ᠮᠣᠩᠭᠤᠯ ᠤᠨ ᠳᠣᠮᠣᠭᠳᠦ ᠬᠠᠳᠣᠳ
ᠨᠡᠶᠢᠲᠡᠯᠡᠭᠰᠡᠨ ᠴᠠᠭ᠄
2018/3/30
ᠪᠤᠳᠤᠯᠭᠠᠳᠤ ᠮᠡᠷᠭᠡᠨ ᠰᠠᠮᠤᠷ ᠭᠦᠡᠭᠵᠤ᠄       ᠰᠠᠮᠤᠷ ᠭᠦᠡᠭᠵᠤ ᠪᠤᠯ ᠤᠮᠠᠷᠡᠳᠤ ᠶᠤᠸᠠᠨ ᠤ ᠲᠡᠤᠬᠡᠨ ᠳᠤ ᠠᠯᠳᠡᠷ ᠮᠠᠨᠳᠤᠨᠨᠰᠠᠨ ᠭᠠᠪᠢᠶᠠᠳᠤ ᠡᠮᠡᠭᠲᠡᠢ ᠪᠤᠯᠤᠨ᠎ᠠ᠃ ᠲᠡᠷᠡ ᠪᠠᠷ ᠴᠢᠩᠭᠢᠰ ᠬᠠᠭᠠᠨ ᠤ ᠪᠠᠶᠢᠭᠤᠯᠤᠨᠨᠰᠠᠨ ᠶᠡᠭᠡ ᠮᠤᠩᠭᠤᠯ ᠤᠨ ᠲᠤᠯᠭᠤᠷ ᠲᠦᠷᠤ ᠬᠠᠭᠠᠴᠡᠯ ᠵᠠᠳᠡᠷᠡᠯ ᠤᠨ ᠬᠠᠷᠡᠩᠭᠤᠢ ᠦᠶ ᠎ᠠ ᠳᠤ ᠰᠡᠴᠡᠨ ᠰᠡᠷᠭᠦᠯᠡᠩ ᠠᠷᠭ᠎ᠠ ᠰᠠᠮᠪᠠᠭ᠎ᠠ᠂ ᠵᠦᠢᠷᠯᠡᠰᠢ ᠦᠬᠡᠢ ᠤᠬᠠᠭᠠᠨ ᠪᠤᠳᠤᠯᠭ᠎ᠠ ᠪᠠᠷ ᠬᠤᠶᠠᠷ ᠤᠳᠠᠭ᠎ᠠ ᠠᠪᠤᠷᠠᠵᠤ᠂ ᠴᠢᠩᠭᠢᠰ ᠡᠪᠦᠭᠡ ᠶᠢᠨ ᠢᠶᠠᠨ ᠴᠢᠰᠤ ᠶᠢ ᠥᠪᠯᠡᠵᠤ ᠲᠥᠷᠥᠭᠰᠡᠨ ᠤ ᠬᠤᠪᠢ ᠳᠤ ᠶᠡᠭᠡ ᠠᠯᠳᠡᠷ ᠢ ᠨᠢ ᠭᠤᠳᠤᠭᠠᠯ ᠦᠬᠡᠢ ᠮᠠᠨᠳᠤᠭᠤᠯᠵᠤ ᠶᠠᠪᠤᠨᠨᠰᠠᠨ ᠢᠶᠠᠷ ᠤᠢᠢᠷᠡᠳ — ᠮᠤᠩᠭᠤᠯ ᠤᠨ ᠲᠡᠤᠭᠡᠨ ᠳᠤ ᠤᠯᠠᠨ ᠰᠠᠶᠢᠬᠠᠨ ᠲᠤᠮᠤᠭ ᠦᠯᠡᠳᠡᠭᠡᠭᠰᠡᠨ ᠶᠤᠮ᠃ ᠰᠠᠮᠤᠷ ᠭᠦᠡᠭᠵᠤ ᠪᠤᠯ ᠴᠢᠩᠭᠢᠰ ᠬᠠᠭᠠᠨ ᠤ ᠤᠬᠰᠠᠭᠠᠨ ᠤ ᠡᠯᠪᠡᠭ ᠨᠢᠭᠦᠯᠰᠤᠩᠭᠦᠢ ᠬᠠᠭᠠᠨ ᠤ ᠥᠬᠢᠨ ᠪᠢᠯᠡ᠃ᠮᠠᠨᠳᠤᠬᠠᠢ ᠰᠡᠴᠡᠨ ᠬᠠᠳᠤᠨ᠄       ᠮᠠᠨᠳᠤᠬᠠᠢ ᠰᠡᠴᠡᠨ ᠬᠠᠳᠤᠨ ᠪᠤᠯ ᠮᠤᠩᠭᠤᠯᠴᠤᠳ ᠤᠨ ᠭᠦᠨᠳᠤᠳᠭᠡᠨ ᠰᠢᠳᠤᠳᠡᠭ ᠡᠷᠳᠡᠨ ᠤ ᠭᠤᠷᠪᠡᠨ ᠠᠭᠤᠤ ᠡᠮᠡᠭᠳᠡᠢ ᠶᠢᠨ ᠨᠢᠬᠡ ᠪᠤᠯᠤᠨ᠎ᠠ᠃ ᠲᠡᠷᠡ ᠵᠦᠢᠷᠯᠡᠰᠢ ᠦᠭᠡᠢ ᠠᠤᠭ᠎ᠠ ᠵᠤᠷᠢᠭ ᠪᠠ ᠴᠡᠴᠡᠨ ᠤᠬᠠᠭᠠᠨ ᠢᠶᠠᠷ ᠴᠢᠩᠭᠢᠰ ᠬᠠᠭᠠᠨ ᠤ ᠤᠷᠤᠭ ᠲᠠᠰᠤᠷᠠᠮᠠᠷ ᠪᠠᠶᠢᠨᠨᠰᠠᠨ ᠮᠤᠩᠭᠤᠯ ᠬᠠᠭᠠᠨᠳᠤ ᠲᠦᠷᠤ ᠶᠢ ᠵᠠᠯᠭᠠᠭᠤᠯᠵᠤ᠂ ᠵᠠᠭᠤ ᠰᠢᠬᠠᠮ ᠵᠢᠯ ᠦᠷᠭᠦᠯᠵᠢᠯᠡᠭᠰᠡᠨ ᠮᠤᠩᠭᠤᠯ ᠤᠨ ᠠᠶᠢᠮᠠᠭ ᠤᠨᠨᠰᠠᠭ᠎ᠠ ᠨᠤᠭᠤᠳ ᠢ ᠨᠢᠬᠡᠨ ᠵᠢᠯᠤᠭᠤᠨ ᠳᠤ ᠬᠤᠷᠢᠶ᠋ᠬᠠᠰᠠᠨ ᠢᠶᠠᠷ ᠪᠠᠷᠠᠬᠤ ᠦᠬᠡᠢ᠂ ᠮᠤᠩᠭᠤᠯ ᠤᠨ ᠨᠡᠶᠢᠬᠡᠮ ᠤᠨ ᠭᠦᠭᠵᠢᠯᠳᠡ ᠶᠢᠨ ᠭᠡᠷᠡᠯ ᠰᠠᠴᠤᠷᠬᠠᠰᠠᠨ ᠰᠢᠨ᠎ᠡ ᠨᠢᠭᠡᠨ ᠬᠠᠭᠤᠳᠠᠰᠤ ᠲᠡᠯᠭᠡᠭᠳᠡᠭᠦ ᠳᠤ ᠲᠠᠶᠢᠪᠤᠡᠭ ᠰᠠᠶᠢᠬᠠᠨ ᠨᠦᠭᠦᠴᠡᠯ ᠢ ᠪᠦᠷᠢᠯᠳᠦᠭᠦᠯᠤᠨ ᠦᠭᠴᠡᠢ᠃ ᠲᠡᠷᠡ ᠪᠤᠯ ᠨᠢᠬᠡᠨ ᠰᠢᠯᠭᠠᠷᠬᠠᠰᠠᠨ ᠤᠯᠤᠰ ᠲᠥᠷᠤᠴᠢᠨ ᠮᠦᠷᠳᠡᠭᠡᠨ ᠴᠤᠯᠭᠤᠷᠬᠠᠰᠠᠨ ᠴᠡᠷᠢᠭ ᠲᠠᠶᠢᠨ ᠤ ᠪᠤᠳᠤᠯᠭᠠᠳᠡᠨ᠂ ᠠᠯᠳᠡᠷᠳᠤ ᠨᠡᠶᠢᠬᠡᠮ ᠤᠨ ᠵᠢᠳᠭᠦᠯᠳᠡᠨ ᠪᠤᠯᠤᠨ᠎ᠠ᠃ ᠮᠠᠨᠳᠤᠬᠠᠢ ᠰᠡᠴᠡᠨ ᠬᠠᠳᠤᠨ ᠪᠤᠯ ᠲᠦᠮᠡᠳ ᠤᠨ ᠡ᠊ᠡᠭᠭᠦᠳ ᠤᠨ ᠬᠦᠮᠤᠨ᠃ 1447 ᠤᠨ ᠳᠤ ᠮᠠᠨᠳᠤᠯᠡᠪᠡ᠃ ᠲᠡᠭᠦᠨ ᠤ ᠡᠴᠢᠬᠡ ᠨᠢ ᠴᠤᠷᠤᠰᠪᠡᠢ ᠲᠡᠮᠤᠷ ᠴᠢᠩᠰᠠᠩ ᠭᠡᠳᠡᠭ᠃ ᠮᠠᠨᠳᠤᠭᠤᠯ ᠬᠠᠭᠠᠨ ︵1463-1467︶᠎ ᠤ ᠪᠠᠭ᠎ᠠ ᠬᠠᠳᠤᠨ ᠨᠢ ᠪᠤᠯᠤᠨ᠎ᠠ᠃ ᠮᠠᠨᠳᠤᠬᠠᠢ ᠰᠡᠴᠡᠨ ᠬᠠᠳᠤᠨ ᠭᠤᠴᠢᠨ ᠭᠤᠷᠪᠡᠨ ᠨᠠᠰᠤᠳᠡᠢ ᠳᠤ ᠪᠠᠨ ᠴᠢᠩᠭᠢᠰ ᠤᠨ ᠠᠯᠳᠡᠨ ᠤᠷᠤᠨᠨᠳᠡᠨ ᠤ ᠬᠤᠶᠢᠴᠢᠰ ᠪᠤᠯᠬᠤ ᠪᠠᠳᠤᠮᠦ᠋ᠭᠬᠡ ︵1474-1533︶᠎ ᠶᠢ ᠡᠷᠭᠦᠨ ᠲᠡᠳᠭᠦᠵᠤ ᠪᠤᠳᠠᠷᠬᠠᠰᠠᠨ ᠤᠯᠤᠰ ᠢ ᠨᠢ ᠬᠤᠷᠢᠶᠠᠨ᠂ ᠲᠤᠯᠭᠤᠷ ᠲᠦᠷᠤ ᠶᠢ ᠨᠢ ᠴᠤᠨᠨᠴᠠᠯᠡᠨ ᠦᠭᠴᠤ᠂ ᠮᠤᠩᠭᠤᠯ ᠤᠨ ᠲᠡᠤᠬᠡᠨ ᠳᠠᠬᠢ ᠬᠤᠶᠠᠳᠤᠭᠠᠷ ᠤᠳᠠᠭᠠᠨ ᠤ ᠶᠡᠭᠡ ᠨᠢᠭᠡᠳᠤᠯ ᠢ ᠪᠡᠶᠡᠯᠡᠭᠦᠯᠪᠡ᠃ᠡᠷᠬᠡᠳᠤ ᠬᠠᠳᠤᠨ ᠵᠥᠡᠭᠭᠡᠨ᠄         ᠤᠯᠠᠨ ᠠᠴᠠ ᠬᠡᠳᠦ᠋ᠢᠳᠦᠭᠰᠡᠨ ᠴᠡᠴᠡᠨ ᠪᠢᠯᠢᠭ᠂ ᠤᠬᠠᠭᠠᠨ ᠵᠢᠪᠬᠤᠭ᠎ᠠ ᠪᠠᠷ ᠢᠶᠠᠨ ᠮᠤᠩᠭᠤᠯᠴᠤᠳ ᠤᠨ ᠭᠠᠶᠢᠬᠠᠯ ᠪᠢᠰᠢᠷᠡᠯ ᠢ ᠤᠯᠵᠤ ᠶᠠᠪᠤᠨᠨᠰᠠᠨ ᠰᠤᠤᠳᠤ ᠡᠮᠡᠭᠳᠡᠢ ᠪᠤᠯ ᠵᠥᠡᠭᠭᠡᠨ ᠬᠠᠳᠤᠨ ᠪᠤᠯᠤᠨ᠎ᠠ᠃ ᠲᠡᠷᠡ ᠪᠠᠷ ᠮᠤᠩᠭᠤᠯ ᠤᠨ ᠪᠡᠷᠡᠭᠤᠨ ᠭᠠᠷ ᠤᠨ ᠲᠦᠮᠡᠳ ᠤᠨ ᠲᠦᠷᠤᠬᠦᠦ ᠠᠯᠳᠡᠨ ᠬᠠᠨ ︵1507-1581︶᠎ ᠤ ᠬᠠᠳᠤᠨ ᠪᠤᠯᠤᠨ᠎ᠠ᠃ ᠵᠦᠡᠭᠭᠡᠨ ᠬᠠᠳᠤᠨ ᠪᠤᠯ ᠦᠡᠭᠭᠡ ᠵᠢᠰᠤ ᠭᠤᠤ ᠎ᠠ ᠬᠡᠬᠡᠨᠴᠢᠷ ᠮᠦᠷᠳᠡᠭᠡᠨ ᠤᠢ ᠤᠬᠠᠭᠠᠨ ᠴᠡᠴᠡᠨ ᠰᠡᠷᠭᠦᠯᠡᠩ ᠢᠶᠠᠷ ᠪᠡᠷᠡᠬᠤ ᠦᠬᠡᠢ ᠲᠠᠭᠤᠤ ᠪᠦᠵᠢᠭ ᠲᠤ ᠠᠪᠢᠶᠠᠰᠯᠢᠭ᠃ ᠲᠡᠷᠡ ᠮᠦᠨ ᠭᠦᠯᠥᠭ ᠤᠨ ᠨᠢᠷᠤᠭᠤᠨ ᠳᠤ ᠰᠠᠯᠬᠢᠯᠡᠨ ᠭᠦᠪᠴᠢᠳᠤ ᠨᠤᠮᠤ ᠲᠠᠯᠠᠵᠤ᠂ ᠴᠡᠷᠢᠭ ᠤᠨ ᠡᠷᠳᠡᠮ ᠳᠤ ᠴᠠᠭᠠᠷᠡᠨ ᠨᠡᠪᠳᠡᠷᠡᠭᠰᠡᠨ ᠡᠷᠡᠮᠡᠭᠡᠢ ᠪᠠᠭᠠᠳᠤᠷ ᠡᠮᠡᠭᠳᠡᠢ ᠪᠤᠯᠤᠨ᠎ᠠ᠃ ᠲᠡᠭᠡᠭᠦ ᠳᠤ ᠠᠯᠳᠡᠨ ᠬᠠᠨ ᠤ ᠭᠦᠨ ᠢᠳᠡᠬᠡᠯ ᠢ ᠤᠯᠵᠤ᠂ ᠠᠯᠳᠡᠨ ᠬᠠᠨ ᠤ ᠨᠤᠶᠠᠷᠬᠠᠯ ᠢ ᠪᠠᠬᠢᠵᠢᠭᠦᠯᠤᠨ᠂ ᠮᠢᠩ ᠤᠯᠤᠰ ᠯᠤᠭ᠎ᠠ ᠶᠢᠨ ᠬᠢᠯᠢ ᠶᠢᠨ ᠰᠤᠯᠢᠯᠴᠠᠭ᠎ᠠ ᠶᠠᠪᠤᠯᠴᠠᠭ᠎ᠠ ᠵᠢᠴᠢ ᠲᠤᠳᠤᠭᠠᠳᠤ ᠶᠢᠨ ᠡᠪ ᠨᠢᠭᠡᠳᠤᠯ ᠳᠤ ᠴᠢᠬᠤᠯᠠ ᠤᠢᠢᠯᠡᠳᠤᠯ ᠦᠵᠡᠭᠦᠯᠵᠤ ᠶᠠᠪᠤᠨᠨᠰᠠᠨ ᠶᠤᠮ᠃ ᠵᠦᠡᠭᠭᠡᠨ ᠬᠠᠳᠤᠨ ᠪᠠᠰᠠ ᠠᠮᠤᠳᠡᠢ ᠰᠡᠴᠡᠨ ᠬᠠᠭᠠᠨ᠂ ᠪᠤᠳᠠᠰᠢᠷᠢ ᠬᠤᠨᠭ᠌ ᠲᠠᠶᠢᠵᠢ ᠨᠡᠷ ᠲᠠᠢ ᠬᠠᠮᠳᠤᠷᠡᠨ᠂ ᠰᠢᠷᠡᠭᠡᠳᠤ ᠭᠦᠤᠰᠢ ᠴᠤᠷᠵᠢ᠂ ᠠᠶᠤᠰᠢ᠂ ᠠᠨᠡᠨᠳᠠ ᠮᠠᠨᠽᠤᠰᠢᠷᠢ ᠪᠤᠯᠤᠨ ᠪᠠᠷᠠᠭᠤᠨ ᠭᠤᠷᠪᠡᠨ ᠲᠦᠮᠡᠨ ᠤ ᠬᠡᠯᠡᠮᠤᠷᠴᠢ ᠮᠡᠷᠭᠡᠳ ᠢ ᠵᠤᠬᠢᠶᠠᠨ ᠪᠠᠶᠢᠭᠤᠯᠵᠤ᠂ 1602-1607 ᠤᠨ ᠭᠦᠷᠳᠡᠯ ᠎ᠠ᠂ ᠵᠢᠷᠭᠤᠭᠠᠨ ᠵᠢᠯ ᠤᠨ ᠬᠤᠭᠤᠴᠠᠭᠠᠨ ᠳᠤ ᠭᠠᠨᠵᠤᠤᠷ ᠨᠤᠮ ᠢ ᠮᠤᠩᠭᠤᠯ ᠬᠡᠯᠡ ᠪᠠᠷ ︽ᠪᠦᠷᠢᠨ ᠲᠡᠭᠦᠰ ᠤᠷᠴᠢᠭᠤᠯᠵᠤ︾ ᠲᠡᠭᠦᠰᠭᠡᠭᠰᠡᠨ ᠲᠡᠤᠬᠡ ᠲᠠᠢ᠃ᠴᠢᠯᠠᠭᠤᠨ ᠳᠤ ᠠᠮᠢᠯᠬᠠᠰᠠᠨ ᠭᠤᠶᠤ ᠡᠮᠡᠭᠳᠡᠢ ᠲᠠᠵᠢ ᠮᠠᠬᠠᠯ᠄        ᠮᠤᠩᠭᠤᠯ ᠬᠠᠭᠠᠨᠳᠤ ᠤᠯᠤᠰ ᠤᠨ ᠪᠠᠳᠡᠷᠠᠯ ᠭᠦᠭᠵᠢᠯ ᠢ ᠲᠤᠰᠬᠠᠨ᠂ ᠵᠢᠩᠬᠢᠨᠢ ᠴᠡᠪᠡᠷ ᠬᠠᠶᠢᠷ ᠎ᠠ ᠶᠢᠨ ᠪᠡᠯᠬᠡ ᠲᠠᠮᠳᠡᠭ ᠪᠤᠯᠤᠨᠨᠰᠠᠨ ︽ᠡᠨᠡᠳᠭᠡᠭ ᠤᠨ ᠡᠷᠳᠡᠨᠢ︾ ᠭᠡᠮᠡᠭᠴᠢ ᠲᠠᠵᠢ ︵ᠲᠠᠶᠢᠵᠢ︶ ᠮᠠᠬᠠᠯ ᠤᠨ ᠪᠤᠩᠬᠤᠨ ᠨᠢ ᠲᠡᠯᠡᠭᠡᠢ ᠶᠢᠨ ᠲᠤᠯᠤᠭᠠᠨ ᠭᠠᠶᠢᠬᠠᠮᠰᠢᠨᠨᠳᠤ ᠪᠠᠷᠢᠯᠭ᠎ᠠ ᠶᠢᠨ ᠨᠢᠬᠡ ᠨᠢ ᠪᠤᠯᠵᠤ ᠬᠤᠷᠤ ᠎ᠠ ᠳᠤ ᠠᠯᠳᠡᠷᠰᠢᠵᠤ ᠪᠤᠢ᠃ ᠲᠠᠵᠢ ᠮᠠᠬᠠᠯ ᠪᠤᠯ ᠮᠤᠩᠭᠤᠯ ᠬᠠᠭᠠᠨᠳᠤ ᠤᠯᠤᠰ ᠤᠨ ᠲᠠᠪᠤᠳᠤᠭᠠᠷ ᠦᠶ ᠎ᠠ ᠶᠢᠨ ᠬᠠᠭᠠᠨ ᠱ᠊ · ᠵᠠᠭᠠᠨ ︵ᠪᠠᠰᠠ ᠰᠡᠩᠵᠡᠢ ᠬᠡᠵᠤ ᠵᠠᠷᠢᠮ ᠨᠤᠮ ᠳᠤ ᠲᠡᠮᠳᠡᠭᠯᠡᠵᠤ ᠪᠤᠢ︶᠎ ᠤ ᠬᠠᠶᠢᠷᠡᠳᠡᠢ ᠬᠠᠳᠤᠨ ᠨᠢ ᠪᠤᠯᠤᠨ᠎ᠠ᠃ ᠲᠡᠷᠡ ᠡᠨᠡᠳᠭᠡᠭ ᠤᠨ ᠤᠮᠠᠷᠡᠳᠤ ᠭᠡᠰᠡᠭ ᠲᠠᠬᠢ ᠨᠢᠬᠡᠨ ᠮᠤᠩᠭᠤᠯ ᠢᠵᠡᠭᠤᠷᠳᠡᠨ ᠤ ᠬᠡᠷ ᠲᠤ ᠲᠦᠷᠤᠪᠡ᠃ ᠬᠤᠷᠤ ᠎ᠠ ᠳᠤ ᠬᠤᠤᠰ ᠦᠬᠡᠢ ᠭᠤᠶᠤ ᠦᠵᠡᠰᠭᠦᠯᠡᠩ ᠮᠦᠷᠳᠡᠭᠡᠨ ᠰᠡᠴᠡᠨ ᠴᠡᠯᠮᠡᠭ ᠤᠬᠠᠭᠠᠨ ᠰᠠᠨᠠᠭ᠎ᠠ ᠲᠠᠢ ᠪᠠᠶᠢᠵᠤ᠂ ᠵᠢᠩᠬᠢᠨᠢ ᠴᠡᠪᠡᠷ ᠠᠷᠢᠭᠤᠨ ᠬᠠᠶᠢᠷ ᠎ᠠ ᠶᠢ ᠲᠡᠭᠡᠳᠤᠯᠡᠵᠤ ᠶᠠᠪᠤᠨᠨᠰᠠᠨ ᠠᠭᠤᠤ ᠶᠡᠭᠡ ᠮᠤᠩᠭᠤᠯ ᠡᠮᠡᠭᠳᠡᠢ ᠪᠤᠯᠤᠨ᠎ᠠ᠃ ᠲᠠᠵᠢ ᠬᠠᠳᠤᠨ ᠪᠤᠯ ᠦᠡᠭᠭᠡ ᠵᠢᠰᠤ ᠪᠠ ᠪᠠᠶ ᠎ᠠ ᠭᠠᠯᠪᠢᠷ ᠬᠤᠤᠰ ᠦᠬᠡᠢ ᠭᠤᠶᠤ ᠦᠵᠡᠰᠭᠦᠯᠡᠩ ᠮᠦᠷᠳᠡᠭᠡᠨ ᠤᠬᠠᠭᠠᠨ ᠰᠠᠨᠠᠭ᠎ᠠ᠂ ᠢᠨᠠᠭ ᠬᠠᠶᠢᠷ ᠎ᠠ ᠂ ᠪᠤᠳᠤᠯ ᠰᠡᠳᠭᠢᠯ᠂ ᠪᠢᠯᠢᠭ ᠠᠪᠢᠶᠠᠰ᠂ ᠤᠢᠢᠯᠡ ᠶᠠᠪᠤᠳᠡᠯ ᠤᠨ ᠡᠷᠬᠢᠮ ᠰᠠᠶᠢᠬᠠᠨ ᠪᠦᠭᠦᠨ ᠢ ᠪᠦᠷᠢᠳᠤᠬᠦᠯᠦᠭᠰᠡᠨ ᠲᠡᠭᠦᠰ ᠭᠤᠤ ᠎ᠠ ᠡᠮᠡᠭᠳᠡᠢ ᠪᠤᠯᠤᠨ᠎ᠠ᠃ ᠲᠡᠭᠦᠨ ᠤ ᠠᠮᠢᠳᠤ ᠰᠡᠷᠡᠭᠦᠨ ᠦᠶ ᠎ᠠ ᠶᠢᠨ ᠤᠢᠢᠯᠡ ᠶᠠᠪᠤᠳᠡᠯ ᠲᠡᠤᠭᠡ ᠰᠤᠳᠤᠷ ᠲᠤ ᠲᠡᠮᠡᠢ ᠲᠠᠮᠳᠡᠭᠯᠡᠭᠳᠡᠭᠰᠡᠨ ᠦᠬᠡᠢ ᠪᠤᠯᠪᠠᠴᠤ ᠭᠠᠨᠳᠢᠭ ᠴᠢᠯᠠᠭᠤᠨ ᠳᠤ ᠠᠮᠢᠯᠬᠠᠰᠠᠨ ᠭᠤᠶᠤ ᠲᠦᠷᠬᠦ ᠨᠢ ᠵᠢᠩᠬᠢᠨᠢ ᠠᠷᠢᠭᠤᠨ ᠬᠠᠶᠢᠷ ᠎ᠠ ᠶᠢᠨ ᠰᠢᠳᠤᠭᠡᠨ ᠪᠤᠯᠤᠨ ᠠᠮᠢᠯᠠᠵᠤ᠂ ᠭᠦᠮᠤᠨ ᠲᠦᠷᠤᠯᠬᠢᠳᠡᠨ ᠳᠤ ᠪᠠᠭ᠋ᠠᠷᠬᠠᠨᠨᠳᠡᠨ ᠲᠠᠭᠠᠯᠬᠠᠳᠠᠵᠤ ᠪᠠᠶᠢᠬᠤ ᠮᠦᠷᠳᠡᠭᠡᠨ ᠡᠨᠡᠳᠭᠡᠭ᠂ ᠮᠤᠩᠭᠤᠯ ᠬᠠᠭᠠᠨᠳᠤ ᠤᠯᠤᠰ᠂ ᠮᠤᠩᠭᠤᠯ ᠡᠮᠡᠭᠳᠡᠢ ᠶᠢᠨ ᠡᠷᠬᠢᠮᠰᠥᠭ ᠰᠠᠶᠢᠬᠠᠨ ᠢ ᠲᠡᠯᠡᠬᠡᠢ ᠳ᠋ᠠᠬᠢᠨ ᠳᠤ ᠦᠨᠢ ᠮᠦᠡᠭᠭᠡ ᠠᠯᠳᠡᠷᠰᠢᠭᠤᠯᠵᠤ ᠪᠠᠶᠢᠭ᠎ᠠ ᠶᠤᠮ᠃ ᠲᠠᠵᠢ ᠬᠠᠳᠤᠨ ᠨᠠᠰᠤ ᠪᠠᠷᠠᠭᠠᠳ 300 ᠭᠠᠷᠤᠢ ᠵᠢᠯ ᠪᠤᠯᠤᠬᠰᠠᠨ ᠪᠤᠯᠪᠠᠴᠤ ᠲᠡᠯᠡᠭᠡᠢ ᠶᠢᠨ ᠬᠦᠮᠤᠨ ᠠᠷᠡᠳ ᠤᠨ ᠰᠡᠳᠬᠢᠯ ᠵᠢᠷᠤᠬᠡᠨ ᠳᠤ ᠮᠦᠨ ᠯᠠ ᠠᠮᠢᠳᠤ ᠪᠠᠷ ᠢᠶᠠᠨ ᠪᠠᠶᠢᠭ᠎ᠠ ᠰᠢᠬ ᠪᠠᠶᠢᠵᠤ᠂ ᠮᠤᠩᠭᠤᠯ ᠡᠮᠡᠭᠳᠡᠢ ᠶᠢᠨ ᠵᠢᠰᠤ ᠭᠠᠯᠪᠢᠷ ᠬᠢᠭᠡᠳ ᠤᠶᠤᠨ ᠰᠠᠨᠠᠭᠠᠨ ᠤ ᠭᠤᠤ ᠎ᠠ ᠰᠠᠶᠢᠬᠠᠨ ᠵᠢᠴᠢ ᠰᠤᠶᠤᠯ ᠤᠨ ᠢᠷᠠᠭᠤ ᠰᠠᠶᠢᠬᠠᠨ ᠭᠦᠷᠳᠡᠭᠡᠯ ᠢᠶᠠᠷ ᠢᠶᠠᠨ ᠪᠦᠮᠪᠤᠷᠴᠡᠭ ᠢ ᠢᠪᠢᠯᠬᠡᠵᠤ᠂ ᠮᠤᠨᠳᠠᠭ ᠲᠤᠮᠤ ᠵᠤᠭᠠᠴᠡᠯ ᠤᠨ ᠦᠷᠳᠡᠭ᠂ ᠰᠤᠶᠤᠯ ᠤᠨ ᠦᠷᠳᠡᠭ ᠢ ᠡᠭᠦᠳᠤᠨ᠂ ᠡᠨᠡᠳᠭᠡᠭ ᠤᠨ ᠠᠷᠡᠳ ᠲᠦᠮᠡᠨ ᠢ ᠢᠪᠡᠭᠡᠨ ᠲᠡᠳᠭᠦᠵᠤ ᠪᠤᠢ᠃ᠴᠢᠩ ᠪᠢᠰᠢᠷᠡᠯᠳᠤ ᠲᠠᠶᠢᠬᠠᠯ ᠬᠠᠳᠤᠨ ᠡᠬᠡ᠄        ᠡᠬᠡ ᠲᠠᠶᠢᠬᠠᠯ ᠬᠠᠳᠤᠨ ᠪᠤᠯ 17 ᠳ᠋ᠤᠭᠠᠷ ᠵᠠᠭᠤᠨ ᠤ ᠡᠬᠢᠨ ᠤ ᠵᠢᠯ ᠤᠳ ᠲᠤ ᠠᠯᠳᠡᠷ ᠮᠠᠨᠳᠤᠨᠨᠰᠠᠨ ᠤᠶᠤᠳᠡᠨ ᠬᠠᠳᠤᠨ ᠪᠤᠯᠤᠨ᠎ᠠ᠃ ᠲᠠᠶᠢᠮᠤ ᠠᠴᠠ ᠮᠤᠩᠭᠤᠯ ᠤᠨ ᠲᠡᠤᠭᠡᠨ ᠳᠤ ᠲᠡᠭᠦᠨ ᠢ ︽ᠴᠢᠩ ᠪᠢᠰᠢᠷᠡᠯᠳᠤ ᠲᠠᠶᠢᠬᠠᠯ ᠬᠠᠳᠤᠨ ᠡᠬᠡ︾ ᠬᠡᠮᠡᠨ ᠬᠦᠨᠳᠤᠳᠭᠡᠨ ᠲᠡᠮᠳᠡᠭᠯᠡᠭᠰᠡᠨ ᠪᠠᠶᠢᠳᠠᠭ᠃ ᠲᠠᠶᠢᠬᠠᠯ ᠬᠠᠳᠤᠨ ᠪᠤᠯ ᠲᠠᠶᠠᠨ ᠬᠠᠭᠠᠨ ᠤ ᠤᠳᠬᠤᠨ ᠭᠦᠤ ᠬᠡᠷᠰᠡᠨᠵᠢ ᠶᠢᠨ ᠭᠤᠷᠪᠠᠳᠤᠭᠠᠷ ᠭᠦᠪᠡᠭᠦᠨ ᠤᠢᠢᠵᠢᠨ ᠨᠤᠶᠠᠨ ᠤ ᠭᠦᠤ ᠪᠠᠭ᠋ᠠᠷᠡᠢ ᠬᠤᠰᠢᠭᠤᠴᠢ ᠶᠢᠨ ᠬᠠᠳᠤᠨ ᠪᠤᠯᠤᠨ᠎ᠠ᠃ ᠲᠡᠷᠡ ᠬᠠᠷᠠᠬᠠᠨ ᠪᠠᠭ᠎ᠠ ᠠᠴᠠ ᠪᠠᠨ ᠴᠡᠴᠡᠨ ᠰᠡᠷᠭᠦᠯᠡᠩ᠂ ᠤᠢ ᠪᠢᠯᠢᠭ ᠴᠤᠭᠤᠷᠬᠠᠢ᠂ ᠪᠢᠴᠢᠭ ᠰᠤᠶᠤᠯ ᠳᠤ ᠰᠢᠮᠳᠡᠨ᠂ ᠮᠤᠩᠭᠤᠯ ᠲᠦᠪᠡᠳ ᠦᠰᠦᠭ ᠪᠢᠴᠢᠭ ᠲᠤ ᠨᠡᠪᠳᠠᠷᠡᠵᠡᠢ᠃ ᠲᠡᠭᠡᠭᠡᠳ ᠤᠶᠤᠳᠠᠨ ᠡᠮᠡᠭᠳᠡᠢ ᠪᠤᠯᠤᠨ ᠠᠯᠳᠡᠷᠰᠢᠵᠡᠢ᠃ ᠴᠢᠩ ᠪᠢᠰᠢᠷᠡᠯᠳᠤ ᠲᠠᠶᠢᠬᠠᠯ ᠬᠠᠳᠤᠨ ᠪᠢᠴᠢᠭ ᠰᠤᠶᠤᠯ ᠳᠤ ᠨᠡᠪᠳᠡᠷᠡᠵᠤ ᠂ ᠮᠤᠩᠭᠤᠯ ᠰᠤᠶᠤᠯ ᠤᠨ ᠭᠦᠭᠵᠢᠯᠳᠡ ᠳᠤ ᠪᠠᠯᠠᠷᠡᠰᠢ ᠦᠬᠡᠢ ᠵᠢᠳᠭᠦᠯ ᠦᠵᠡᠭᠦᠯᠦᠭᠰᠡᠨ ᠢᠶᠠᠷ ᠪᠠᠷᠠᠬᠤ ᠦᠬᠡᠢ ᠭᠦᠪᠡᠭᠦᠨ ᠴᠤᠨᠨᠳᠤ ᠪᠠᠨ ᠪᠠᠯᠴᠢᠷ ᠪᠠᠭ᠎ᠠ ᠠᠴᠠ ᠨᠢ ᠪᠢᠴᠢᠭ ᠰᠤᠶᠤᠯ ᠢᠶᠠᠷ ᠭᠡᠶᠢᠭᠦᠯᠤᠨ ᠭᠦᠮᠤᠵᠢᠭᠦᠯᠵᠤ ᠪᠢᠯᠡ᠃ ᠴᠤᠨᠨᠳᠤ ᠲᠠᠶᠢᠵᠢ ᠬᠠᠳᠤᠨ ᠡᠬᠡ ᠶᠢᠨ ᠢᠶᠠᠨ ᠭᠡᠷᠡᠯᠳᠦᠭᠰᠡᠨ ᠤᠬᠠᠭᠠᠨ᠂ ᠬᠠᠳᠠᠭᠤ ᠬᠦᠮᠤᠵᠢᠯ ᠢ ᠲᠡᠭᠡᠳᠤᠯᠡᠨ᠂ ᠪᠤᠰᠤᠳ ᠠᠴᠠ ᠴᠤᠯᠭᠤᠷᠬᠠᠰᠠᠨ ᠶᠡᠭᠡ ᠪᠢᠯᠢᠭ ᠠᠪᠢᠶᠠᠰ ᠲᠠᠢ ᠠᠯᠳᠡᠷᠳᠤ ᠢᠷᠠᠭᠤ ᠨᠠᠶᠢᠷᠬᠠᠴᠢ᠂ ᠲᠡᠤᠬᠡᠴᠢ ᠮᠦᠷᠳᠡᠭᠡᠨ ᠭᠠᠷᠮᠠᠭᠠᠢ ᠤᠯᠤᠰ ᠲᠦᠷᠤᠴᠢᠨ᠂ ᠡᠬᠡ ᠤᠷᠤᠨᠴᠢ ᠪᠠᠭᠠᠳᠤᠷ ᠪᠤᠯᠤᠨᠨᠰᠠᠨ ᠶᠤᠮ᠃ ᠲᠠᠶᠢᠬᠠᠯ ᠬᠠᠳᠤᠨ ᠡᠭᠡ 1601 ᠤᠨ ᠠᠴᠠ ᠡᠬᠢᠯᠡᠨ᠂ ᠭᠦᠤ ᠴᠤᠨᠨᠳᠤ ᠲᠠᠢ ᠪᠠᠨ ᠲᠦᠪᠡᠳ ᠬᠡᠯᠡ ᠠᠴᠠ ᠪᠤᠷᠬᠠᠨ ᠨᠤᠮ ᠰᠤᠳᠤᠷ ᠢ ᠤᠷᠴᠢᠭᠤᠯᠬᠤ ᠶᠢᠨ ᠲᠠᠭᠠᠤ ᠤᠷᠠᠨ ᠵᠤᠬᠢᠶᠠᠯ᠂ ᠲᠡᠤᠬᠡ᠂ ᠭᠦᠨ ᠤᠬᠠᠭᠠᠨ᠂ ᠠᠨᠠᠭᠠᠬᠤ ᠤᠬᠠᠭᠠᠨ ᠵᠡᠷᠭᠡ ᠤᠯᠠᠨ ᠲᠦᠷᠤᠯ ᠤᠨ ᠨᠤᠮ ᠰᠤᠳᠤᠷ ᠢ ᠮᠤᠩᠭᠤᠯᠴᠢᠯᠠᠵᠤ᠂ ᠠᠷᠡᠳ ᠲᠦᠮᠡᠨ ᠢᠶᠠᠨ ᠭᠡᠭᠡᠷᠡᠭᠦᠯᠤᠨ᠂ ᠮᠤᠩᠭᠤᠯ ᠰᠤᠶᠤᠯ ᠤᠨ ᠭᠦᠭᠵᠢᠯᠳᠡ ᠳᠤ ᠯᠤᠳᠤ ᠶᠡᠭᠡ ᠭᠠᠪᠢᠶ ᠎ᠠ ᠵᠢᠳᠬᠦᠯ ᠦᠵᠡᠭᠦᠯᠥᠭᠰᠡᠨ ᠶᠤᠮ᠃ ᠡᠭᠦᠨ ᠤ ᠲᠠᠭᠠᠤ ᠲᠡᠷᠡ ᠪᠠᠰᠠ ᠭᠦᠪᠡᠭᠦᠨ ᠴᠤᠨᠨᠳᠤ ᠲᠠᠶᠢᠵᠢ ᠲᠠᠢ ᠪᠠᠨ ᠪᠦᠬᠦᠯᠢ ᠠᠷᠪᠡᠨ ᠵᠢᠯ ᠤᠨ ᠴᠠᠭ ᠢ ᠵᠠᠷᠤᠴᠠᠭᠤᠯᠤᠨ᠂ ᠲᠤᠤᠯᠠ ᠶᠢᠨ ᠪᠠᠷᠠᠭᠤᠨ ᠳᠠᠬᠢ ᠵᠢᠷᠤᠬᠡᠨ ᠨᠡᠷᠡᠳᠤ ᠠᠭᠤᠯᠠ ᠶᠢᠨ ᠡᠩᠭᠡᠷ ᠲᠤ ᠵᠢᠷᠭᠤᠭᠠᠨ ᠰᠦᠮ᠎ᠠ ᠶᠢ ᠪᠠᠶᠢᠭᠤᠯᠵᠤ ᠪᠢᠯᠠ᠃ ᠡᠳᠡᠭᠡᠷ ᠰᠦᠮ᠎ᠠ ᠬᠡᠶᠢᠳ ᠨᠢ ᠮᠤᠩᠭᠤᠯ ᠨᠤᠳᠤᠭ ᠲᠤ ᠱᠠᠰᠢᠨ ᠲᠡᠯᠭᠡᠷᠡᠭᠦᠯᠬᠦ ᠶᠢᠨ ᠲᠠᠭᠠᠤ ᠮᠤᠩᠭᠤᠯ ᠰᠤᠶᠤᠯ ᠤᠨ ᠦᠯᠤᠭᠡᠢ ᠪᠤᠯᠵᠤ᠂ ᠦᠶ ᠎ᠠ ᠦᠶ ᠎ᠠ ᠶᠢᠨ ᠭᠦᠮᠤᠰ ᠢ ᠰᠤᠶᠤᠯᠵᠢᠭᠤᠯᠤᠨ ᠭᠡᠭᠡᠷᠡᠭᠦᠯᠵᠤ ᠪᠠᠶᠢᠪᠡ᠃ ᠡᠨᠡ ᠭᠦ ᠠᠯᠳᠡᠷ ᠭᠦᠨᠳᠤᠳᠡᠢ ᠰᠤᠶᠤᠯᠳᠤ ᠡᠬᠡ ᠪᠠᠨ ᠮᠦᠡᠭᠭᠡ ᠲᠤᠷᠡᠰᠴᠤ ᠶᠠᠪᠤᠬᠤ ᠶᠢᠨ ᠲᠦᠯᠤᠭᠡ᠂ ᠮᠤᠩᠭᠤᠯ ᠤᠯᠤᠰ ᠤᠨ ᠠᠯᠳᠡᠷᠳᠤ ᠢᠷᠠᠭᠤ ᠨᠠᠶᠢᠷᠬᠠᠴᠢ ᠭ᠋᠊ · ᠢᠰᠢᠭᠦᠤ ︽ᠴᠢᠩ ᠪᠢᠰᠢᠷᠡᠯᠳᠤ ᠲᠠᠶᠢᠬᠠᠯ ᠬᠠᠳᠤᠨ ᠡᠬᠡ︾ ᠭᠡᠭᠦ ᠭᠠᠶᠢᠬᠠᠯᠳᠡᠢ ᠰᠢᠯᠦᠭ ᠢ ᠪᠦᠳᠤᠭᠡᠵᠤ᠂ ᠡᠨᠡ ᠭᠦ ᠨᠢᠬᠡᠨ ᠦᠶ ᠎ᠠ ᠶᠢᠨ ᠰᠤᠤ ᠪᠢᠯᠢᠭᠳᠦ ᠬᠠᠳᠤᠨ ᠡᠬᠡ ᠶᠢᠨ ᠠᠷᠢᠭᠤᠬᠠᠨ ᠵᠢᠳᠭᠦᠯ ᠢ ᠳ᠋ᠦᠡᠭᠨᠡᠭᠰᠡᠨ ᠪᠠᠶᠢᠨ᠎ᠠ᠃ ︽ᠮᠡᠳᠡᠭᠰᠡᠨ ᠡᠷᠳᠡᠮ ᠢᠶᠠᠨ ᠲᠦᠭᠡᠭᠡᠬᠦ ᠪᠠᠷ ᠴᠠᠭᠠᠨ ᠬᠠᠷᠰᠢ ᠪᠠᠶᠢᠭᠤᠯᠪᠡ ᠮᠡᠷᠭᠡᠳ ᠰᠡᠴᠡᠳ ᠤᠨ ᠰᠤᠳᠤᠷ ᠤᠳ ᠢ ᠤᠨ ᠲᠠᠷᠠᠭᠠᠯᠠᠵᠤ ᠤᠷᠴᠢᠭᠤᠯᠪᠡ ᠰᠤᠶᠤᠯ ᠤᠨ ᠦᠷ ᠎ᠠ ᠲᠠᠷᠢᠬᠤ ᠶᠢ ᠡᠬᠡ ᠭᠦᠤ ᠡᠷᠡᠮᠡᠯᠵᠡᠪᠡ ᠰᠤᠯᠤᠩᠭᠠᠨ ᠤᠬᠠᠭᠠᠨ ᠰᠠᠴᠤᠷᠠᠭᠤᠯᠤᠨ ᠨᠢᠬᠡᠨ ᠦᠶ ᠎ᠠ ᠴᠡᠴᠡᠭᠯᠡᠪᠡ ᠬᠠᠯᠬ᠎ᠠ ᠶᠢᠨ ᠪᠢᠰᠢᠷᠡᠯᠳᠤ ᠬᠠᠳᠤᠨ ᠤ ᠭᠦᠰᠡᠯ ᠢᠶᠠᠨ ᠪᠡᠶᠡᠯᠡᠭᠦᠯᠪᠡ ᠬᠠᠳᠤᠨ ᠲᠤᠤᠯᠠ ᠶᠢᠨ ᠤᠷᠤᠰᠬᠠᠯ ᠰᠢᠬ ᠡᠬᠡ ᠶᠢᠨ ᠰᠡᠳᠭᠢᠯ ᠮᠡᠯᠳᠡᠯᠵᠡᠪᠡ ᠬᠠᠨᠭ᠍ᠭᠠᠢ ᠬᠠᠭᠠᠨ ᠤ ᠠᠭᠤᠯᠡᠨ ᠳᠤ ᠤᠶᠠᠷᠡᠵᠤ ᠭᠠᠷᠤᠨᠨᠰᠠᠨ ᠬᠤᠨᠭ᠌ ᠲᠠᠶᠢᠵᠢ ᠬᠠᠯᠠᠭᠤᠳᠤ ᠡᠭᠡᠴᠢ ᠪᠠᠨ ᠰᠠᠨᠠᠭᠠᠯᠵᠡᠨ ᠤᠶᠠᠩᠭ᠎ᠠ ᠶᠢᠨ ᠰᠢᠯᠥᠭ ᠲᠠᠳᠠᠯᠠᠪᠡ ᠪᠢᠯᠢᠭᠳᠤ ᠲᠡᠳᠡᠨ ᠤ ᠭᠦᠰᠡᠯ ᠢ ᠴᠠᠭ ᠤᠨ ᠰᠠᠯᠬᠢ ᠠᠷᠴᠢᠪᠡ ᠪᠢᠴᠢᠭ ᠤᠨ ᠪᠦᠳᠤᠭᠡᠯ ᠨᠤᠮ ᠢ ᠨᠢ ᠤᠯᠠᠭᠠᠨ ᠲᠦᠢᠮᠡᠷ ᠢᠳᠡᠪᠡ ᠪᠢᠷ ᠶᠠᠨᠳᠡᠢ ᠶᠠᠭᠤ ᠶᠢ ᠨᠢ ᠰᠢᠷ ᠎ᠠ ᠶᠢᠨ ᠱᠠᠰᠢᠨ ᠬᠤᠭᠤᠴᠢᠪᠡ ᠪᠡᠭᠡ ᠪᠠᠷ ᠴᠤ ᠲᠤᠳᠠᠭᠤ ᠦᠬᠡᠢ ᠲᠡᠳᠡ ᠴᠠᠭᠠᠨ ᠴᠠᠭᠠᠰᠤ ᠴᠤ ᠦᠬᠡᠢ ᠦᠯᠡᠳᠡᠪᠡ︾ ᠬᠡᠵᠤ ᠰᠢᠯᠥᠭᠯᠡᠪᠡ᠃ᠠᠪᠡᠢ ᠬᠠᠳᠤᠨ᠄        ᠠᠪᠡᠢ ᠬᠠᠳᠤᠨ ᠪᠤᠯ ᠲᠦᠷᠪᠡᠨ ᠤᠢᠢᠷᠡᠳ ᠤᠨ ᠲᠡᠤᠬᠡᠨ ᠳᠠᠬᠢ ᠠᠯᠳᠡᠷᠳᠡᠢ ᠰᠤᠤ ᠪᠢᠯᠢᠭᠳᠤ ᠡᠮᠡᠭᠳᠡᠢ ᠮᠦᠨ ᠃ ᠲᠡᠷᠡ ᠪᠠᠷ ᠤᠢᠢᠷᠡᠳᠴᠤᠳ ᠤᠨ ᠤᠮᠤᠨᠨᠰᠢᠯ ᠪᠠᠭ᠋ᠠᠷᠬᠠᠯ ᠢ ᠲᠠᠳ᠋ᠬᠠᠰᠠᠨ ︽ᠲᠠᠪᠤᠨ ᠪᠠᠷᠰ︾ ᠬᠡᠮᠡᠭᠳᠡᠭᠰᠡᠨ ᠲᠠᠪᠤᠨ ᠬᠡᠤᠭᠡᠳ ᠢᠶᠠᠨ ᠲᠦᠷᠤᠭᠦᠯᠤᠨ ᠦᠰᠭᠡᠭᠰᠡᠨ ᠮᠦᠷᠳᠡᠭᠡᠨ ᠤᠢᠢᠷᠡᠳ ᠡᠷᠡᠴᠤᠳ ᠤᠨ ᠬᠠᠳᠠᠭᠤ ᠰᠢᠨᠳᠠᠰᠤ᠂ ᠠᠷᠭ᠎ᠠ ᠪᠤᠳᠤᠯᠭ᠎ᠠ᠂ ᠭᠠᠷᠮᠠᠭᠠᠢ ᠵᠤᠷᠢᠭ ᠰᠦᠯᠳᠡ ᠪᠠᠷ ᠬᠡᠤᠭᠡᠳ ᠢᠶᠠᠨ ᠭᠦᠮᠤᠵᠢᠭᠦᠯᠦᠭᠰᠡᠨ ᠪᠠᠭᠠᠳᠤᠷ ᠡᠬᠡ ᠪᠤᠯᠤᠨ᠎ᠠ᠃ ᠠᠪᠡᠢ ᠬᠠᠳᠤᠨ ᠬᠡᠤᠭᠡᠳ ᠢᠶᠠᠨ ᠦᠭᠡᠯᠡᠢ ᠶᠡᠭᠡ ᠪᠤᠯᠳᠠᠯ᠎ᠠ ᠬᠤᠱᠤᠳ ᠠᠶᠢᠮᠠᠭ ᠢ ᠵᠠᠰᠬᠠᠯᠠᠨ ᠶᠠᠪᠤᠵᠤ᠂ ᠬᠤᠱᠤᠳ ᠠᠶᠢᠮᠠᠭ ᠤᠨ ᠭᠦᠴᠤᠷᠬᠡᠭᠵᠢᠨ ᠮᠠᠨᠳᠤᠬᠤ ᠳᠤ ᠰᠠᠭᠤᠷᠢ ᠲᠠᠯᠪᠢᠵᠤ ᠦᠭᠭᠦᠭᠰᠡᠨ ᠮᠦᠷᠳᠡᠭᠡᠨ ᠬᠤᠱᠤᠳᠴᠤᠳ ᠤᠨ ᠲᠥᠷᠪᠡᠨ ᠤᠢᠢᠷᠡᠳ ᠤᠨ ᠴᠢᠭᠤᠯᠭᠠᠨ ᠳᠤ ᠲᠡᠷᠢᠭᠦᠯᠵᠤ ᠶᠠᠪᠤᠬᠤ ᠪᠠᠶᠢᠷᠢ ᠰᠠᠭᠤᠷᠢ ᠶᠢ ᠪᠠᠳᠤᠯᠬᠠᠰᠠᠨ ᠶᠤᠮ᠃ ᠠᠪᠡᠢ ᠬᠠᠳᠤᠨ ᠪᠤᠯ ᠴᠤᠷᠤᠰ ᠠᠶᠢᠮᠠᠭ ᠤᠨ ᠰᠤᠷᠪᠤᠯᠵᠢᠳᠤ ᠭᠡᠷ ᠤᠨ ᠦᠬᠢᠨ ᠶᠤᠮ᠃ ᠮᠦᠨ ᠴᠤ ᠬᠠᠨᠢ ᠨᠤᠶᠠᠨ ᠤ ᠭᠤᠤᠯ ᠬᠠᠳᠤᠨ ᠨᠢ ᠪᠠᠶᠢᠪᠡ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号