ᠠᠨᠣ ᠬᠠᠳᠣᠨ
ᠨᠡᠶᠢᠲᠡᠯᠡᠭᠰᠡᠨ ᠴᠠᠭ᠄
2018/3/30
ᠣᠯᠣᠰ ᠬᠦᠷᠦᠨ ᠤ ᠪᠡᠷᠬᠡ ᠴᠠᠭ ᠲᠤ ᠡᠷ᠎ᠡ ᠨᠦᠬᠦᠷ ᠤᠨ ᠶᠡᠭᠡ  ᠦᠢᠯᠡᠰ ᠎ ᠢ ᠳᠡᠮᠵᠢᠵᠦ ᠶᠠᠪᠣᠭᠰᠠᠨ                                                      ——      ᠠᠨᠣ ᠬᠠᠳᠣᠨᠡᠷᠡᠬᠡᠢ ᠬᠤᠷᠣᠭᠤ ᠪᠠᠨ ᠡᠪᠡᠷᠰᠢᠲᠡᠯ᠎ᠡᠡᠪᠡᠷ ᠨᠣᠮᠤ ᠡᠪᠰᠢᠶᠡᠯᠭᠡᠵᠦ ᠶᠠᠪᠣᠭᠰᠠᠨᠡᠩᠭᠡᠰᠬᠡᠲᠦ ᠬᠠᠷᠠᠴᠠ ᠪᠠᠨ ᠲᠣᠯᠢᠳᠠᠬᠤ ᠵᠠᠪ ᠦᠭᠡᠢᠡᠮᠡᠭᠡᠯ ᠤᠨ ᠪᠦᠭᠦᠷᠭᠡ ᠳᠤ ᠳᠣᠭᠬᠢᠵᠦ ᠶᠠᠪᠣᠭᠰᠠᠨᠣᠷᠭᠤᠬᠤ ᠨᠠᠷᠠ ᠰᠢᠭ᠋ ᠠᠨᠤ ᠬᠠᠳᠤᠨᠣᠨᠲᠠᠷᠠᠬᠤ ᠭᠠᠯ ᠤᠨ ᠰᠢᠨᠡᠬᠡᠨ ᠭᠡᠰᠢᠭᠦᠦᠡᠷᠡᠮᠡᠭ ᠵᠤᠷᠢᠮᠠᠭ ᠠᠨᠤ ᠬᠠᠳᠤᠨᠡᠮᠲᠡᠷᠡᠬᠦ ᠬᠠᠳᠠᠨ ᠤ ᠪᠣᠯᠣᠷ ᠲᠠᠯᠠᠰᠳᠤ      ᠲᠦᠷᠦᠭᠰᠡᠨ ᠦᠷ᠎ᠡ ᠠᠴᠠ ᠪᠠᠨ ᠳᠠᠶᠢᠨ ᠤ ᠲᠤᠭᠤᠰᠤᠨ ᠳᠤᠮᠳᠠ ᠬᠠᠭᠠᠴᠠᠵᠦ᠂ ᠡᠷ᠎ᠡ ᠨᠦᠬᠦᠷ ᠭᠠᠯᠳᠠᠨ ᠪᠣᠱᠣᠭᠲᠦ ᠳᠠᠭᠠᠨ ᠦᠨᠡᠨᠴᠢ ᠪᠠᠷ ᠵᠢᠳᠭᠦᠨ᠂ ᠮᠣᠩᠭᠤᠯ ᠲᠦᠷᠦ ᠶᠢᠨ ᠡᠪ ᠨᠢᠭᠡᠲᠦᠯ ᠤᠨ ᠲᠦᠯᠦᠭᠡ ᠵᠠᠯᠠᠭᠤ ᠽᠠᠨᠳᠠᠨ ᠨᠠᠰᠤ ᠪᠠᠨ ᠡᠷᠭᠦᠭᠰᠡᠨ ᠠᠨᠤ ᠬᠠᠳᠤᠨ ᠪᠤᠯ ᠰᠡᠴᠡᠨ ᠮᠠᠨᠳᠤᠬᠠᠢ ᠰᠢᠭ᠋ ᠳᠣᠮᠣᠭᠲᠦ ᠬᠠᠳᠤᠨ᠂ ᠨᠣᠮᠤ ᠶᠢᠨ ᠬᠦᠪᠴᠢᠨ ᠎ ᠳᠤ ᠡᠷᠡᠬᠡᠢ ᠨᠢ ᠡᠪᠡᠷᠰᠢᠭᠰᠡᠨ ᠵᠣᠷᠢᠭᠲᠣ ᠡᠮᠡᠭᠲᠠᠢ ᠶᠤᠮ᠃ ᠬᠠᠷᠢ ᠮᠠᠨᠵᠣ ᠶᠢᠨ ᠡᠰᠡᠷᠭᠦ ᠡᠷ᠎ᠡ ᠨᠦᠬᠦᠷ ᠤᠨ ᠢᠶᠠᠨ ᠬᠠᠮᠳᠤ ᠴᠢᠩ ᠵᠤᠷᠢᠭ ᠪᠠᠷᠢᠨ ᠲᠤᠯᠤᠯᠳᠤᠵᠤ ᠡᠬᠡ ᠣᠷᠣᠨ ᠤ ᠪᠠᠨ ᠲᠣᠰᠠᠭᠠᠷ ᠲᠣᠭᠲᠠᠨᠢᠯ ᠢ ᠬᠠᠮᠠᠭᠠᠯᠠᠵᠣ ᠶᠠᠪᠤᠭᠰᠠᠨ ᠎ ᠢᠶᠠᠷ ᠢᠶᠠᠨ ᠠᠨᠤ ᠬᠠᠳᠤᠨ ᠮᠣᠩᠭᠤᠯ ᠤᠨ ᠲᠡᠦᠬᠡᠨ᠎ᠡ ᠮᠠᠰᠢ ᠲᠣᠳᠣ ᠦᠯᠡᠳᠡᠵᠡᠢ᠃ ᠲᠡᠭᠦᠨ ᠤ ᠨᠦᠬᠦᠷ ᠭᠠᠯᠳᠠᠨ ︵1644 — 1697︶ ᠲᠦᠪ ᠠᠽᠢᠶ᠎ᠠ ᠳᠤ ᠶᠠᠪᠤᠭᠤᠯᠣᠭᠰᠠᠨ ᠮᠠᠨᠵᠣ ᠶᠢᠨ ᠪᠣᠳᠣᠯᠭ᠎ᠠ ᠶᠢ ᠰᠡᠭᠦᠯᠴᠢ ᠶᠢᠨ ᠡᠳᠦᠷ ᠎ ᠢᠶᠠᠨ ᠬᠦᠷᠳᠡᠯ᠎ᠡ ᠡᠰᠡᠷᠭᠦᠴᠡᠭᠰᠡᠨ ᠲᠠᠶᠢᠴᠢᠨ ᠲᠡᠮᠡᠴᠡᠭᠴᠢ ᠪᠦᠯᠦᠭᠡ᠃ ᠲᠤᠩ ᠴᠢᠬᠤᠯᠠ ᠰᠢᠷᠦᠭᠦᠨ ᠴᠠᠭ ᠦᠶ᠎ᠡ ᠳᠤ ᠭᠠᠯᠳᠠᠨ ᠨᠢ ᠵᠡᠭᠦᠨᠭᠠᠷ ᠤᠨ ᠣᠯᠤᠰ ᠤᠨ ᠬᠠᠭᠠᠨ ᠰᠢᠷᠡᠭᠡᠨ ᠳᠤ ᠰᠠᠭᠤᠵᠤ᠂ ᠪᠦᠬᠦ ᠣᠶᠢᠷᠠᠳ ᠢ ᠨᠢᠭᠡᠳᠬᠡᠨ ᠵᠠᠬᠢᠷᠴᠤ ᠪᠠᠬᠢᠵᠢᠭᠦᠯᠦᠭᠰᠡᠨ ᠭᠠᠪᠢᠶ᠎ᠠ ᠲᠠᠢ ᠬᠦᠮᠦᠨ᠃ ᠣᠯᠤᠰ ᠣᠷᠣᠨ ᠤ ᠪᠠᠨ ᠡᠳ᠋ ᠤᠨ ᠵᠠᠰᠠᠭ ᠢ ᠦᠭᠡᠳᠡ ᠨᠢ ᠳᠠᠳᠠᠬᠤ ᠎ ᠶᠢᠨ ᠲᠣᠯᠠ ᠮᠠᠯ ᠠᠵᠤ ᠠᠬᠤᠢ᠂ ᠭᠠᠵᠠᠷ ᠲᠠᠷᠢᠶᠠᠯᠠᠩ᠂ ᠭᠠᠷ ᠣᠷᠠᠯᠠᠯ ᠬᠦᠭᠵᠢᠭᠦᠯᠵᠦ᠂ ᠰᠦᠮ᠎ᠠ ᠬᠡᠶᠢᠳ ᠣᠯᠠᠨ ᠢ ᠪᠠᠶᠢᠭᠤᠯᠤᠨ᠂ ᠱᠠᠰᠢᠨ ᠢ ᠳᠡᠯᠭᠡᠷᠡᠭᠦᠯᠬᠦ ᠳᠤ ᠵᠢᠳᠬᠦᠵᠦ᠂ ᠭᠠᠯᠲᠤ ᠵᠡᠪᠰᠡᠭ ᠢ ᠮᠣᠩᠭᠤᠯ ᠳᠤ ᠠᠩᠬ᠎ᠠ ᠣᠳᠠᠭ᠎ᠠ ᠦᠢᠯᠡᠳᠪᠦᠷᠢᠯᠡᠭᠰᠡᠨ᠂ ᠴᠡᠷᠢᠭ ᠤᠨ ᠡᠷᠳᠡᠮ ᠳᠤ ᠭᠠᠷᠮᠠᠭᠠᠢ ᠴᠡᠷᠢᠭ ᠤᠨ ᠨᠡᠷᠡᠲᠦ ᠵᠠᠩᠵᠣᠨ ᠪᠤᠯ ᠭᠠᠯᠳᠠᠨ ᠪᠣᠱᠣᠭᠳᠣ ᠪᠠᠶᠢᠵᠠᠢ᠃      ᠭᠠᠯᠳᠠᠨ ᠤ ᠪᠠᠶᠢᠭᠤᠯᠤᠭᠰᠠᠨ ᠵᠡᠭᠦᠨᠭᠠᠷ ᠤᠨ ᠬᠠᠭᠠᠨᠲᠤ ᠣᠯᠤᠰ ᠨᠢ 17 ᠳ᠋ᠣᠭᠠᠷ ᠵᠠᠭᠤᠨ ᠤ ᠲᠦᠪ ᠠᠽᠢᠶ᠎ᠠ ᠎ ᠶᠢᠨ ᠣᠯᠤᠰ ᠲᠦᠷᠦ ᠶᠢᠨ ᠠᠮᠢᠳᠤᠷᠠᠯ ᠳᠤ ᠴᠢᠬᠤᠯᠠ ᠡᠭᠦᠷᠭᠡ ᠭᠦᠢᠴᠡᠳᠬᠡᠭᠰᠡᠨ ᠲᠡᠦᠬᠡ ᠲᠠᠢ᠃ ᠮᠠᠨᠵᠣ ᠶᠢᠨ ᠳᠦᠷᠢᠮᠡᠬᠡᠶᠢᠯᠡᠯ ᠢ ᠰᠦᠷᠦᠨ ᠵᠤᠭᠰᠤᠭᠰᠠᠨ ᠭᠠᠯᠳᠠᠨ ᠤ ᠦᠨᠡᠨᠴᠢ ᠲᠤᠰᠠᠯᠠᠬᠤ ᠬᠠᠮᠲᠣᠷᠠᠨ ᠵᠢᠳᠬᠦᠭᠴᠢ᠂ ᠳᠤᠮᠤᠭ ᠲᠡᠣᠬᠡ ᠶᠢᠨ ᠡᠵᠡᠨ ᠠᠨᠤ ᠣᠭ ᠨᠢ ᠭᠠᠯᠳᠠᠨ ᠤ ᠠᠬ᠎ᠠ ᠵᠡᠭᠦᠨᠭᠠᠷ ᠤᠨ ᠬᠠᠭᠠᠨ ᠰᠢᠷᠡᠭᠡ ᠶᠢ ᠵᠠᠯᠭᠠᠮᠵᠢᠯᠠᠭᠴᠢ ᠰᠡᠩᠬᠡ ᠎ ᠶᠢᠨ ᠬᠠᠳᠤᠨ ᠪᠠᠶᠢᠵᠠᠢ᠃ ᠠᠬ᠎ᠠ ᠶᠢᠨ ᠢᠶᠠᠨ ᠪᠡᠯᠪᠡᠰᠣᠨ ᠬᠠᠳᠤᠨ ᠠᠨᠤ ᠶᠢ ᠠᠪᠴᠦ ᠰᠠᠭᠤᠭᠰᠠᠨ ᠭᠠᠯᠳᠠᠨ ᠳᠤ ᠳᠠᠯᠠᠢ ᠯᠠᠮᠠ ᠪᠣᠱᠣᠭᠳᠣ ᠭᠡᠳᠡᠭ ᠴᠤᠯᠠ ᠡᠷᠭᠦᠮᠵᠢᠯᠡᠭᠰᠡᠨ ᠲᠡᠦᠬᠡ ᠲᠠᠢ᠃     ᠭᠠᠯᠳᠠᠨ ᠤ ᠡᠬᠡ ᠶᠤᠮ᠎ᠠ — ᠠᠭᠢ ᠶᠢᠨ ᠵᠦᠪᠯᠡᠭᠰᠡᠨ ᠢᠶᠠᠷ ᠠᠨᠤ ᠶᠢ ᠬᠠᠲᠤᠨ ᠢᠶᠠᠨ ᠪᠤᠯᠭᠠᠭᠰᠠᠨ ᠭᠡᠳᠡᠭ᠃ ᠡᠨᠡ ᠨᠢ ᠲᠤᠬᠠᠢ ᠶᠢᠨ ᠦᠶ᠎ᠡ ᠳᠡᠭᠡᠨ ᠣᠶᠢᠷᠠᠳ ᠤᠨ ᠬᠠᠮᠤᠭ ᠤᠨ ᠶᠡᠭᠡ ᠨᠦᠯᠦᠭᠡ ᠲᠠᠢ ᠬᠤᠰᠢᠭᠤᠨ ᠪ᠊ ᠡᠵᠡᠨ ᠬᠦᠴᠣᠷᠬᠡᠭ ᠸᠴᠢᠷᠳᠣ ᠰᠡᠴᠡᠨ ᠬᠠᠨ ᠤ ᠳᠡᠮᠵᠢᠯᠭᠡ ᠶᠢ ᠠᠪᠬᠤ ᠨᠢ ᠨᠡᠩ ᠴᠢᠬᠤᠯᠠ ᠪᠠᠶᠢᠭᠰᠠᠨ ᠲᠠᠢ ᠬᠤᠯᠪᠤᠭ᠎ᠠ ᠲᠠᠢ᠂ ᠠᠴᠢ ᠦᠬᠢᠨ ᠠᠨᠤ ᠶᠢ ᠨᠢ ᠬᠠᠲᠤᠨ ᠢᠶᠠᠨ ᠪᠣᠯᠭᠠᠭᠰᠠᠨ ᠬᠡᠷᠡᠭ᠃ ᠸᠴᠢᠷᠳᠣ ᠰᠡᠴᠡᠨ ᠬᠠᠨ ᠴᠦ ᠣᠬᠠᠭᠠᠨ ᠵᠠᠷᠣᠵᠦ ᠣᠶᠢᠷᠠᠳ ᠤᠨ ᠬᠠᠭᠠᠨ ᠠᠴᠠ ᠲᠤᠰᠠᠯᠠᠮᠵᠢ ᠠᠪᠬᠤ ᠶᠢ ᠶᠡᠬᠡᠳᠠ ᠡᠷᠡᠮᠡᠯᠵᠡᠵᠦ ᠠᠨᠤ ᠶᠢ ᠭᠠᠯᠳᠠᠨ ᠳᠤ ᠬᠡᠷᠬᠡᠢ ᠪᠤᠯᠭᠠᠭᠰᠠᠨ ᠭᠡᠮᠡᠳᠡᠭ᠃ ᠵᠠᠷᠢᠮ ᠵᠤᠬᠢᠶᠠᠯ ᠳᠤ ᠠᠨᠤ ᠶᠢ ᠪᠠᠭ᠎ᠠ ᠳᠠᠭᠠᠨ ᠭᠠᠯᠳᠠᠨ ᠲᠠᠢ ᠣᠶᠢᠷ᠎ᠠ ᠪᠠᠶᠢᠵᠤ ᠸᠴᠢᠷᠳᠣ ᠰᠡᠴᠡᠨ ᠬᠠᠨ ᠤ ᠦᠷᠦᠭᠡᠨ ᠳᠤ ᠦᠰᠦᠭᠰᠡᠨ ᠭᠡᠵᠦ ᠲᠡᠮᠳᠡᠭᠯᠡᠭᠰᠡᠨ ᠨᠢ ᠴᠦ ᠪᠤᠢ᠃ ᠭᠠᠯᠳᠠᠨ ᠨᠢᠭᠡᠨᠲᠡ ᠲᠦᠪᠡᠳ ᠎ ᠲᠤ ᠱᠠᠪᠢᠯᠠᠨ ᠰᠠᠭᠤᠬᠤ ᠪᠣᠯᠣᠭᠰᠠᠨ ᠲᠣᠯᠠ ᠱᠠᠰᠢᠨ ᠨᠣᠮ ᠤᠨ ᠮᠦᠷ ᠬᠥᠭᠡᠭᠡᠭᠰᠡᠨ ᠲᠣᠯᠠ ᠭᠡᠷᠯᠡᠬᠦ ᠦᠭᠡᠢ ᠭᠡᠮᠡᠨ ᠦᠵᠡᠭᠡᠳ ᠶᠤᠰᠤ ᠵᠢᠷᠣᠮ ᠤᠨ ᠳᠠᠭᠠᠤ ᠠᠨᠤ ᠨᠢ ᠰᠡᠩᠬᠡ ᠶᠢᠨ ᠬᠠᠳᠤᠨ ᠪᠣᠯᠣᠭᠰᠠᠨ ᠪᠢᠵᠠ ᠡ᠃ ᠰᠡᠭᠦᠯ ᠳᠤ ᠨᠢ ᠭᠠᠯᠳᠠᠨ ᠤ ᠬᠠᠳᠤᠨ ᠪᠣᠯᠪᠡ᠃ ᠠᠨᠣ ᠶᠢᠨ ᠲᠤᠬᠠᠢ ᠲᠡᠣᠬᠡ ᠶᠢᠨ ᠪᠢᠴᠢᠭ ᠤᠳ ᠲᠤ ᠲᠡᠳᠦᠶᠢᠯᠡ ᠪᠢᠴᠢᠭᠳᠡᠭᠰᠡᠨ ᠨᠢ ᠬᠤᠪᠣᠷ᠃ ᠶᠠᠮᠠᠷ ᠴᠦ ᠠᠲᠤᠭᠠᠢ ᠭᠠᠯᠳᠠᠨ ᠤ ᠨᠢᠭᠡᠨ ᠨᠠᠰᠣᠨ ᠤ ᠬᠢᠨᠢ ᠬᠠᠨᠢ᠂ ᠵᠦᠪᠯᠡᠭᠴᠢ᠂ ᠡᠷᠡᠯᠬᠡᠭ ᠲᠠᠶᠢᠴᠢᠨ ᠬᠦᠮᠦᠨ ᠪᠠᠶᠢᠭᠰᠠᠨ ᠭᠡᠬᠦ᠃ ᠡᠨᠡ ᠲᠤᠬᠠᠢ ᠪ᠊᠂ ᠷᠢᠨᠴᠢᠨ ᠭᠤᠸᠠᠢ ᠶᠢᠨ ︽ᠭᠦᠩᠵᠤ︾ ᠭᠡᠳᠡᠭ ᠲᠡᠣᠬᠡᠨ ᠵᠤᠬᠢᠶᠠᠯ ᠎ ᠳᠤ ᠨᠡᠯᠢᠶᠡᠳ ᠲᠣᠳᠣ ᠳᠦᠷᠰᠦᠯᠡᠭᠳᠡᠭᠰᠡᠨ ᠢ ᠣᠩᠰᠢᠭᠴᠢ ᠠᠪᠤᠭᠠᠢ ᠮᠡᠳᠡᠬᠦ ᠪᠤᠢ ‍ᠶ᠎ᠠ᠃ ᠭᠠᠯᠳᠠᠨ᠂ ᠠᠨᠤ ᠨᠠᠷ ᠮᠠᠨᠵᠤ ᠳᠤ ᠡᠵᠡᠯᠡᠭᠳᠡᠭᠰᠡᠨ ᠠᠷᠣ᠂ ᠦᠪᠦᠷ ᠮᠣᠩᠭᠤᠯ ᠢᠶᠠᠨ ᠪᠤᠴᠠᠭᠠᠵᠤ ᠠᠪᠬᠤ ᠶᠢᠨ ᠲᠣᠯᠠ ᠴᠢᠩ ᠣᠯᠤᠰ ᠲᠠᠢ ᠳᠠᠶᠢᠳᠤᠭᠰᠠᠨ ᠪᠢᠯᠡ᠃ ᠣᠯᠠᠨ ᠣᠨ ᠤ ᠳᠠᠶᠢᠨ ᠳᠤ ᠭᠠᠯᠳᠠᠨ ᠤ ᠴᠡᠷᠢᠭ ᠵᠦᠳᠡᠷᠡᠭᠰᠡᠨ ᠲᠣᠯᠠ ᠣᠯᠠᠭᠠᠨ ᠪᠤᠲᠠᠩ᠂ ᠣᠯᠣᠭᠠᠢ ᠨᠠᠭᠤᠷ ᠤᠨ ᠲᠤᠯᠤᠯᠳᠤᠭᠠᠨ ᠨᠤᠭᠤᠳ ᠲᠤ ᠬᠦᠴᠦ ᠨᠢ ᠣᠯᠠᠮ ᠰᠣᠯᠠᠷᠠᠭᠰᠠᠭᠠᠷ ᠬᠠᠯᠬ᠎ᠠ ᠶᠢᠨ ᠭᠦᠨ ᠲᠠᠰᠢ ᠵᠢᠯᠤᠭᠤ ᠵᠠᠯᠠᠪᠠ᠃ ᠭᠤᠷᠪᠠᠨ ᠵᠠᠮ ᠤᠨ ᠵᠢᠷᠭᠤᠭᠠᠨ ᠲᠦᠮᠡᠨ ᠴᠡᠷᠢᠭ ᠢ ᠡᠩᠬᠡ ᠠᠮᠤᠭᠤᠯᠠᠩ ᠬᠠᠭᠠᠨ ᠬᠦᠳᠡᠯᠭᠡᠵᠤ ᠡᠴᠦᠰ ᠤᠨ ᠲᠣᠮᠣ ᠲᠤᠯᠤᠯᠳᠤᠭᠠᠨ ᠲᠤᠣᠯᠠ ᠭᠤᠣᠯ ᠤᠨ ᠣᠷᠴᠢᠮ᠂ ᠲᠡᠷᠡᠯᠵᠢ ᠶᠢᠨ ᠵᠠᠭᠤᠨ ᠮᠣᠳᠣ ᠭᠡᠳᠡᠭ ᠭᠠᠵᠠᠷ 1696 ᠣᠨ ᠳᠤ ᠪᠣᠯᠵᠠᠢ᠃ ᠠᠶᠤᠯ ᠦᠬᠦᠯ ᠨᠢᠭᠤᠷᠯᠠᠭᠰᠠᠨ ᠡᠨᠡ ᠡᠶᠢᠮᠦ ᠪᠡᠷᠬᠡ ᠦᠶ᠎ᠡ ᠳᠤ ᠠᠨᠤ ᠬᠠᠳᠤᠨ ᠨᠦᠬᠦᠷ ᠲᠠᠢ ᠪᠠᠨ ᠬᠠᠮᠳᠤ ᠪᠠᠶᠢᠵᠤ ᠬᠠᠯᠳᠠᠬᠤ ᠳᠠᠶᠢᠰᠤᠨ ᠤ ᠬᠠᠯᠬᠠᠪᠴᠢ᠂ ᠬᠠᠷᠪᠣᠬᠤ ᠰᠣᠮᠣᠨ ᠤ ᠵᠡᠪᠡ᠂ ᠬᠠᠯᠠᠭᠤᠨ ᠠᠮᠢ ᠶᠢ ᠨᠢ ᠬᠠᠮᠠᠭᠠᠯᠠᠭᠴᠢ ᠪᠤᠯᠵᠤ ᠶᠠᠪᠣᠭᠰᠠᠨ ᠲᠡᠦᠬᠡ ᠲᠠᠢ᠃ ᠬᠤᠶᠠᠷ ᠲᠠᠯ᠎ᠠ ᠶᠢᠨ ᠴᠡᠷᠢᠭ ᠬᠦᠴᠦ ᠲᠡᠩᠴᠡᠭᠦᠦ᠂ ᠠᠯᠢ ᠠᠯᠢ ᠨᠢ ᠭᠠᠯᠲᠤ ᠵᠡᠪᠰᠡᠭ ᠲᠠᠢ ᠪᠠᠶᠢᠭᠰᠠᠨ ᠲᠣᠯᠠ ᠪᠦᠳᠦᠨ ᠡᠳᠣᠷ ᠤᠨ ᠰᠢᠷᠦᠭᠦᠨ ᠲᠤᠯᠤᠯᠳᠤᠭᠠᠨ ᠪᠣᠯᠵᠠᠢ᠃     ᠠᠨᠤ ᠨᠦᠭᠦᠷ ᠤᠨ ᠬᠠᠮᠳᠤ ᠡᠷᠡᠯᠬᠡᠭ ᠢᠶᠠᠷ ᠲᠣᠯᠣᠯᠳᠣᠨ ᠮᠠᠨᠵᠤ ᠴᠡᠷᠢᠭ ᠤᠨ ᠬᠦᠷᠢᠶ᠎ᠡ ᠶᠢ ᠢᠷᠠᠵᠦ ᠵᠠᠮ ᠭᠠᠷᠭᠠᠬᠤ ᠪᠠᠷ ᠲᠤᠯᠤᠯᠳᠤᠵᠤ ᠶᠠᠪᠣᠭᠠᠳ ᠳᠠᠶᠢᠰᠤᠨ ᠤ ᠰᠣᠮᠣᠨ ᠳᠤ ᠣᠨᠣᠭᠳᠠᠵᠤ ᠮᠤᠩᠭᠤᠯ ᠤᠨ ᠢᠶᠠᠨ ᠲᠦᠯᠦᠭᠡ ᠠᠮᠢ ᠨᠠᠰᠤ ᠪᠠᠨ ᠡᠷᠭᠦᠭᠰᠡᠨ ᠲᠡᠦᠬᠡ ᠲᠠᠢ᠃     ︽ᠬᠠᠷᠠᠬᠤ ᠵᠡᠪᠡ ᠬᠤᠷ᠎ᠠ ᠪᠤᠷᠤᠭ᠎ᠠ ᠮᠡᠳᠦ ᠁ ᠮᠢᠨᠦ ᠦᠵᠡᠭᠰᠡᠨ ᠠᠨᠤ ᠬᠠᠳᠤᠨ ᠫᠣᠣ ᠳᠤ ᠣᠨᠣᠭᠳᠠᠵᠤ ᠦᠬᠦᠭᠰᠡᠨ ᠁ ᠭᠠᠯᠳᠠᠨ ᠳᠦᠴᠢ ᠲᠠᠪᠢᠭᠠᠳ ᠬᠦᠮᠦᠨ ᠠᠪᠴᠦ ᠭᠠᠷᠤᠭᠰᠠᠨ︾ ᠭᠡᠵᠦ ᠲᠡᠣᠬᠡ ᠶᠢᠨ ᠨᠢᠭᠡᠨ ᠪᠢᠴᠢᠭ ᠲᠤ ᠦᠭᠦᠯᠡᠭᠰᠡᠨ ᠠᠵᠤᠭᠤ᠃ ᠭᠤᠸ᠎ᠠ ᠦᠵᠡᠰᠭᠦᠯᠡᠩ᠂ ᠪᠢᠯᠢᠭ ᠣᠶᠣᠨ ᠲᠡᠭᠦᠰ ᠡᠷᠡᠮᠡᠭᠡᠢ ᠵᠤᠷᠢᠭᠲᠠᠢ ᠡᠨᠡ ᠬᠠᠳᠤᠨ 1696 ᠣᠨ ᠤ ᠲᠣᠯᠣᠳᠣᠭᠠᠷ ᠰᠠᠷ᠎ᠠ ᠶᠢᠨ 13᠎ ᠤ ᠡᠳᠦᠷ ᠮᠠᠨᠵᠣ ᠶᠢᠨ ᠴᠡᠷᠢᠭ ᠲᠠᠢ ᠬᠢᠭᠰᠡᠨ ᠬᠦᠴᠦ ᠲᠡᠩᠴᠡᠪᠦᠷᠢ ᠦᠭᠡᠢ ᠲᠤᠯᠤᠭᠠᠨ ᠳᠤ ᠮᠤᠷᠢᠨ ᠠᠴᠠ ᠪᠠᠨ ᠪᠠᠭᠤᠨ ᠭᠠᠷᠳᠠᠨ ᠲᠤᠯᠤᠯᠳᠤᠵᠤ ᠶᠠᠪᠣᠭᠠᠳ ᠭᠠᠯᠲᠤ ᠪᠦᠮᠪᠦᠭᠡᠨ ᠳᠤ ᠣᠨᠣᠭᠳᠠᠵᠤ ᠨᠠᠰᠤ ᠪᠠᠷᠠᠭᠰᠠᠨ ᠴᠦ ᠭᠡᠬᠦ᠃ ᠲᠡᠭᠡᠵᠦ ᠠᠮᠢ ᠡᠷᠡᠰᠳᠡᠬᠦ ᠶᠢ ᠨᠢ ᠬᠠᠷᠠᠭᠰᠠᠨ ᠴᠡᠷᠢᠭ ᠎ ᠤᠳ ᠶᠡᠬᠡᠳᠠ ᠬᠠᠷᠠᠮᠰᠠᠵᠤ᠂ ᠳᠣᠷᠠᠰᠣᠨ ᠶᠠᠷᠢᠭᠰᠠᠭᠠᠷ ᠪᠠᠶᠢᠵᠠᠢ᠃ ᠡᠯ᠎ᠡ ᠶᠠᠷᠢᠶ᠎ᠠ ᠰᠡᠭᠦᠯ ᠳᠡᠭᠡᠨ ᠳᠤᠮᠤᠭ ᠤᠨ ᠬᠡᠯᠪᠡᠷᠢ ᠲᠠᠢ ᠪᠣᠯᠣᠭᠰᠠᠨ ᠪᠠᠶᠢᠳᠠᠭ᠃ ᠣᠯᠠᠩᠭᠠᠰᠤᠭᠰᠠᠨ ᠲᠤᠯᠤᠯᠳᠤᠭᠠᠨ ᠤ ᠶᠠᠪᠣᠴᠠ ᠶᠢ ᠦᠨᠳᠦᠷᠯᠢᠭ ᠲᠡᠭᠡᠷ᠎ᠡ ᠎ ᠠᠴᠠ ᠬᠠᠷᠠᠵᠤ ᠪᠠᠶᠢᠭᠰᠠᠨ ᠬᠠᠳᠤᠨ ᠦᠪᠡᠷ ᠤᠨ ᠲᠠᠯ᠎ᠠ ᠶᠡᠬᠡᠳᠠ ᠬᠢᠲᠤᠭᠳᠠᠵᠤ ᠡᠬᠢᠯᠡᠩᠭᠦᠲᠡ ᠨᠢᠭᠡᠨ ᠵᠠᠭᠤᠲᠦ ᠶᠢ ᠣᠳᠣᠷᠢᠳᠣᠨ ᠲᠤᠯᠤᠭᠠᠨ ᠳᠤ ᠣᠷᠤᠪᠠ᠃ ᠲᠡᠷᠡ ᠪᠠᠷ ᠪᠠᠭᠠᠳᠤᠷᠯᠢᠭ ᠢᠶᠠᠷ ᠲᠤᠯᠤᠯᠳᠤᠵᠤ ᠶᠠᠪᠣᠭᠠᠳ ᠦᠬᠦᠯ ᠤᠨ ᠰᠢᠷᠬ᠎ᠠ ᠠᠪᠴᠠᠢ᠃ ᠬᠠᠲᠤᠨ ᠢ ᠲᠤᠯᠤᠯᠳᠤᠭᠠᠨ ᠤ ᠲᠠᠯᠠᠪᠣᠷ ᠠᠴᠠ ᠰᠦᠨᠢ ᠰᠡᠮ ᠭᠠᠷᠭᠠᠨ ᠪᠠᠷᠠᠭᠤᠨ ᠵᠦᠭ ᠬᠦᠳᠡᠯᠦᠨ ᠵᠠᠮ ᠵᠠᠭᠤᠷ᠎ᠠ ᠨᠠᠰᠤ ᠪᠠᠷᠠᠬᠤ ᠳᠤ ᠨᠢ ᠱᠠᠷᠢᠯ ᠢ ᠴᠠᠮᠪᠠᠭᠠᠷᠪᠤ ᠠᠭᠤᠯᠠᠨ᠎ᠠ ᠣᠷᠣᠰᠢᠭᠤᠯᠣᠭᠰᠠᠨ ᠭᠡᠬᠦ᠃     ᠭᠠᠯᠳᠠᠨ ᠳᠤ ᠰᠡᠪᠳᠡᠨᠪᠠᠯᠵᠢᠷ ᠬᠡᠮᠡᠬᠦ ᠬᠦᠦ᠂ ᠶᠣᠮᠴᠢᠬᠠᠢ ᠪᠤᠮ ᠬᠡᠮᠡᠬᠦ ᠦᠬᠢᠨ ᠬᠤᠶᠠᠷ ᠪᠠᠶᠢᠭᠰᠠᠨ ᠪᠦᠭᠡᠳ ᠲᠡᠳᠡᠨ ᠢ ᠮᠠᠨᠵᠤ ᠨᠠᠷ ᠬᠤᠵᠢᠮ ᠨᠢ ᠴᠠᠭᠠᠵᠠᠯᠠᠭᠰᠠᠨ ᠪᠠᠶᠢᠳᠠᠭ᠃ ᠠᠨᠤ ᠬᠠᠲᠤᠨ ᠤ ᠪᠦᠳᠦᠨ ᠨᠡᠷ᠎ᠡ ᠠᠨᠣᠳᠠᠷ᠎ᠠ ᠭᠡᠳᠡᠭ ᠪᠠᠶᠢᠵᠠᠢ᠃ ᠮᠤᠩᠭᠤᠯ ᠤᠨ ᠢᠶᠠᠨ ᠲᠣᠰᠠᠭᠠᠷ ᠲᠤᠭᠳᠠᠨᠢᠯ ᠤᠨ ᠲᠦᠯᠦᠭᠡ ᠭᠠᠯ ᠭᠤᠯᠤᠮᠳᠠ᠂ ᠭᠠᠵᠠᠷ ᠨᠣᠲᠤᠭ ᠎ ᠤᠨ ᠢᠶᠠᠨ ᠲᠦᠯᠦᠭᠡ ᠠᠨᠤ ᠰᠢᠭ᠋᠂ ᠮᠠᠨᠳᠤᠬᠠᠢ ᠰᠡᠴᠡᠨ ᠰᠢᠭ ᠪᠠᠭᠠᠲᠤᠷᠯᠢᠭ ᠲᠡᠮᠡᠴᠡᠯ ᠤᠨ ᠮᠠᠩᠯᠠᠢ ᠳᠤ ᠢᠯᠳᠤ ᠰᠢᠭ ᠭᠢᠯᠠᠯᠵᠠᠵᠤ ᠶᠠᠪᠣᠭᠰᠠᠨ ᠲᠡᠣᠬᠡ ᠲᠡᠶᠢᠮᠦ ᠴᠦ ᠣᠯᠠᠨ ᠦᠭᠡᠢ ᠪᠢᠵᠠ᠃ ᠮᠣᠩᠭᠤᠯ ᠲᠦᠷᠦ ᠶᠢᠨ ᠬᠠᠲᠤᠳ ᠭᠡᠵᠦ ᠡᠶᠢᠮᠦ ᠯᠠ ᠬᠦᠮᠦᠰ ᠪᠠᠶᠢᠵᠤ ᠰᠢᠣ ᠳ᠋ᠧ᠃︽ᠦᠬᠦᠯ ᠤᠨ ᠲᠠᠮᠠᠭ᠎ᠠ ᠲᠠᠢ ᠭᠠᠯᠳᠠᠨ ᠪᠣᠱᠣᠭᠲᠦ ᠳᠤᠦᠢᠯᠡ ᠪᠠᠷ ᠬᠠᠨᠢᠯᠠᠭᠰᠠᠨ ᠦᠵᠡᠰᠭᠦᠯᠡᠩ ᠭᠤᠸ᠎ᠠᠬᠠᠯᠬ᠎ᠠ ᠣᠶᠢᠷᠠᠳ ᠤᠨ ᠡᠪ ᠬᠠᠭᠠᠷᠠᠬᠤ ᠳᠤᠬᠠᠪᠴᠢᠯ ᠳᠤ ᠨᠢ ᠣᠨᠠᠭᠰᠠᠨ ᠬᠠᠳᠤᠨ ᠭᠤᠸ᠎ᠠᠢᠰᠡᠭᠡᠢ ᠭᠦᠷᠦᠨ ᠤ ᠲᠡᠣᠬᠡ ᠶᠢᠨ ᠨᠡᠭᠦᠳᠡᠯ ᠳᠤᠡᠮᠡᠭᠡᠯ ᠲᠡᠭᠡᠷ᠎ᠡ ᠬᠠᠯᠢᠭᠰᠠᠨ ᠮᠤᠩᠭᠤᠯᠵᠢᠨ ᠭᠤᠸ᠎ᠠ︾ᠠᠨᠤ ᠬᠠᠲᠤᠨ ᠤ ᠲᠤᠪᠴᠢ ᠨᠠᠮᠲᠠᠷ ᠵᠢᠷᠭᠠᠪᠠᠢ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号