠨᠡᠷ ᠵᠢᠬᠠᠨ ᠠᠬ᠎ᠠ ᠠᠴᠠ ᠠᠰᠠᠭᠤᠭᠰᠠᠨ ᠳᠤ ᠲᠡᠷᠡ᠄ ︽ᠬᠠᠰᠠᠷ ᠤᠨ ᠦᠷ᠎ᠡ ᠳᠤ ᠤᠴᠢᠪᠡᠯ᠂ ᠬᠠᠷ᠎ᠠ ᠮᠦᠷ ᠲᠠᠳᠠᠵᠤ᠂ ᠬᠠᠮᠤᠭ ᠤᠯᠤᠰ ᠠᠴᠠ ᠬᠠᠭᠠᠴᠠᠨ᠂ ᠬᠠᠳᠤᠨ ᠨᠡᠷ᠎ᠡ ᠪᠠᠨ ᠠᠯᠳᠠᠨ᠎ᠠ᠃ ᠬᠠᠭᠠᠨ ᠤ ᠦᠷ᠎ᠡ ᠎ ᠶᠢ ᠰᠠᠬᠢᠪᠠᠯ᠂ ᠬᠠᠨ ᠲᠡᠭᠷᠢ ᠳᠤ ᠢᠪᠡᠬᠡᠭᠳᠡᠵᠤ᠂ ᠬᠠᠮᠤᠭ ᠤᠯᠤᠰ ᠢᠶᠠᠨ ᠡᠵᠡᠯᠡᠨ᠂ ᠬᠠᠳᠤᠨ ᠨᠡᠷ᠎ᠡ ᠪᠠᠨ ᠠᠯᠳᠠᠷᠰᠢᠭᠤᠯᠤᠨ᠎ᠠ︾ ᠬᠡᠵᠤ ᠰᠠᠨᠠᠭᠤᠯᠪᠠ᠃ ᠮᠠᠨᠳᠤᠬᠠᠢ ᠰᠡᠴᠡᠨ ᠬᠠᠳᠤᠨ ᠵᠢᠬᠠᠨ ᠠᠬ᠎ᠠ ᠶᠢᠨ ᠦᠬᠡ ᠶᠢ ᠰᠤᠨᠣᠰᠤᠭᠠᠳ ᠲᠤᠶᠢᠯ ᠢᠶᠠᠷ ᠪᠢᠰᠢᠷᠡᠵᠤ᠂ ᠰᠠᠳᠠᠢ ᠳᠤ ᠬᠤᠷᠤᠰᠤᠨ᠄ ︽ᠬᠠᠭᠠᠨ ᠤ ᠦᠷ᠎ᠡ ᠶᠢ ᠦᠴᠦᠬᠡᠨ ᠬᠡᠵᠤ᠂ ᠬᠠᠰᠠᠷ ᠤᠨ ᠦᠷ᠎ᠡ ᠶᠢ ᠶᠡᠭᠡ ᠬᠡᠵᠤ᠂ ᠬᠠᠳᠤᠨ ᠪᠡᠶ᠎ᠡ ᠶᠢ ᠮᠢᠨᠢ ᠪᠡᠯᠪᠡᠰᠳ ᠬᠡᠵᠤ᠂ ᠬᠠᠮᠢᠭᠠᠰᠢ ᠪᠠᠨ ᠦᠬᠦᠯᠡᠨ᠎ᠡ ᠪᠤᠢ ᠴᠢ︕︾ ᠬᠡᠳ ᠲᠤᠯᠤᠭᠠᠢ ᠤᠷᠤᠭᠤ ᠨᠢ ᠬᠠᠯᠠᠭᠤᠨ ᠴᠠᠢ ᠠᠰᠬᠠᠪᠠ᠃ ᠲᠡᠬᠡᠬᠡᠳ ᠮᠠᠨᠳᠤᠬᠠᠢ ᠰᠡᠴᠡᠨ ᠬᠠᠳᠤᠨ ᠦᠨᠡᠨᠪᠤᠯᠤᠳ ᠨᠤᠶᠠᠨ ᠤ ᠲᠡᠷᠬᠡᠳᠡ ᠬᠦᠮᠦᠨ ᠲᠤᠮᠢᠯᠠᠨ ᠢᠯᠡᠬᠡᠵᠤ᠄ ︽ᠬᠠᠭᠠᠨ ᠤ ᠮᠢᠨᠢ ᠦᠪ ᠢ ᠬᠠᠰᠠᠷ ᠤᠨ ᠦᠷ᠎ᠡ ᠴᠢ ᠢᠳᠡᠬᠦ ᠪᠤᠶᠤ᠂ ᠬᠠᠰᠠᠷ ᠤᠨ ᠦᠷ᠎ᠡ ᠴᠢᠨᠤ ᠦᠪ ᠢ ᠪᠢᠳᠡ ᠢᠳᠡᠬᠦ ᠪᠢᠯᠡ ᠤᠤ︖ ᠡᠷᠬᠦᠵᠤ ᠦᠯᠦ ᠪᠤᠯᠬᠤ ᠡᠬᠦᠳᠡ ᠲᠠᠢ ᠪᠢᠯᠡ᠂ ᠠᠯᠬᠤᠵᠤ ᠦᠯᠦ ᠭᠠᠷᠬᠤ ᠪᠤᠱᠤᠭ᠎ᠠ ᠲᠠᠢ ᠪᠢᠯᠡ᠂ ᠬᠠᠭᠠᠨ ᠤ ᠮᠢᠨᠢ ᠦᠷ᠎ᠡ ᠪᠠᠶᠢᠳᠠᠯ᠎ᠠ ᠴᠢᠮᠠᠳᠤ ᠦᠯᠦ ᠤᠴᠢᠨᠠᠮ︾ ᠬᠡᠵᠤ ᠬᠡᠯᠡᠬᠦᠯᠵᠠᠢ᠃     1479 ᠣᠨ ᠳᠤ ᠪᠡᠯᠪᠡᠰᠦᠷᠡᠬᠡᠳ ᠨᠢᠬᠡᠨᠳᠡ ᠠᠷᠪᠡᠨ ᠵᠢᠯ ᠪᠤᠯᠤᠭᠰᠠᠨ ᠮᠠᠨᠳᠤᠬᠠᠢ ᠰᠡᠴᠡᠨ ᠬᠠᠳᠤᠨ ᠭᠤᠴᠢᠭᠠᠳ ᠨᠠᠰᠤᠨ ᠳᠠᠭᠠᠨ ᠬᠠᠭᠠᠨ ᠤ ᠤᠭᠰᠠᠭ᠎ᠠ ᠶᠢᠨ ᠮᠠᠨᠳᠤᠭᠤᠯᠢ ᠬᠠᠭᠠᠨ ᠤ ᠦᠶ᠎ᠡ ᠶᠢᠨ ᠪᠤᠯᠬᠤ ᠵᠢᠨᠤᠩ ᠪᠠᠶᠠᠠᠮᠦ᠋ᠩᠭᠡ ᠶᠢᠨ ᠲᠤᠯᠤᠭᠠᠨ ᠨᠠᠰᠤᠳᠠᠢ ᠦᠨᠦᠴᠢᠨ ᠬᠦᠪᠡᠬᠦᠨ ᠪᠠᠳᠤᠮᠦ᠋ᠩᠭᠡ ᠯᠤᠭ᠎ᠠ ᠤᠷᠤᠭᠯᠠᠪᠠ᠃ ᠲᠡᠭᠡᠭᠡᠳ ᠮᠠᠨᠳᠤᠭᠤᠯᠢ ᠬᠠᠭᠠᠨ ᠤ ᠬᠠᠭᠤᠴᠢᠨ ᠲᠦᠰᠢᠮᠡᠳ ᠤᠨ ᠲᠡᠮᠵᠢᠯᠬᠡ ᠪᠠᠷ ᠮᠠᠨᠳᠤᠬᠠᠢ ᠰᠡᠴᠡᠨ ᠬᠠᠳᠤᠨ᠂ ᠪᠦᠬᠦ ᠮᠤᠩᠭᠤᠯ ᠎ ᠤᠨ ᠢᠵᠠᠭᠤᠷᠳᠠᠨ ᠢ ᠵᠠᠯᠠᠵᠤ᠂ ᠤᠷᠳᠤᠰ ᠲᠤ ᠪᠠᠶᠢᠭ᠎ᠠ ᠴᠢᠩᠭᠢᠰ ᠬᠠᠭᠠᠨ ᠤ ᠨᠠᠢᠮᠠᠨ ᠴᠠᠭᠠᠨ ᠤᠷᠳᠤᠨ ᠤ ᠡᠮᠦᠨ᠎ᠡ᠂ ᠪᠠᠳᠤᠮᠦ᠋ᠩᠭᠡ ᠶᠢ ᠶᠡᠭᠡ ᠰᠠᠭᠤᠷᠢᠨ ᠳᠤ ᠰᠠᠭᠤᠯᠭᠠᠬᠤ ᠶᠤᠰᠤᠯᠠᠯ ᠢ ᠦᠪᠡᠳᠡᠭᠰᠢ ᠶᠡᠬᠡᠪᠡᠷ ᠶᠠᠪᠤᠭᠤᠯᠵᠤ᠂ ︽ᠲᠠᠶᠠᠭᠠᠷ ᠤᠯᠠᠨ ᠢ ᠡᠵᠡᠯᠡᠬᠦ ᠪᠤᠯᠳᠤᠭᠠᠢ︾ ᠬᠡᠰᠡᠨ ᠠᠭᠤᠯᠭ᠎ᠠ ᠪᠠᠷ ︽ᠲᠠᠶᠤᠨ ᠬᠠᠭᠠᠨ︾ ᠬᠡᠵᠤ ᠡᠷᠬᠦᠮᠵᠢᠯᠡᠪᠡ᠃ ᠬᠠᠭᠠᠨ ᠰᠠᠭᠤᠷᠢᠨ ᠢ ᠵᠠᠯᠭᠠᠮᠵᠢᠯᠠᠭᠤᠯᠬᠤ ᠦᠶ᠎ᠡ ᠳᠤ ᠮᠠᠨᠳᠤᠬᠠᠢ ᠰᠡᠴᠡᠨ ᠬᠠᠳᠤᠨ 7 ᠨᠠᠰᠤᠳᠠᠢ ᠪᠠᠳᠤᠮᠦ᠋ᠩᠭᠡ ᠳᠤ ᠲᠠᠪᠬᠤᠷ ᠤᠯᠠ ᠲᠠᠢ ᠭᠤᠳᠤᠯ ᠡᠮᠦᠰᠬᠡᠨ᠂ ᠭᠠᠷ ᠠᠴᠠ ᠨᠢ ᠬᠦᠳᠦᠯᠵᠤ᠂ ᠴᠢᠩᠭᠢᠰ ᠬᠠᠭᠠᠨ ᠤ ᠨᠠᠢᠮᠠᠨ ᠴᠠᠭᠠᠨ ᠤᠷᠳᠤᠨ ᠤ ᠡᠮᠦᠨ᠎ᠡ ᠲᠠᠭᠠᠭᠤᠯᠤᠨ ᠠᠪᠠᠴᠢᠭᠠᠳ ᠰᠦᠬᠦᠳᠦᠨ ᠮᠦᠷᠬᠦᠵᠤ᠄︽ᠬᠠᠷ᠎ᠠ ᠴᠠᠭᠠᠨ ᠦᠩᠭᠡ ᠦᠯᠦ ᠦᠵᠡᠭᠳᠡᠬᠦ ᠭᠠᠵᠠᠷ ᠪᠠᠷᠠᠯᠠᠳᠠᠭ ᠪᠢᠯᠡᠬᠠᠭᠠᠨ ᠡᠵᠡᠨ ᠤ ᠦᠷ᠎ᠡ ᠪᠠᠳᠣᠮᠦ᠋ᠩᠭᠡ ᠶᠢ ᠪᠠᠭ᠎ᠠ ᠬᠡᠵᠤᠬᠠᠰᠠᠷ ᠠᠪᠠᠭ᠎ᠠ ᠶᠢᠨ ᠦᠷ᠎ᠡ ᠦᠨᠡᠨᠪᠤᠯᠤᠳ ᠲᠦᠷᠢᠮᠡᠬᠡᠢ ᠵᠠᠩᠨᠠᠵᠤ ᠢᠷᠡᠬᠦ ᠳᠤ᠂ᠬᠠᠭᠠᠨ ᠡᠴᠢᠬᠡ ᠬᠠᠳᠤᠨ ᠡᠬᠡ ᠶᠢᠨ ᠤᠷᠳᠤᠨ ᠳᠤ ᠢᠷᠡᠪᠡ ᠪᠢ᠂ᠦᠷ᠎ᠡ ᠴᠢᠨᠤ ᠪᠠᠳᠤᠮᠦ᠋ᠩᠭᠡ ᠶᠢ ᠬᠦᠯᠢᠶᠡᠰᠦᠬᠡᠢ︕ᠦᠨᠡᠨ ᠰᠡᠳᠬᠢᠯ ᠢᠶᠠᠷ ᠵᠠᠯᠪᠠᠷᠢᠨ ᠦᠴᠢᠮᠤ᠂ᠦᠷᠦᠰᠢᠶᠡᠵᠤ ᠲᠤᠯᠤᠭᠠᠨ ᠬᠦᠪᠡᠬᠦᠨ ᠢ ᠬᠤᠳᠤᠭ ᠢ ᠰᠤᠶᠤᠷᠬ᠎ᠠ︕ᠦᠨᠦᠷ ᠮᠡᠳᠤ ᠭᠠᠭᠴᠠ ᠥᠬᠢᠨ ᠢ ᠬᠠᠶᠢᠷᠠᠯᠠ︕ᠲᠤᠯᠤᠭᠤᠯᠠ ᠳᠤ ᠪᠤᠯᠤᠳ ᠨᠡᠷ᠎ᠡ ᠦᠭᠴᠤᠲᠤᠳᠤᠭᠠᠳᠤ ᠭᠠᠯ ᠭᠤᠯᠤᠮᠳᠠ ᠶᠢ ᠴᠢᠨᠢ ᠰᠠᠬᠢᠭᠤᠯᠤᠶ᠎ᠠ︕ᠲᠤᠭᠰᠢᠨ ᠬᠡᠷᠴᠡᠬᠡᠢ ᠤᠯᠤᠰ ᠢ ᠵᠠᠰᠠᠭᠤᠯᠤᠨᠲᠤᠯᠭ᠎ᠠ ᠲᠦᠰᠢᠬᠡ ᠶᠡᠭᠡ ᠲᠦᠷᠦ ᠶᠢ ᠴᠢᠨᠢ ᠪᠠᠷᠢᠭᠤᠯᠤᠶ᠎ᠠ︕︾ ᠬᠡᠵᠤ ᠡᠭᠰᠢᠨ ᠮᠡᠭᠰᠢᠨ ᠤᠬᠢᠯᠠᠵᠤ ᠲᠠᠩᠭᠠᠷᠢᠭᠯᠠᠪᠠ ᠃ ᠮᠠᠨᠳᠤᠬᠠᠢ ᠰᠡᠴᠡᠨ ᠬᠠᠳᠤᠨ ᠤ ᠡᠨᠡ ᠬᠦ ᠦᠨᠡᠨᠴᠢ ᠰᠡᠳᠬᠢᠯ ᠤᠨ ᠦᠬᠡ ᠨᠢ ᠮᠤᠩᠭᠤᠯ ᠤᠨ ᠪᠤᠰᠤᠳ ᠨᠤᠶᠠᠳ ᠢ ᠪᠠᠶᠢᠳᠤᠭᠠᠢ᠂ ᠬᠤᠷᠴᠢᠨ ᠤ ᠦᠨᠡᠨᠪᠤᠯᠤᠳ ᠨᠤᠶᠠᠨ ᠤ ᠰᠡᠳᠬᠢᠯ ᠢ ᠴᠦ ᠶᠡᠬᠡᠳᠡ ᠤᠶᠠᠷᠠᠭᠤᠯᠵᠤ᠂ ᠦᠬᠦᠯᠡᠭᠰᠡᠨ ᠦᠬᠡ ᠎ ᠪᠠᠨ ᠤᠰᠠᠳᠬᠠᠬᠤ ᠳᠤ ᠬᠦᠷᠦᠬᠦᠯᠵᠠᠢ᠃     ᠮᠠᠨᠳᠤᠬᠠᠢ ᠰᠡᠴᠡᠨ ᠬᠠᠳᠤᠨ᠂ ᠲᠠᠶᠤᠨ ᠬᠠᠭᠠᠨ ᠢ ᠶᠡᠭᠡ ᠰᠠᠭᠤᠷᠢᠨ ᠳᠤ ᠰᠠᠭᠤᠯᠭᠠᠭᠰᠠᠨ ᠤ ᠲᠠᠷᠠᠭ᠎ᠠ᠂ ᠶᠠᠭᠤᠨ ᠎ ᠤ ᠡᠮᠦᠨ᠎ᠡ ᠬᠠᠭᠠᠨ ᠲᠦᠷᠦ ᠶᠢᠨ ᠨᠢᠬᠡᠳᠦᠯ ᠳᠤ ᠬᠠᠷᠰᠢ ᠰᠠᠭᠠᠳ ᠪᠤᠯᠵᠤ ᠪᠠᠶᠢᠭᠰᠠᠨ ᠤᠶᠢᠷᠠᠳ ᠮᠤᠩᠭᠤᠯ ᠢ ᠲᠤᠪᠳᠤᠯᠪᠠ᠃ ᠤᠴᠢᠷ ᠨᠢ ᠲᠦᠷᠪᠡᠨ ᠤᠶᠢᠷᠠᠳ ᠤᠨ ᠢᠵᠠᠭᠤᠷᠳᠠᠳ ᠤᠨ ᠲᠤᠳᠤᠷ᠎ᠠ ᠤᠷᠢᠳ ᠬᠤᠵᠢᠳ ᠬᠤᠶᠠᠷ ᠨᠢ ︽ᠶᠤᠰᠤ ᠪᠤᠰᠤ︾᠎ ᠪᠠᠷ ᠪᠡᠶ᠎ᠡ ᠪᠠᠨ ᠬᠠᠭᠠᠨ ᠡᠷᠬᠦᠮᠵᠢᠯᠡᠵᠤ᠂ ᠭᠤᠷᠪᠠᠨ ᠬᠠᠭᠠᠨ ᠢ ᠬᠤᠤᠷᠯᠠᠨ᠂ ᠨᠢᠬᠡ ᠵᠢᠨᠤᠩ ᠢ ᠠᠯᠠᠭᠠᠳ᠂ ᠮᠤᠩᠭᠤᠯ ᠤᠨ ᠤᠯᠠᠨ ᠠᠶᠢᠮᠠᠭ ᠢ ᠨᠢᠬᠡᠳᠬᠡᠬᠦ ᠦᠢᠯᠡᠰ ᠲᠤ ᠶᠡᠬᠡᠬᠡᠨ ᠰᠦᠷᠳᠡᠬᠦᠯᠦᠯ ᠤᠴᠠᠷᠠᠭᠤᠯᠵᠤ ᠪᠠᠶᠢᠭᠰᠠᠨ ᠶᠤᠮ᠃ ᠡᠶᠢᠮᠤ ᠠᠴᠠ ᠮᠠᠨᠳᠤᠬᠠᠢ ᠰᠡᠴᠡᠨ ᠬᠠᠳᠤᠨ ᠲᠠᠶᠤᠨ ᠬᠠᠭᠠᠨ ᠤ ᠨᠡᠷ᠎ᠡ ᠬᠦᠨᠳᠣ ᠶᠢ ᠲᠡᠬᠡᠭᠰᠢᠯᠡᠬᠦᠯᠵᠤ᠂ ᠢᠷᠡᠬᠡᠳᠦᠢ ᠳᠤ ᠡᠯ᠎ᠡ ᠨᠤᠶᠠᠳ ᠢ ᠡᠷᠬᠡ ᠰᠦᠷ ᠲᠡᠭᠡᠨ ᠤᠷᠤᠭᠤᠯᠤᠨ ᠠᠪᠬᠤ ᠶᠢᠨ ᠲᠦᠯᠦᠬᠡ᠂ ᠨᠢᠯᠬ᠎ᠠ ᠪᠠᠭ᠎ᠠ ᠪᠠᠳᠤᠮᠦ᠋ᠩᠭᠡ ᠶᠢ ᠦᠬᠡᠭᠳᠣ ᠲᠡᠷᠬᠡᠨ ᠳᠤ ᠰᠠᠭᠤᠯᠭᠠᠨ ᠪᠦᠬᠦ ᠴᠡᠷᠢᠭ ᠢ ᠲᠠᠶᠢᠴᠢᠯᠠᠭᠤᠯᠵᠤ᠂ ᠦᠪᠡᠷ ᠎ ᠤᠨ ᠦᠰᠤ ᠬᠡᠵᠢᠬᠡ ᠪᠠᠨ ᠡᠪᠬᠡᠨ᠂ ᠬᠤᠶᠠᠭ ᠲᠤᠭᠤᠯᠭ᠎ᠠ ᠡᠮᠤᠰᠴᠤ ᠨᠤᠮᠤ ᠰᠠᠭᠠᠳᠠᠭ ᠠᠭᠰᠠᠭᠠᠳ ᠣᠶᠢᠷᠠᠳ ᠲᠡᠰᠢ ᠮᠤᠷᠳᠡᠪᠡ᠃ ᠬᠤᠶᠠᠷ ᠡᠳᠡᠬᠡᠳ ᠤᠨ ᠴᠡᠷᠢᠭ᠂ ᠲᠡᠰ ᠪᠦᠷᠢᠳᠣ ᠬᠡᠰᠡᠨ ᠭᠠᠵᠠᠷ ᠠᠭᠤᠯᠵᠠᠭᠰᠠᠨ᠎ᠠ᠂ ᠮᠠᠨᠳᠤᠬᠠᠢ ᠰᠡᠴᠡᠨ ᠬᠠᠳᠤᠨ ᠦᠪᠡᠷ ᠢᠶᠠᠨ ᠬᠤᠰᠢᠭᠤᠴᠢᠯᠠᠵᠤ ᠪᠡᠶ᠎ᠡ ᠪᠠᠷ ᠲᠠᠶᠢᠨ ᠳᠤ ᠤᠷᠤᠯᠴᠠᠭᠠᠳ᠂ ᠡᠷᠡᠯᠬᠡᠭ ᠪᠠᠭᠠᠳᠤᠷ ᠢᠶᠠᠷ ᠵᠡᠬᠦᠨᠰᠢ ᠲᠠᠶᠢᠯᠠᠨ ᠪᠠᠷᠠᠭᠤᠨᠰᠢ ᠴᠤᠬᠢᠵᠤ ᠲᠦᠷᠪᠡᠨ ᠤᠶᠢᠷᠠᠳ ᠢ ᠶᠡᠬᠡᠳᠡ ᠲᠠᠶᠢᠯᠦᠭᠰᠡᠨ ᠪᠠᠶᠢᠨ᠎ᠠ᠃ ᠲᠠᠶᠢᠨ ᠬᠦ ᠲᠠᠶᠢᠰᠦᠨ ᠤ ᠠᠷᠤ ᠠᠴᠠ ᠨᠡᠬᠡᠮᠵᠢᠯᠡᠨ ᠶᠠᠪᠤᠳᠠᠯ᠎ᠠ ᠮᠤᠷᠢ ᠨᠢ ᠰᠢᠪᠠᠷᠳᠠᠭᠠᠳ᠂ ᠮᠠᠨᠳᠤᠬᠠᠢ ᠰᠡᠴᠡᠨ ᠬᠠᠳᠤᠨ ᠰᠢᠪᠡᠷ ᠲᠤ ᠲᠤᠭᠤᠯᠭ᠎ᠠ ᠎ ᠪᠠᠷ ᠢᠶᠠᠨ ᠰᠢᠬᠢᠳᠦᠨ ᠤᠷᠤᠪᠠ᠃ ᠡᠨᠡ ᠦᠶ᠎ᠡ ᠳᠤ ᠬᠤᠩᠭᠢᠷᠠᠳ ᠤᠨ ᠡᠰᠡᠯᠠᠢ ᠲᠠᠶᠢᠪᠤ᠂ ᠬᠠᠷᠠᠴᠢᠨ ᠤ ᠵᠢᠬᠤᠢ ᠲᠠᠷᠬᠠᠨ᠂ ᠪᠠᠯᠬᠠᠴᠢᠨ ᠤ ᠪᠠᠶᠠᠨᠪᠦ᠋ᠬᠡ᠂ ᠠᠰᠤᠳ ᠤᠨ ᠪᠠᠳᠤᠪᠤᠯᠤᠳ ᠲᠦᠷᠪᠡᠬᠦᠯᠡ ᠬᠦᠢᠴᠡᠵᠤ ᠢᠷᠡᠬᠡᠳ ᠪᠠᠯᠴᠢᠭ ᠰᠢᠪᠠᠷ ᠠᠴᠠ ᠲᠠᠳᠠᠵᠤ ᠭᠠᠷᠭᠠᠭᠰᠠᠨ ᠪᠦᠬᠡᠳ ᠪᠠᠶᠠᠭᠤᠳ ᠤᠨ ᠰᠠᠶᠢᠨ ᠬᠤᠩᠬᠤᠷ ᠮᠤᠷᠢ ᠪᠠᠨ ᠦᠭᠴᠤ ᠤᠨᠤᠭᠤᠯᠤᠭᠠᠳ᠂ ᠲᠠᠶᠢᠰᠤᠨ ᠢ ᠦᠷᠬᠦᠯᠵᠢᠯᠡᠨ ᠨᠡᠬᠡᠵᠠᠢ᠃ ᠲᠡᠭᠡᠭᠡᠳ ᠪᠦᠬᠦ ᠴᠡᠷᠢᠭ ᠢ ᠨᠢ ᠦᠨᠡᠰᠦᠨ ᠲᠤᠪᠷᠠᠭ ᠪᠤᠯᠳᠠᠯ᠎ᠠ ᠪᠤᠳᠠ ᠨᠢᠷᠬᠡᠭᠰᠡᠨ ᠳᠤ ᠲᠦᠷᠪᠡᠨ ᠤᠶᠢᠷᠠᠳ ᠠᠷᠭ᠎ᠠ ᠪᠤᠰᠤ ᠲᠠᠶᠢᠨ ᠵᠤᠭᠰᠤᠬᠤ ᠶᠢ ᠭᠤᠶᠤᠴᠢᠯᠠᠪᠠ᠃ ᠮᠠᠨᠳᠤᠬᠠᠢ ᠰᠡᠴᠡᠨ ᠬᠠᠳᠤᠨ ᠲᠡᠳᠡᠨ ᠤ ᠭᠤᠶᠤᠴᠢᠯᠠᠯ ᠢ ᠬᠦᠯᠢᠶᠡᠨ ᠠᠪᠤᠭᠠᠳ᠂ ᠤᠶᠢᠷᠠᠳ ᠤᠨ ᠪᠤᠳᠠᠳᠣ ᠪᠠᠶᠢᠳᠠᠯ ᠢ ᠦᠨᠳᠦᠰᠦᠯᠡᠨ ᠠᠩᠬ᠎ᠠ ᠤᠳᠠᠭ᠎ᠠ ᠲᠠᠪᠤᠨ ᠵᠤᠷᠪᠤᠰ ︽ᠵᠠᠰᠠᠭ︾ ︵ᠬᠠᠤᠯᠢ︶ ᠲᠤᠭᠳᠠᠭᠠᠨ ᠦᠭᠭᠦᠭᠰᠡᠨ ᠶᠤᠮ᠃ ᠡᠨᠡ ᠨᠢ᠄ ᠨᠢᠬᠡ ᠳᠤ᠂ ᠬᠡᠷ ᠢᠶᠠᠨ ᠤᠷᠳᠤ ᠬᠡᠵᠤ ᠪᠤᠯᠬᠤ ᠦᠭᠡᠢ᠂ ᠦᠷᠦᠬᠡ ᠬᠡᠬᠦ ᠬᠡᠷᠡᠭᠳᠡᠢ᠃ ᠬᠤᠶᠠᠷ ᠲᠤ᠂ ᠮᠠᠯᠠᠭᠠᠢ ᠶᠢᠨ ᠵᠠᠯᠠᠭ᠎ᠠ ᠪᠠᠨ ᠬᠤᠶᠠᠷ ᠬᠤᠷᠤᠭᠤ ᠠᠴᠠ ᠤᠷᠳᠤ ᠲᠠᠯᠪᠢᠵᠤ ᠪᠤᠯᠬᠤ ᠦᠭᠡᠢ᠃ ᠭᠤᠷᠪᠠ ᠳᠤ᠂ ᠵᠠᠪᠢᠯᠠᠵᠤ ᠰᠠᠭᠤᠵᠤ ᠪᠤᠯᠬᠤ ᠦᠭᠡᠢ᠂ ᠰᠦᠬᠦᠳᠴᠤ ᠰᠠᠭᠤᠬᠤ ᠬᠡᠷᠡᠭᠳᠡᠢ᠃ ᠲᠦᠷᠪᠡ ᠳᠤ᠂ ᠮᠢᠬ᠎ᠠ ᠶᠢ ᠬᠢᠳᠤᠭ᠎ᠠ ᠪᠠᠷ ᠢᠳᠡᠵᠤ ᠪᠤᠯᠬᠤ ᠦᠭᠡᠢ᠂ ᠰᠢᠳᠤ ᠪᠠᠷ ᠢᠳᠡᠬᠦ ᠬᠡᠷᠡᠭᠳᠡᠢ᠃ ᠲᠠᠪᠤ ᠳᠤ᠂ ᠠᠶᠢᠷᠠᠭ ᠢ ᠴᠡᠭᠡ ᠬᠡᠵᠤ ᠨᠡᠷᠡᠶᠢᠳᠬᠦ ᠬᠡᠷᠡᠭᠳᠡᠢ ᠬᠡᠬᠦ ᠵᠡᠷᠬᠡ ᠪᠤᠯᠤᠨ᠎ᠠ᠃    ᠮᠠᠨᠳᠤᠬᠠᠢ ᠰᠡᠴᠡᠨ ᠬᠠᠳᠤᠨ ᠤ ᠲᠠᠪᠤᠨ ᠵᠤᠷᠪᠤᠰ ︽ᠵᠠᠰᠠᠭ︾᠎ ᠤᠨ ᠲᠦᠷᠪᠡᠨ ᠵᠤᠷᠪᠤᠰ ᠢ ᠨᠢ ᠤᠶᠢᠷᠠᠳ ᠴᠦᠮ ᠬᠦᠯᠢᠶᠡᠨ ᠠᠪᠤᠭᠰᠠᠨ ᠪᠤᠯᠪᠠᠴᠤ ᠭᠠᠭᠴᠠ ᠬᠦ ︽ᠮᠢᠬ᠎ᠠ ᠶᠢ ᠬᠢᠳᠤᠭ᠎ᠠ ᠪᠠᠷ ᠢᠳᠡᠵᠤ ᠪᠤᠯᠬᠤ ᠦᠭᠡᠢ᠂ ᠰᠢᠳᠤ ᠪᠠᠷ ᠢᠳᠡᠬᠦ ᠬᠡᠷᠡᠭᠳᠡᠢ︾ ᠬᠡᠰᠡᠨ ᠢ ᠬᠦᠴᠦᠨ ᠦᠭᠡᠢ ᠪᠤᠯᠭᠠᠬᠤ ᠶᠢ ᠠᠬᠢᠨ ᠲᠠᠬᠢᠨ ᠭᠤᠶᠤᠴᠢᠯᠠᠨ ᠱᠠᠭᠠᠷᠳᠠᠪᠠ᠃ ᠮᠠᠨᠳᠤᠬᠠᠢ ᠰᠡᠴᠡᠨ ᠬᠠᠳᠤᠨ ᠲᠡᠳᠡᠨ ᠤ ᠬᠦᠰᠡᠯ ᠢ ᠦᠨᠳᠦᠰᠦᠯᠡᠵᠤ᠂ ᠲᠦᠷᠪᠡᠳᠦᠬᠡᠷ ᠵᠤᠷᠪᠤᠰ ᠢ ᠬᠦᠴᠦᠨ ᠦᠭᠡᠢ ᠪᠤᠯᠭᠠᠵᠠᠢ᠃    ᠮᠠᠨᠳᠤᠬᠠᠢ ᠰᠡᠴᠡᠨ ᠬᠠᠳᠤᠨ ᠲᠦᠷᠪᠡᠨ ᠣᠶᠢᠷᠠᠳ ᠢ ᠲᠦᠪᠰᠢᠳᠬᠡᠬᠡᠳ ᠪᠤᠴᠠᠵᠤ ᠢᠷᠡᠭᠰᠡᠨ ᠤ ᠲᠠᠷᠠᠭ᠎ᠠ᠂ ᠴᠡᠷᠢᠭ ᠮᠤᠷᠢ ᠪᠠᠨ ᠴᠡᠭᠴᠡᠯᠡᠵᠤ᠂ ᠪᠠᠳᠤᠮᠦ᠋ᠩᠭᠡ ᠲᠠᠶᠤᠨ ᠬᠠᠭᠠᠨ ᠪᠠ ᠪᠤᠰᠤᠳ ᠤᠯᠠᠨ ᠢᠵᠠᠭᠤᠷᠳᠠᠨ ᠢ ᠲᠠᠭᠠᠭᠤᠯᠤᠨ᠂ ᠦᠨᠳᠦᠷ ᠰᠦᠷᠯᠢᠭ ᠬᠠᠷᠭᠤᠨ᠎ᠠ ᠠᠭᠤᠯᠠ ︵ᠤᠳᠤᠬᠢ ᠲᠠᠯᠠᠨ ᠬᠠᠷ᠎ᠠ ᠠᠭᠤᠯᠠ︶᠎ ᠶᠢ ᠲᠠᠪᠠᠵᠤ᠂ ᠦᠩ ᠰᠢᠮᠡᠯᠢᠭ ᠲᠦᠮᠡᠳ ᠤᠨ ᠲᠠᠯ᠎ᠠ ᠳᠤ ᠬᠦᠷᠴᠤ ᠢᠷᠡᠬᠡᠳ᠂ ᠲᠤᠰ ᠠᠶᠢᠮᠠᠭ ᠤᠨ ᠲᠦᠷᠦᠬᠦᠦ ᠬᠤᠰᠤᠢ ᠯᠤᠭ᠎ᠠ ᠪᠠᠶᠢᠯᠳᠣᠪᠠ᠃ ᠠᠩᠬ᠎ᠠ ᠤᠳᠠᠭ᠎ᠠ ᠶᠢᠨ ᠪᠠᠶᠢᠯᠳᠤᠭᠠᠨ ᠳᠤ ᠮᠠᠨᠳᠤᠬᠠᠢ ᠰᠡᠴᠡᠨ ᠬᠠᠳᠤᠨ ᠪᠠ ᠪᠠᠳᠤᠮᠦ᠋ᠩᠭᠡ ᠲᠠᠶᠤᠨ ᠬᠠᠭᠠᠨ ᠤ ᠴᠡᠷᠢᠭ ᠬᠦᠨᠳᠤ ᠬᠤᠬᠢᠷᠠᠯ ᠳᠤ ᠤᠴᠠᠷᠠᠭᠰᠠᠨ ᠪᠤᠯᠪᠠᠴᠤ ᠲᠠᠬᠢᠨ ᠤᠷᠠᠨ ᠠᠷᠭ᠎ᠠ ᠶᠢ ᠬᠡᠷᠡᠭᠯᠡᠵᠤ᠂ ᠪᠠᠶᠢᠯᠳᠤᠭᠠᠨ ᠢ ᠵᠢᠯᠤᠭᠤᠳᠤᠭᠰᠠᠨ ᠠᠴᠠ ᠬᠤᠰᠤᠢ ᠶᠢᠨ ᠴᠡᠷᠢᠭ ᠢ ᠪᠦᠬᠦᠨ ᠢᠶᠠᠷ ᠰᠦᠨᠢᠬᠡᠨ᠂ ᠰᠢᠷᠬᠠᠳᠤᠨ ᠲᠤᠳᠠᠭᠠᠭᠰᠠᠨ ᠬᠤᠰᠤᠢ ᠶᠢ ᠴᠦ ᠪᠠᠷᠢᠪᠴᠢᠯᠠᠨ ᠠᠪᠴᠣ ᠠᠯᠠᠭᠰᠠᠨ ᠪᠠᠶᠢᠵᠠᠢ᠃       ᠮᠠᠨᠳᠤᠬᠠᠢ ᠰᠡᠴᠡᠨ ᠬᠠᠳᠤᠨ᠂ ᠲᠠᠶᠤᠨ ᠬᠠᠭᠠᠨ ᠨᠠᠷ ᠬᠤᠰᠤᠢ ᠶᠢ ᠤᠰᠠᠳᠬᠠᠮᠠᠭᠴᠠ ᠢᠯᠠᠯᠳᠠ ᠶᠢᠨ ᠡᠷᠴᠢᠨ ᠲᠡᠬᠡᠷ᠎ᠡ ᠪᠠᠨ ᠤᠤᠯ ᠤᠨ ᠵᠠᠨᠤᠯᠳᠤ ᠲᠠᠶᠢᠰᠦᠨ ᠢᠰᠮᠠᠨ ᠲᠠᠶᠢᠱᠢ ︵ᠪᠠᠳᠤᠮᠦ᠋ᠩᠭᠡ ᠲᠠᠶᠤᠨ ᠬᠠᠭᠠᠨ ᠤᠨ ᠡᠴᠢᠬᠡ ᠪᠠᠶᠠᠨᠮᠦ᠋ᠩᠭᠡ ᠶᠢ ᠬᠤᠤᠷᠯᠠᠭᠰᠠᠨ ᠬᠦᠮᠦᠨ︶᠎ ᠢ ᠲᠠᠶᠢᠯᠠᠪᠠ᠃ ᠡᠨᠡ ᠤᠳᠠᠭ᠎ᠠ ᠶᠢᠨ ᠶᠡᠭᠡ ᠴᠡᠷᠢᠭ ᠢ ᠭᠤᠷᠯᠤᠰ ᠤᠨ ᠪᠠᠭᠠᠳᠤᠷ ᠵᠠᠩᠵᠤᠨ ᠲᠤᠭᠤᠭᠠᠴᠢ ᠰᠢᠬᠦᠰᠢ ᠵᠠᠬᠢᠷᠴᠤ᠂ ᠢᠰᠮᠠᠨ ᠤ ᠲᠡᠷᠬᠡᠳᠡ ᠬᠦᠷᠬᠦ ᠳᠤ ᠲᠡᠷᠡ ᠶᠠᠭ ᠬᠡᠷ ᠲᠡᠭᠡᠨ ᠠᠮᠠᠷᠠᠨ ᠰᠠᠭᠤᠵᠤ ᠪᠠᠶᠢᠪᠠ᠃ ᠲᠡᠬᠦᠨ ᠤ ᠬᠡᠷ ᠤᠨ ᠨᠢᠬᠡᠨ ᠪᠤᠭᠤᠯ ᠬᠡᠷ ᠤᠨ ᠭᠠᠳᠠᠨ᠎ᠠ ᠠᠵᠢᠯ ᠬᠢᠵᠤ ᠪᠠᠶᠢᠭᠠᠳ ᠲᠦᠮᠡᠨ ᠠᠬᠳᠠ ᠶᠢᠨ ᠲᠦᠪᠡᠷᠬᠡᠨ ᠤ ᠲᠠᠭᠤᠨ ᠢ ᠰᠤᠨᠤᠰᠤᠭᠠᠳ ᠭᠠᠵᠠᠷ ᠬᠦᠳᠡᠯᠵᠤ ᠪᠠᠶᠢᠨ᠎ᠠ ᠬᠡᠵᠤ ᠠᠳᠡᠬᠦᠷᠡᠵᠤ ᠶᠠᠭᠠᠷᠠᠤ ᠰᠠᠨᠳᠤᠷᠤᠤ ᠬᠡᠷ ᠲᠤ ᠬᠦᠶᠤᠵᠤ ᠢᠷᠡᠨ ᠢᠰᠮᠠᠨ ᠳᠤ᠄ ︽ᠭᠠᠳᠠᠨ᠎ᠠ ᠭᠠᠵᠠᠷ ᠬᠦᠳᠡᠯᠵᠤ ᠪᠠᠶᠢᠨ᠎ᠠ︾ ᠬᠡᠵᠤ ᠵᠤᠭᠰᠤᠭ᠎ᠠ ᠪᠠᠷ ᠮᠡᠳᠡᠬᠡᠯᠡᠪᠡ᠃ ᠢᠰᠮᠠᠨ ᠪᠤᠭᠤᠯ ᠤᠨ ᠮᠡᠳᠡᠬᠦᠯᠦᠯᠳᠡ ᠶᠢ ᠰᠤᠨᠤᠰᠤᠭᠠᠳ᠄ ᠶᠠᠭᠠᠷᠠᠨ ᠭᠠᠷᠴᠤ ᠢᠷᠡᠬᠡᠳ ᠦᠵᠡᠳᠡᠯ᠎ᠡ᠂ ᠶᠠᠭᠤᠨ ᠤ ᠭᠠᠵᠠᠷ ᠬᠦᠳᠡᠯᠬᠦ ᠪᠤᠢ᠂ ᠠᠬᠳᠠ ᠮᠤᠷᠢᠳ ᠤᠨ ᠲᠦᠪᠡᠷᠬᠡᠨ ᠳᠤ ᠬᠠᠶᠠᠭᠳᠠᠭᠰᠠᠨ ᠤᠯᠠᠭᠠᠨ ᠲᠤᠭᠤᠰᠤ ᠠᠭᠠᠷ ᠲᠤ ᠲᠤᠯᠵᠤ ᠮᠤᠷᠢᠳᠤ ᠴᠡᠷᠢᠭ ᠢᠷᠠᠯᠵᠠᠨ ᠬᠠᠷᠠᠯᠠᠵᠤ ᠬᠡᠷ ᠤᠷᠤᠭᠤ ᠨᠢ ᠢᠪ ᠲᠠᠷᠤᠨ ᠢᠷᠠᠵᠤ ᠪᠠᠶᠢᠯ᠎ᠠ᠃ ᠢᠰᠮᠠᠨ ᠡᠬᠦᠨ ᠢ ᠦᠵᠡᠬᠡᠳ ᠶᠠᠭᠤ ᠶᠢ ᠴᠦ ᠬᠠᠮᠢᠶᠠᠷᠤᠯ ᠦᠭᠡᠢ᠂ ᠪᠠᠭᠠᠨ᠎ᠠ ᠲᠡᠬᠡᠷ᠎ᠡ ᠤᠴᠢᠨ ᠵᠠᠶᠢᠳᠠᠩ ᠮᠤᠷᠢ ᠶᠢ ᠠᠯᠳᠠᠷᠠᠭᠠᠨ ᠠᠪᠴᠤ ᠠᠯᠠᠪᠬᠢᠨ ᠮᠤᠷᠳᠠᠭᠠᠳ ᠵᠦᠭ ᠴᠢᠭ ᠦᠭᠡᠢ ᠵᠢᠭᠤᠳᠤᠨ ᠲᠤᠳᠠᠭᠠᠪᠠ᠃ ᠲᠤᠭᠤᠭᠠᠴᠢ ᠰᠢᠬᠦᠰᠢ ᠢᠰᠮᠠᠨ ᠲᠠᠶᠢᠱᠢ ᠵᠠᠶᠢᠳᠠᠩ ᠮᠤᠷᠢ ᠤᠨᠤᠨ ᠵᠢᠭᠤᠳᠠᠵᠤ ᠪᠠᠶᠢᠭ᠎ᠠ ᠶᠢ ᠦᠵᠡᠵᠤ ᠲᠠᠨᠢᠭᠠᠳ᠂ ᠠᠷᠤ ᠠᠴᠠ ᠨᠢ ᠨᠡᠬᠡᠵᠤ ᠬᠠᠷᠪᠤᠵᠤ ᠠᠯᠠᠵᠠᠢ᠃ ᠲᠡᠬᠡᠬᠡᠳ ᠬᠠᠷᠢᠶᠠᠳᠤ ᠤᠯᠠᠨ ᠠᠷᠠᠳ ᠢᠷᠬᠡᠳ ᠢ ᠨᠢ ᠤᠯᠵᠠᠯᠠᠵᠤ᠂ ᠢᠯᠠᠯᠳᠠ ᠲᠠᠢ ᠪᠠᠷ ᠪᠤᠴᠠᠵᠤ ᠢᠷᠡᠭᠰᠡᠨ ᠶᠤᠮ᠃     ᠮᠠᠨᠳᠤᠬᠠᠢ ᠰᠡᠴᠡᠨ ᠬᠠᠳᠤᠨ ᠬᠢᠬᠡᠳ ᠪᠠᠳᠤᠮᠦ᠋ᠩᠭᠡ ᠲᠠᠶᠤᠨ ᠬᠠᠭᠠᠨ ᠤᠶᠢᠷᠠᠳ ᠢ ᠲᠠᠶᠢᠯᠵᠤ᠂ ᠬᠤᠰᠤᠢ ᠶᠢ ᠤᠰᠠᠳᠬᠠᠨ᠂ ᠢᠰᠮᠠᠨ ᠢ ᠲᠤᠨᠢᠯᠭᠠᠭᠠᠳ᠂ ᠮᠤᠩᠭᠤᠯ ᠤᠨ ᠤᠯᠠᠨ ᠠᠶᠢᠮᠠᠭ ᠢ ᠨᠢᠬᠡᠳᠬᠡᠭᠰᠡᠨ ᠲᠤᠯᠠ ᠡᠨᠡ ᠬᠦ ᠠᠭᠤᠤ ᠶᠡᠭᠡ ᠢᠯᠠᠯᠳᠠ ᠪᠠᠨ ᠪᠡᠯᠬᠡᠯᠡᠬᠦ ᠶᠢ ᠲᠦᠯᠦᠬᠡ᠂1505 ᠤᠨ ᠤ ᠵᠤᠨ ᠬᠡᠷᠤᠯᠤᠨ ᠮᠦᠷᠡᠨ ᠤ ᠬᠦᠪᠡᠭᠡ ᠳᠤ ᠦᠪᠡᠳᠡᠭᠰᠢ ᠶᠡᠭᠡ ᠨᠠᠶᠢᠷ ᠬᠢᠪᠡ᠃ ᠡᠨᠡ ᠤᠳᠠᠭ᠎ᠠ ᠶᠢᠨ ᠨᠠᠶᠢᠷ ᠲᠡᠬᠡᠷ᠎ᠡ ᠮᠠᠨᠳᠤᠬᠠᠢ ᠰᠡᠴᠡᠨ ᠬᠠᠳᠤᠨ᠄︽ᠪᠤᠷᠬᠠᠨ ᠲᠡᠭᠷᠢ ᠶᠢᠨ ᠢᠪᠡᠬᠡᠯ ᠳᠤ ᠰᠢᠳᠤᠵᠤᠪᠤᠭᠳᠠ ᠡᠵᠡᠨ ᠤ ᠦᠷ᠎ᠠ ᠶᠢ ᠲᠡᠳᠬᠦᠨᠪᠤᠷᠤᠭᠤ ᠬᠡᠮᠳᠡᠨ ᠢ ᠬᠢᠰᠬᠢᠨ ᠤᠷᠤᠭᠤᠯᠵᠤᠪᠤᠳᠠᠷᠠᠭᠰᠠᠨ ᠲᠦᠷᠦ ᠶᠢ ᠨᠢ ᠬᠠᠰᠢᠵᠤ ᠦᠭᠭᠦᠯ᠎ᠡ᠃ᠡᠵᠡᠨ ᠬᠠᠭᠠᠨ ᠦᠰᠦᠭᠰᠡᠨ ᠲᠤᠯᠠᠡᠷᠬᠢᠨ ᠲᠦᠰᠢᠮᠡᠳ ᠲᠠᠨ ᠳᠤ ᠲᠤᠰᠢᠶᠠᠰᠤᠭᠠᠢᠡᠬᠦᠨᠴᠠ ᠲᠠᠨᠤᠰ ᠵᠠᠰᠠᠭ ᠢᠶᠠᠨ ᠪᠠᠷᠢᠭᠳᠤᠨᠡᠮ᠎ᠡ ᠬᠦᠮᠦᠨ ᠨᠡᠳᠦᠷ ᠬᠠᠮᠢᠶ᠎ᠠ ᠶᠠᠭᠤᠨ︾ ᠬᠡᠵᠤ ᠪᠠᠳᠤᠮᠦ᠋ᠩᠭᠡ ᠲᠠᠶᠤᠨ ᠬᠠᠭᠠᠨ ᠪᠠ ᠪᠤᠰᠤᠳ ᠤᠯᠠᠨ ᠲᠦᠰᠢᠮᠡᠳ ᠎ ᠲᠤ ᠲᠦᠷᠦ ᠤᠯᠤᠰ ᠢᠶᠠᠨ ᠵᠠᠰᠠᠬᠤ ᠲᠠᠷᠬᠠᠨ ᠡᠷᠬᠡ ᠶᠢ ᠲᠤᠰᠢᠶᠠᠨ ᠦᠭᠭᠦᠭᠡᠳ᠂ ᠦᠪᠡᠷ ᠢᠶᠠᠨ ᠲᠠᠬᠢᠵᠤ ᠵᠠᠰᠠᠭ ᠶᠠᠪᠤᠭᠤᠯᠬᠤ ᠦᠭᠡᠢ ᠬᠡᠳᠡᠭ ᠢᠶᠠᠨ ᠲᠤᠩᠬᠠᠯᠠᠵᠠᠢ᠃      ᠮᠠᠨᠳᠤᠬᠠᠢ ᠰᠡᠴᠡᠨ ᠬᠠᠳᠤᠨ᠂ ᠪᠠᠳᠤᠮᠦ᠋ᠩᠭᠡ ᠲᠠᠶᠤᠨ ᠬᠠᠭᠠᠨ ᠲᠠᠢ ᠬᠤᠷᠢᠮᠯᠠᠭᠠᠳ ᠲᠦᠷᠦᠪᠤᠯᠤᠳ᠂ ᠤᠯᠤᠰᠪᠤᠯᠤᠳ᠂ ᠪᠠᠷᠰᠪᠤᠯᠤᠳ᠂ ᠠᠷᠠᠰᠤᠪᠤᠯᠤᠳ᠂ ᠸᠠᠴᠢᠷᠪᠤᠯᠤᠳ᠂ ᠠᠷᠪᠤᠯᠤᠳ ᠵᠡᠷᠬᠡ ᠲᠤᠯᠤᠭᠠᠨ ᠬᠦᠪᠡᠬᠦᠨ ᠮᠡᠨᠳᠤᠯᠡᠭᠰᠡᠨ ᠪᠦᠬᠡᠳ ᠲᠦᠷᠦᠯᠳᠤ ᠬᠦᠨᠵᠢ ᠬᠡᠳᠡᠭ ᠨᠢᠬᠡ ᠬᠡᠦᠬᠡᠨ ᠲᠦᠷᠦᠵᠠᠢ᠃ ᠲᠡᠬᠦᠨ ᠤ ᠲᠤᠯᠤᠭᠠᠨ ᠬᠦᠪᠡᠬᠦᠨ ᠎ ᠤ ᠲᠤᠳᠤᠷ᠎ᠠ ᠤᠯᠤᠰᠪᠤᠯᠤᠳ ᠤᠷᠢᠳᠠ ᠪᠠᠷᠠᠭᠤᠨ ᠭᠤᠷᠪᠠᠨ ᠲᠦᠮᠡᠨ ᠳᠤ ᠠᠯᠠᠭᠳᠠᠭᠰᠠᠨ ᠪᠤᠯᠬᠤᠷ ᠦᠯᠡᠳᠡᠭᠰᠡᠨ ᠵᠢᠷᠭᠤᠭᠠᠨ ᠬᠦᠪᠡᠬᠦᠨ ᠨᠢ ᠲᠤᠰ ᠲᠤᠰ ᠴᠠᠬᠠᠷ ᠲᠦᠮᠡᠨ᠂ ᠤᠷᠢᠶᠠᠩᠬᠠᠢ ᠲᠦᠮᠡᠨ᠂ ᠬᠠᠯᠬ᠎ᠠ ᠲᠦᠮᠡᠨ᠂ ᠤᠷᠳᠤᠰ ᠲᠦᠮᠡᠨ᠂ ᠲᠦᠮᠡᠳ ᠲᠦᠮᠡᠨ᠂ ᠶᠦᠩᠰᠢᠶᠠᠪᠤ ᠲᠦᠮᠡᠨ ᠤ ᠨᠤᠶᠠᠨ ᠪᠤᠯᠪᠠ᠃     ᠮᠠᠨᠳᠤᠬᠠᠢ ᠰᠡᠴᠡᠨ ᠬᠠᠳᠤᠨ ᠪᠤᠯ 15 ᠳ᠋ᠤᠭᠠᠷ ᠵᠠᠭᠤᠨ ᠤ ᠲᠤᠮᠳᠠᠴᠢ ᠪᠠᠷ ᠮᠤᠩᠭᠤᠯ ᠤᠨ ᠲᠡᠦᠬᠡᠨ᠎ᠡ ᠰᠢᠯᠭᠠᠷᠠᠨ ᠭᠠᠷᠤᠭᠰᠠᠨ ᠡᠮᠡᠭᠳᠡᠢ ᠤᠯᠤᠰ ᠲᠦᠷᠦᠴᠢᠨ ᠶᠤᠮ᠃ ᠲᠡᠷᠡ ᠦᠪᠡᠷ ᠤᠨ ᠠᠯᠢᠪᠠ ᠪᠦᠬᠦᠨ ᠢᠶᠠᠨ ᠮᠤᠩᠭᠤᠯ ᠦᠨᠳᠦᠰᠦᠳᠡᠨ ᠢ ᠲᠠᠬᠢᠨ ᠨᠢᠬᠡᠳᠬᠡᠬᠦ ᠶᠡᠭᠡ ᠦᠢᠯᠡᠰ ᠲᠤ ᠵᠤᠷᠢᠭᠤᠯᠤᠨ ᠤᠷᠳᠤ ᠬᠤᠭᠤᠴᠠᠭ᠎ᠠ ᠪᠠᠷ ᠲᠠᠶᠢᠨ ᠪᠠᠶᠢᠯᠳᠤᠭᠠᠨ ᠬᠢᠵᠤ᠂ ᠲᠠᠶᠢᠰᠦᠨ ᠡᠳᠡᠬᠡᠳ ᠢ ᠣᠰᠠᠳᠬᠠᠭᠠᠳ᠂ ᠲᠠᠶᠤᠨ ᠬᠠᠭᠠᠨ ᠤ ᠠᠭᠤᠤ ᠶᠡᠭᠡ ᠦᠢᠯᠡᠰ ᠢ ᠬᠦᠭᠵᠢᠨ ᠮᠠᠨᠳᠤᠬᠤ ᠳᠤ ᠪᠠᠳᠤ ᠪᠠᠬᠢ ᠰᠠᠭᠤᠷᠢ ᠶᠢ ᠲᠠᠯᠪᠢᠨ ᠦᠭᠴᠤ ᠪᠢᠯᠡ᠃ ᠡᠶᠢᠮᠤ ᠠᠴᠠ ᠤᠯᠠᠨ ᠵᠠᠭᠤᠨ ᠵᠢᠯ ᠎ ᠤᠨ ᠲᠤᠷᠰᠢ ᠮᠠᠨᠳᠤᠬᠠᠢ ᠰᠡᠴᠡᠨ ᠬᠠᠳᠤᠨ ᠤ ᠠᠯᠳᠠᠷ ᠨᠡᠷ᠎ᠡ ᠪᠠᠷ ᠠᠤᠭ᠎ᠠ ᠲᠦᠷᠢ ᠨᠢ ᠮᠤᠩᠭᠤᠯ ᠦᠨᠳᠦᠰᠦᠳᠡᠨ ᠤ ᠠᠷᠠᠳ ᠲᠦᠮᠡᠨ ᠤ ᠰᠡᠳᠬᠢᠯ ᠵᠢᠷᠦᠬᠡᠨ ᠳᠤ ᠪᠠᠯᠠᠷᠠᠰᠢ ᠦᠭᠡᠢ ᠬᠠᠳᠠᠩᠰᠢᠭᠰᠠᠭᠠᠷ ᠢᠷᠡᠭᠰᠡᠨ ᠶᠤᠮ᠃
 
ᠢᠷᠡᠯᠲᠡ᠄ ︽ᠮᠣᠩᠭᠤᠯᠴᠤᠳ ᠤᠨ ᠦᠴᠦᠬᠡᠳᠦᠷ ᠤᠨ ᠮᠦᠷ︾ ᠨᠣᠮ ᠠᠴᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号