ᠭᠠᠯᠳᠠᠨ ᠪᠣᠱᠣᠭᠲᠦ ᠬᠠᠭᠠᠨ
ᠨᠡᠶᠢᠲᠡᠯᠡᠭᠰᠡᠨ ᠴᠠᠭ᠄
2018/3/30
     ᠭᠠᠯᠳᠡᠨ ᠪᠤᠱᠤᠭᠲᠦ ᠬᠠᠭᠠᠨ᠂ 1644 ᠤᠨ ᠳᠤ ᠬᠦᠬᠡᠨᠠᠭᠤᠷ ᠲᠦᠪᠡᠳ ᠤᠷᠤᠨ ᠳᠤ ᠪᠠᠶᠢᠭ᠎ᠠ ᠤᠶᠢᠷᠡᠳ ᠎ ᠤᠨ ᠪᠠᠭᠠᠲᠦᠷ ᠬᠤᠩ ᠲᠠᠶᠢᠵᠢ ᠶᠢᠨ ᠵᠢᠷᠭᠤᠳᠤᠭᠠᠷ ᠬᠦᠪᠡᠭᠦᠨ ᠪᠤᠯᠤᠨ ᠵᠢᠶᠠᠭᠠᠵᠡᠢ᠃ ᠭᠠᠯᠳᠡᠨ ᠪᠤᠱᠤᠭᠲᠦ ᠬᠠᠭᠠᠨ ᠬᠠᠷᠬᠠᠨ ᠪᠠᠭ᠎ᠠ ᠠᠴᠠ ᠪᠠᠨ ᠪᠤᠰᠤᠳ ᠠᠴᠠ ᠢᠯᠡᠭᠦᠦ ᠰᠡᠴᠡᠨ ᠰᠡᠷᠭᠦᠯᠡᠩ ᠪᠠᠶᠢᠵᠦ᠂ ᠲᠦᠪᠡᠳ ᠤᠨ ᠭᠡᠭᠡᠨ ᠢᠨᠽᠠᠩ ᠬᠤᠳᠤᠭᠲᠦ ᠶᠢᠨ ᠬᠤᠪᠢᠯᠭᠠᠨ ᠬᠡᠮᠡᠨ ᠳᠤᠳᠤᠯᠠᠭᠳᠠᠨ ᠠᠷᠪᠡᠨ ᠨᠠᠰᠤᠲᠡᠢ ᠳᠠᠭᠠᠨ ᠲᠦᠪᠡᠳ ᠤᠨ ᠯᠾ‌‍ᠦ᠋ᠩᠪᠤᠤ ᠰᠦᠮ᠎ᠡ ᠳᠤ ᠵᠠᠯᠠᠭᠳᠠᠨ ᠯᠠᠮ᠎ᠠ ᠪᠤᠯᠪᠡ᠃ ᠳᠦᠷᠪᠡᠳᠦᠭᠡᠷ ᠳᠦᠷᠢ ᠶᠢᠨ ᠪᠠᠨᠴᠡᠨ ᠯᠤᠪᠰᠠᠩᠴᠤᠶᠢᠵᠢ ᠬᠢᠭᠡᠳ ᠲᠠᠪᠤᠳᠤᠭᠠᠷ ᠳᠦᠷᠢ ᠶᠢᠨ ᠳᠠᠯᠠᠢ ᠯᠠᠮ᠎ᠠ ᠯᠤᠪᠰᠠᠩᠵᠠᠯᠰᠠᠨ ᠲᠡᠭᠦᠨ ᠤ ᠨᠤᠮ ᠤᠨ ᠪᠠᠭᠰᠢ ᠪᠠᠶᠢᠵᠦ᠂ ᠬᠤᠵᠢᠮ ᠨᠢ ᠲᠡᠷᠡ ᠳᠠᠪᠤᠳᠤᠭᠠᠷ ᠳᠦᠷᠢ ᠶᠢᠨ ᠳᠠᠯᠠᠢ ᠯᠠᠮ᠎ᠠ ᠯᠤᠪᠰᠠᠩᠵᠠᠯᠰᠠᠨ ᠲᠠᠢ ᠬᠠᠷᠢᠴᠠᠭ᠎ᠠ ᠰᠠᠶᠢᠲᠡᠢ ᠪᠠᠶᠢᠵᠡᠢ᠃ ᠪᠤᠱᠤᠭᠲᠦ ᠬᠠᠭᠠᠨ ᠶᠢᠰᠦᠨ ᠨᠠᠰᠤᠲᠡᠢ ᠪᠠᠶᠢᠬᠤ ᠳᠤ ︵1653 ᠤᠨ ᠳᠤ︶ ᠪᠠᠭᠠᠲᠦᠷ ᠬᠤᠩ ᠲᠠᠶᠢᠵᠢ ᠨᠠᠰᠦ ᠪᠠᠷᠡᠵᠦ᠂ ᠲᠡᠭᠦᠨ ᠎ ᠤ ᠲᠠᠪᠤᠳᠤᠭᠠᠷ ᠬᠦᠪᠡᠭᠦᠨ ᠰᠡᠩᠬᠡ ᠰᠠᠭᠤᠷᠢᠨ ᠢ ᠵᠠᠯᠭᠠᠨᠵᠢᠯᠡᠵᠦ᠂ ᠲᠡᠤᠬᠡᠨ ᠳᠤ ᠰᠡᠩᠬᠡ ᠬᠤᠩ ᠲᠠᠶᠢᠵᠢ ᠭᠡᠳᠡᠭ᠃      1670 ᠤᠨ ᠳᠤ ᠰᠡᠩᠬᠡ ᠬᠤᠩ ᠲᠠᠶᠢᠵᠢ᠂ ᠴᠡᠴᠡᠨ ᠲᠠᠶᠢᠵᠢ ᠳᠤ ᠨᠢᠭᠤᠴᠡ ᠢᠶᠠᠷ ᠬᠤᠤᠷᠡᠯᠠᠭᠳᠠᠨ᠂ ᠴᠡᠴᠡᠨ ᠲᠠᠶᠢᠵᠢ ᠦᠪᠡᠷ ᠢ ᠪᠠᠨ ᠬᠠᠨ ᠬᠡᠮᠡᠨ ᠡᠷᠭᠦᠮᠡᠵᠢᠯᠡᠭᠰᠡᠨ ᠪᠠᠶᠢᠨ᠎ᠠ᠃ ᠲᠡᠨᠳᠡᠴᠡ᠂ ᠭᠠᠯᠳᠠᠨ ᠪᠤᠱᠤᠭᠲᠦ ᠬᠠᠭᠠᠨ ᠎ ᠤ ᠡᠬᠡ ᠬᠠᠳᠦᠨ ᠲᠦᠪᠡᠳ ᠳᠤ ᠬᠦᠷᠴᠤ᠂ ᠲᠠᠪᠤᠳᠤᠭᠠᠷ ᠳᠦᠷᠢ ᠶᠢᠨ ᠳᠠᠯᠠᠢ ᠯᠠᠮ᠎ᠠ ᠳᠤ ᠭᠠᠯᠳᠠᠨ ᠢ ᠤᠶᠢᠷᠡᠳ ᠎ ᠲᠠᠭᠠᠨ ᠪᠤᠴᠡᠵᠦ ᠰᠠᠭᠤᠷᠢᠨ ᠢ ᠵᠠᠯᠭᠠᠮᠵᠢᠯᠠᠭᠤᠯᠠᠬᠤ ᠭᠡᠰᠡᠨ ᠢᠶᠠᠨ ᠢᠯᠡᠳᠬᠡᠭᠰᠡᠨ ᠪᠠᠶᠢᠨ᠎ᠠ᠃ ᠡᠭᠦᠨ ᠢ ᠲᠠᠪᠤᠳᠤᠭᠠᠷ ᠳᠦᠷᠢ ᠶᠢᠨ ᠳᠠᠯᠠᠢ ᠯᠠᠮ᠎ᠠ ᠯᠤᠪᠰᠠᠩᠵᠠᠯᠰᠠᠨ ᠵᠦᠪᠰᠢᠶᠡᠷᠡᠬᠤ ᠶᠢᠨ ᠬᠠᠮᠲᠦ᠂ ︿︿ᠪᠤᠱᠤᠭᠲᠦ﹀﹀ ᠬᠡᠮᠡᠨ ᠡᠷᠭᠦᠮᠵᠢᠯᠡᠭᠰᠡᠨ ᠪᠠᠶᠢᠨ᠎ᠠ᠃ ᠳᠠᠷᠠᠭ᠎ᠠ ᠵᠢᠯ ᠲᠤᠨᠢ ᠪᠤᠱᠤᠭᠲᠦ ᠬᠠᠭᠠᠨ ᠵᠡᠭᠦᠨᠭᠠᠷ ᠲᠠᠭᠠᠨ ᠪᠤᠴᠡᠵᠦ᠂ ᠴᠡᠴᠡᠨ ᠢ ᠠᠯᠠᠵᠦ᠂ ᠵᠡᠭᠦᠨᠭᠠᠷ ᠤᠨ ᠬᠤᠩ ᠲᠠᠶᠢᠵᠢ ᠶᠢᠨ ᠰᠠᠭᠤᠷᠢᠨ ᠢ ᠵᠠᠯᠭᠠᠮᠵᠢᠯᠡᠨ᠂ ᠠᠨᠤᠤ ᠶᠢ ᠬᠠᠳᠦᠨ ᠪᠤᠯᠭᠠᠨ ᠠᠪᠵᠡᠢ ︵ᠡᠨᠡ ᠵᠢᠯ ᠪᠤᠱᠤᠭᠲᠦ ᠬᠠᠭᠠᠨ27 ᠨᠠᠰᠦᠲᠡᠢ︶᠃       1678 ᠤᠨ ᠳᠤ ᠭᠠᠯᠳᠡᠨ ᠪᠤᠱᠤᠭᠲᠦ ᠬᠠᠭᠠᠨ ︵34 ᠨᠠᠰᠦᠲᠡᠢ ᠳᠠᠭᠠᠨ︶ ᠳᠦᠷᠪᠡᠨ ᠦᠢᠷᠡᠳ ᠢ ᠨᠢᠭᠡᠳᠭᠡᠵᠦ᠂ ᠲᠠᠪᠤᠳᠤᠭᠠᠷ ᠳᠦᠷᠢ ᠶᠢᠨ ᠳᠠᠯᠠᠢ ᠯᠠᠮ᠎ᠠ ᠠᠴᠠ ᠵᠢᠩᠭᠢᠨᠢ ᠪᠠᠷ ︿︿ᠭᠠᠯᠳᠡᠨ ᠳᠠᠨᠵᠢᠨ ᠪᠤᠱᠤᠭᠲᠦ﹀﹀ ᠴᠤᠯᠡ ᠶᠢ ᠬᠦᠷᠳᠡᠭᠡᠵᠦ᠂ ᠲᠠᠮᠠᠭ᠎ᠠ ᠱᠤᠰᠠᠭ ᠤᠯᠭᠤᠪᠡ᠃ ᠲᠡᠭᠦᠨᠴᠡ ᠪᠤᠱᠤᠭᠲᠦ ᠬᠠᠭᠠᠨ ᠪᠦᠷᠢᠨ ᠪᠦᠲᠦᠨ ᠲᠦᠷᠦ ᠎ ᠶᠢᠨ ᠪᠠᠶᠢᠭᠤᠯᠤᠮᠵᠢ ᠪᠠᠨ ᠪᠤᠢ ᠪᠤᠯᠭᠠᠵᠦ᠂ ᠵᠠᠶᠢᠰᠠᠩ ᠨᠠᠷ ᠢᠶᠠᠷ ᠤᠯᠤᠰ ᠤᠨ ᠳᠤᠳᠤᠭᠤᠳᠦ ᠶᠢᠨ ᠡᠳᠦᠷ ᠲᠤᠳᠤᠮ ᠤᠨ ᠬᠡᠷᠡᠭ ᠢ ᠰᠢᠢᠳᠭᠡᠭᠦᠯᠡᠨ᠂ ᠲᠦᠷᠦ ᠭᠦᠷᠦᠨ ᠤ ᠴᠢᠬᠤᠯᠡ ᠤᠴᠢᠷ ᠶᠢ ᠬᠠᠭᠠᠨ ᠦᠪᠡᠷᠲᠡᠭᠡᠨ ᠰᠢᠢᠳᠭᠡᠵᠦ᠂ ᠤᠯᠤᠰ — ᠤᠳᠤᠭ — ᠠᠶᠢᠮᠠᠭ — ᠲᠦᠴᠢᠨ ᠡᠷᠦᠭᠡ — ᠬᠤᠷᠢᠨ ᠡᠷᠦᠬᠡ ᠵᠡᠷᠭᠡ ᠪᠠᠶᠢᠭᠤᠯᠤᠮᠵᠢ ᠢ ᠪᠤᠢ ᠪᠤᠯᠭᠠᠵᠡᠢ᠃ ᠡᠳᠡᠭᠡᠷ ᠪᠠᠶᠢᠭᠤᠯᠤᠮᠵᠢ ᠢᠶᠠᠨ ᠨᠤᠶᠡᠨ᠂ ᠬᠤᠩ ᠲᠡᠶᠢᠵᠢ᠂ ᠵᠠᠶᠢᠰᠠᠩ᠂ ᠠᠶᠢᠮᠠᠭ ᠤᠨ ᠳᠠᠷᠤᠭ᠎ᠠ᠂ ᠳᠠᠮᠴᠢ ᠨᠠᠷ ᠲᠤᠰ ᠪᠦᠷᠢ ᠬᠠᠮᠢᠶᠡᠷᠦᠨ᠂ ᠲᠤᠰᠬᠠᠢ ᠵᠠᠷᠭᠤᠴᠢ ᠭᠠᠷᠭᠠᠨ ᠠᠷᠡᠳ ᠤᠨ ᠵᠠᠷᠭᠤ ᠵᠠᠭᠠᠯᠳᠤᠭᠠᠨ ᠢ ᠲᠠᠰᠦᠯᠡᠨ ᠰᠢᠢᠳᠭᠡᠵᠦ ᠪᠠᠶᠢᠭᠰᠡᠨ ᠶᠤᠮ᠃ ᠠᠵᠦ ᠠᠬᠤᠶᠢᠯᠡᠯ ᠤᠨ ᠲᠠᠯ᠎ᠠ ᠪᠠᠷ ᠮᠠᠯᠵᠢᠯ ᠤᠨ ᠬᠠᠮᠲᠦ᠂ ᠲᠠᠷᠢᠶᠡᠯᠡᠩ ᠢ ᠡᠷᠬᠢᠯᠡᠵᠦ᠂ ᠵᠤᠭᠤᠰ ᠴᠢᠳᠬᠤᠨ᠂ ᠭᠠᠷ ᠠᠵᠦ ᠦᠢᠯᠡᠳᠪᠦᠷᠢ ᠢ ᠬᠦᠭᠵᠢᠭᠦᠯᠡᠵᠦ ᠪᠠᠶᠢᠭᠰᠡᠨ ᠶᠤᠮ᠃ ᠡᠭᠦᠨ ᠤ ᠵᠡᠷᠭᠡᠴᠡᠭᠡ ᠪᠠᠷ ᠤᠷᠤᠰ ᠤᠯᠤᠰ ᠲᠠᠢ ᠨᠦᠬᠦᠷᠰᠡᠩ ᠬᠤᠯᠪᠤᠭ᠎ᠠ ᠪᠠᠶᠢᠭᠤᠯᠡᠵᠦ᠂ ᠬᠢᠯᠢ ᠬᠢᠵᠡᠭᠠᠷ ᠤᠨ ᠵᠠᠭᠤᠷᠡᠯᠳᠤᠭᠠᠨ ᠢ ᠪᠠᠭᠠᠰᠬᠠᠪᠡ᠃      1683 —1685 ᠤᠨ ᠪᠤᠯᠳᠡᠯ᠎ᠡ ᠬᠠᠰᠠᠺᠴᠤᠳ ᠬᠢᠭᠡᠳ ᠭᠢᠷᠭᠢᠰᠴᠤᠳ ᠢ ᠡᠷᠭᠡᠰᠢᠶᠡᠯ ᠳᠡᠭᠡᠨ ᠤᠷᠤᠭᠤᠯᠡᠨ᠂ ᠪᠠᠷᠠᠭᠤᠨ ᠬᠢᠵᠡᠭᠠᠷ ᠢ ᠦᠨᠳᠦᠰᠦᠨ ᠳᠡᠭᠡᠨ ᠨᠢᠭᠡᠳᠬᠡᠭᠰᠡᠨ ᠶᠤᠮ᠃ ᠡᠨᠡ ᠦᠶ᠎ᠡ ᠳᠤ᠂ ᠬᠠᠯᠬ᠎ᠠ ᠶᠢᠨ ᠲᠦᠰᠢᠶᠡᠲᠦ ᠬᠠᠨ ᠴᠢᠬᠤᠨᠳᠤᠷᠵᠢ ᠪᠤᠯᠤᠨ ᠵᠠᠰᠠᠭᠲᠦ ᠬᠠᠭᠠᠨ ᠡᠪᠳᠡᠷᠡᠯᠴᠡᠵᠦ᠂ ︵ᠤᠴᠡᠷ ᠨᠢ ᠲᠦᠰᠢᠶᠡᠲᠦ ᠬᠠᠨ ᠴᠢᠬᠤᠨᠳᠤᠷᠵᠢ ᠪᠤᠯᠤᠨ ᠵᠡᠪᠽᠤᠨᠳᠠᠮᠪᠡ ᠬᠤᠳᠤᠭᠲᠦ ᠮᠠᠨᠵᠦ ᠳᠤ ᠤᠷᠤᠵᠦ ᠦᠭᠬᠦ ᠬᠡᠮᠡᠨ᠂ ᠵᠠᠰᠠᠭᠳᠦ ᠬᠠᠨ ᠰᠢᠷᠡ ᠪᠤᠱᠤᠭᠲᠦ ᠬᠠᠭᠠᠨ ᠢ ᠳᠡᠮᠵᠢᠵᠦ ᠪᠠᠶᠢᠭᠰᠠᠨ ᠶᠤᠮ︶ ᠡᠴᠦᠰ ᠳᠡᠭᠡᠨ1688 ᠤᠨ ᠳᠤ ᠵᠠᠰᠠᠭᠲᠦ ᠬᠠᠭᠠᠨ ᠰᠢᠷᠡ ᠲᠦᠰᠢᠶᠡᠲᠦ ᠬᠠᠭᠠᠨ ᠳᠤ ᠠᠯᠠᠭᠳᠡᠪᠡ᠃ ᠡᠭᠦᠨ ᠤ ᠬᠠᠮᠲᠦ᠂ ᠬᠠᠯᠬ᠎ᠠ ᠶᠢᠨ ᠬᠢᠯᠢ ᠪᠠᠷ ᠨᠠᠢᠮᠠᠨ ᠵᠠᠭᠤᠨ ᠴᠡᠷᠢᠭ ᠳᠠᠭᠠᠭᠤᠯᠠᠨ ᠴᠠᠭᠳᠠᠭᠤᠯ ᠭᠢᠵᠦ ᠪᠠᠶᠢᠭᠰᠡᠨ ᠪᠤᠱᠤᠭᠲᠦ ᠬᠠᠭᠠᠨ ᠤ ᠳᠠᠭᠦᠦ ᠳᠤᠷᠵᠢᠵᠡᠪ᠂ ᠴᠢᠬᠤᠨᠳᠤᠷᠵᠢ ᠶᠢᠨ ᠬᠦᠪᠡᠭᠦᠨ ᠭᠠᠯᠳᠠᠨᠳᠤᠷᠵᠢ ᠳᠤ ᠠᠯᠠᠭᠳᠡᠪᠡ᠃ ᠲᠡᠭᠦᠨᠴᠡ ᠪᠤᠱᠤᠭᠲᠦ ᠬᠠᠭᠠᠨ ᠬᠢᠯᠢᠩᠯᠡᠨ᠂ ᠭᠤᠷᠪᠡᠨ ᠲᠦᠮᠡᠨ ᠴᠡᠷᠢᠭ ᠠᠪᠴᠤ ᠬᠠᠯᠬ᠎ᠠ ᠳᠤ ᠤᠷᠤᠪᠡ᠂ ᠴᠢᠬᠤᠨᠳᠤᠷᠵᠢ᠂ ᠬᠦᠪᠡᠭᠦᠨ ᠭᠠᠯᠳᠡᠨᠳᠤᠷᠵᠢ ᠲᠠᠢ ᠪᠠᠨ ᠲᠡᠮᠦᠷ ᠭᠡᠳᠡᠭ ᠭᠠᠵᠡᠷ ᠲᠤ ᠭᠠᠯᠳᠡᠨ ᠪᠤᠱᠤᠭᠲᠦ ᠢ ᠤᠭᠲᠦᠨ ᠪᠠᠶᠢᠯᠳᠤᠭᠰᠡᠨ ᠪᠤᠯᠪᠡᠴᠤ ᠢᠯᠠᠭᠳᠡᠨ ᠵᠢᠭᠤᠳᠠᠭᠰᠠᠨ ᠪᠠᠶᠢᠨ᠎ᠠ᠃ ᠭᠠᠯᠳᠡᠨ ᠪᠤᠱᠤᠭᠲᠦ ᠬᠠᠭᠠᠨ᠂ ᠴᠢᠬᠤᠨᠳᠤᠷᠵᠢ ᠶᠢᠨ ᠠᠬ᠎ᠠ ᠵᠡᠪᠽᠤᠨᠳᠠᠮᠪᠡ ᠬᠤᠳᠤᠭᠲᠦ ᠡᠷᠳᠡᠨᠢ ᠵᠤᠤ ᠳᠤ ᠪᠠᠶᠢᠬᠤ ᠶᠢ ᠮᠡᠳᠡᠵᠦ ᠂ ᠬᠤᠱᠤᠳ ᠤᠨ ᠳᠠᠨᠵᠢᠨ ᠤᠮᠪᠤ ᠶᠢ ᠢᠯᠡᠭᠡᠨ ᠡᠷᠳᠡᠨᠢ ᠵᠤᠤ ᠶᠢ ᠪᠠᠶᠢᠯᠳᠤᠭᠤᠯᠡᠪᠡ᠃ ᠦᠪᠡᠰᠦᠪᠡᠨ ᠲᠤᠤᠯᠡ ᠭᠤᠤᠯ ᠎ ᠢ ᠭᠠᠳᠤᠯᠡᠵᠦ᠂ ᠬᠡᠷᠡᠯᠦᠨ ᠭᠤᠤᠯ ᠳᠤ ᠬᠦᠷᠴᠤ᠂ ᠬᠡᠨᠲᠡᠢ ᠠᠭᠤᠯᠡᠨ ᠳᠤ ᠪᠠᠶᠢᠭᠰᠡᠨ ᠵᠡᠪᠽᠡᠳᠳᠠᠮᠪᠡ ᠶᠢᠨ ᠰᠦᠮ᠎ᠡ ᠬᠡᠶᠢᠳ ᠢ ᠰᠢᠳᠠᠭᠠᠪᠡ᠃ ᠵᠨᠪᠽᠡᠳᠳᠠᠮᠪᠡ ᠬᠤᠳᠤᠭᠲᠦ ᠳᠠᠨᠵᠢᠨ ᠤᠮᠪᠤ ᠶᠢᠨ ᠴᠡᠷᠢᠭ ᠠᠴᠠ ᠡᠮᠢᠶᠡᠨ ᠡᠷᠳᠡᠨᠢ ᠵᠤᠤ ᠎ ᠠᠴᠠ ᠵᠠᠶᠢᠯᠠᠨ᠂ ᠡᠭᠦᠮᠦᠷ ᠲᠤ ᠤᠳᠪᠡ᠃ ᠬᠤᠯᠵᠢᠨ ᠵᠢᠰᠦᠷ ᠡᠩᠬᠡ ᠠᠮᠤᠭᠤᠯᠠᠩ ᠮᠤᠩᠭᠤᠯᠴᠤᠳ ᠨᠢᠭᠡᠳᠬᠦ ᠠᠴᠠ ᠮᠠᠰᠢ ᠠᠶᠤᠵᠦ᠂ ᠦᠢᠷᠡᠳ ᠪᠤᠯᠤᠨ ᠬᠠᠯᠬ᠎ᠠ ᠶᠢ ᠵᠠᠪᠰᠠᠷᠳᠠᠭᠤᠯᠠᠨ᠂ ᠮᠤᠩᠭᠤᠯᠴᠤᠳ ᠤᠨ ᠬᠤᠭᠤᠷᠤᠨᠳᠡᠬᠢ ᠲᠠᠶᠢᠨ ᠢ ᠡᠭᠦᠰᠭᠡᠵᠡᠢ᠃ ᠲᠡᠷᠡ ᠲᠦᠰᠢᠶᠡᠲᠦ ᠬᠠᠨ ᠴᠢᠬᠤᠨᠳᠤᠷᠵᠢ ᠶᠢ ᠦᠮᠦᠭᠡᠷᠴᠤ ᠪᠠᠶᠢᠭᠰᠡᠨ ᠪᠠᠶᠢᠨ᠎ᠠ᠃ ᠭᠠᠯᠳᠡᠨ ᠪᠤᠱᠤᠭᠲᠦ ᠶᠢ ᠬᠠᠯᠠᠬ᠎ᠠ ᠶᠢᠨ ᠨᠤᠳᠤᠭ ᠲᠤ ᠬᠦᠮᠦᠨ ᠦᠭᠡᠢ ᠭᠠᠵᠡᠷ ᠲᠤ ᠤᠷᠤᠭᠰᠡᠨ ᠮᠡᠲᠦ ᠬᠦᠨᠳᠡᠯᠡᠨ ᠭᠤᠯᠳᠦ ᠪᠠᠷ ᠶᠡᠪᠤᠬᠤ ᠳᠤ᠂ ᠬᠠᠯᠬ᠎ᠠ ᠶᠢᠨ ᠭᠤᠷᠪᠡᠨ ᠬᠠᠨ ᠮᠠᠰᠢ ᠡᠮᠢᠶᠡᠵᠦ᠂ ᠬᠠᠷᠢᠯᠴᠡᠨ ᠡᠶᠡᠰᠡᠨ᠂ ᠬᠠᠮᠲᠦ ᠪᠠᠷ ᠤᠷᠤᠰ ᠳᠤ ᠤᠷᠤᠵᠦ ᠦᠭᠬᠦ ᠪᠠᠷ ᠵᠡᠪᠽᠤᠨᠳᠠᠮᠪᠡ ᠬᠤᠳᠤᠭᠲᠦ ᠠᠴᠠ ᠭᠤᠶᠤᠴᠢᠯᠡᠪᠡ᠃ ᠡᠭᠦᠨ ᠳᠤ ᠵᠡᠪᠽᠤᠳᠳᠠᠮᠪᠡ ᠬᠤᠳᠤᠭᠲᠦ᠂ ᠱᠠᠰᠢᠨ ᠰᠢᠳᠦᠯᠡᠭᠡ᠂ ᠦᠭᠡ ᠬᠡᠯᠡ᠂ ᠵᠠᠩ ᠰᠤᠷᠳᠠᠬᠤᠨ ᠠᠳᠠᠯᠢ ᠪᠤᠰᠦ ᠬᠡᠮᠡᠨ ᠡᠰᠡ ᠵᠦᠪᠰᠢᠶᠡᠷᠡᠪᠡ᠃ ᠲᠡᠭᠦᠨᠴᠡ᠂ ᠰᠡᠴᠡᠨ ᠬᠠᠨ ᠬᠠᠷᠢᠶᠡᠲᠦ ᠪᠠᠨ ᠠᠪᠴᠤ ᠦᠵᠦᠮᠦᠴᠢᠨ ᠤ ᠵᠠᠬ᠎ᠠ ᠳᠤ ᠨᠤᠳᠤᠭᠯᠡᠨ᠂ ᠲᠦᠰᠢᠶᠡᠲᠦ ᠬᠠᠨ ᠴᠢᠬᠤᠨᠳᠤᠷᠵᠢ ᠬᠠᠷᠢᠶᠡᠲᠦ ᠪᠠᠨ ᠳᠠᠭᠠᠭᠤᠯᠤᠨ ᠠᠪᠠᠭ᠎ᠠ ᠶᠢᠨ ᠬᠢᠵᠠᠭᠠᠷ ᠲᠤ ᠤᠷᠤᠵᠦ ᠨᠤᠳᠤᠭᠯᠠᠭᠰᠡᠨ ᠪᠠᠶᠢᠨ᠎ᠠ᠃       ᠭᠠᠯᠳᠡᠨ ᠪᠤᠱᠤᠭᠲᠦ ᠤᠯᠠᠬᠤᠢ ᠶᠢᠨ ᠪᠠᠶᠢᠯᠳᠤᠭᠠᠨ ᠳᠤ ᠮᠠᠨᠵᠦ ᠶᠢᠨ ᠴᠡᠷᠢᠭ ᠢ ᠶᠡᠭᠡ ᠪᠠᠷ ᠳᠡᠶᠢᠯᠠᠭᠰᠡᠨ       ᠡᠩᠬᠡ ᠠᠮᠤᠭᠤᠯᠠᠩ ᠤᠨ ᠬᠤᠷᠢ ᠶᠢᠰᠦᠳᠦᠭᠡᠷ ᠤᠨ ︵ᠨᠡᠶᠢᠳᠡ ᠶᠢᠨ ᠤᠨ ᠲᠤᠭᠠᠯᠠᠯ ᠤᠨ1690 ᠤᠨ︶ ᠎ ᠳᠤ ᠭᠠᠯᠳᠠᠨ ᠪᠤᠱᠤᠭᠲᠦ ᠬᠠᠭᠠᠨ ᠡᠮᠤᠨᠡᠰᠢ ᠴᠡᠷᠢᠭᠯᠡᠵᠦ᠂ ᠴᠦᠯ ᠤᠨ ᠡᠮᠦᠨᠡᠬᠢ ᠦᠵᠦᠮᠦᠴᠢᠨ ᠵᠡᠭᠦᠨ ᠭᠠᠷᠤᠨ ᠬᠤᠰᠢᠭᠤᠨ ᠤ ᠵᠡᠭᠦᠨ ᠬᠤᠶᠢᠳᠤᠬᠢ ᠰᠤᠶᠤᠯᠵᠢ ︵ᠤᠳᠤ ᠶᠢᠨ ᠰᠡᠶ᠋ᠢᠯᠵᠢ ᠠᠭᠤᠯᠡ︶᠎ ᠶᠢᠨ ᠠᠭᠤᠯᠠᠨ᠎ᠠ ᠬᠦᠷᠴᠤ ᠵᠢᠳᠡᠨ ᠦᠵᠦᠭᠦᠷ ᠢᠶᠠᠨ ᠰᠢᠭᠤᠳ ᠮᠠᠨᠵᠦ ᠶᠢᠨ ᠨᠡᠶᠢᠰᠯᠡᠯ ᠪᠡᠭᠡᠵᠢᠩ ᠳᠤ ᠴᠢᠭᠯᠡᠭᠦᠯᠡᠵᠦ᠂ ᠮᠠᠨᠵᠦ ᠲᠦᠷᠦ ᠤᠨ ᠦᠪᠦᠷ ᠮᠤᠩᠭᠤᠯ ᠳᠠᠬᠢ ᠨᠤᠶᠡᠷᠬᠠᠯ ᠳᠤ ᠶᠡᠬᠡᠳᠡ ᠰᠦᠷᠳᠡᠭᠦᠯᠦᠭᠰᠡᠨ ᠪᠠᠶᠢᠨ᠎ᠠ᠃ ᠮᠠᠨᠵᠦ ᠶᠢᠨ ᠡᠵᠡᠨ ᠡᠩᠬᠡ ᠠᠮᠤᠭᠤᠯᠠᠩ ᠬᠠᠭᠠᠨ ᠭᠠᠯᠳᠡᠨ ᠤ ᠳᠤᠪᠳᠤᠯᠠᠯᠳᠡ ᠳᠤ ᠴᠤᠬᠢᠯᠳᠡ ᠦᠭᠬᠦ ᠪᠠᠷ ᠦᠪᠡᠷ ᠢᠶᠠᠨ ᠴᠡᠷᠢᠭ ᠠᠪᠴᠤ ᠳᠠᠶᠢᠳᠬᠤ ᠪᠠᠷ ᠰᠢᠢᠳᠪᠡ᠃     ᠡᠨᠡ ᠦᠶᠡᠰ ᠲᠤ ᠭᠠᠯᠳᠡᠨ ᠪᠤᠱᠤᠭᠲᠦ ᠬᠠᠭᠠᠨ ᠰᠤᠶᠤᠯᠵᠢ ᠠᠭᠤᠯᠡ ᠶᠢᠨ ᠪᠠᠷᠠᠭᠤᠨ ᠬᠠᠪᠢ ᠪᠠᠷ ᠤᠷᠤᠰᠬᠤ ᠤᠯᠬᠤᠢ ᠭᠤᠤᠯ ︵ᠤᠳᠤ ᠶᠢᠨ ᠤᠯᠠᠭᠠᠢ ᠶᠢᠨ ᠭᠤᠤᠯ︶᠎ ᠤᠨ ᠵᠡᠭᠦᠨ ᠬᠦᠪᠡᠭᠡ ᠳᠤ ᠪᠠᠶᠢᠭ᠎ᠠ ᠤᠯᠠᠭᠠᠨ ᠭᠡᠳᠡᠭ ᠭᠠᠵᠡᠷ ᠬᠦᠷᠢᠶ᠎ᠡ ᠪᠠᠭᠤᠪᠡ᠃ ᠭᠠᠯᠳᠡᠨ ᠬᠠᠭᠠᠨ᠂ ᠦᠵᠦᠮᠦᠴᠢᠨ ᠤ ᠬᠢᠵᠡᠭᠠᠷ ᠲᠤ ᠬᠤᠶᠡᠷ ᠮᠢᠩᠭᠠᠨ ᠬᠦᠮᠦᠨ ᠲᠤᠮᠢᠯᠡᠨ ᠮᠤᠩᠭᠤᠯᠴᠤᠳ ᠨᠢᠭᠡᠲᠦᠵᠦ ᠨᠢᠭᠡ ᠰᠡᠳᠭᠡᠯ ᠢᠶᠠᠷ ᠮᠠᠨᠵᠦ ᠶᠢ ᠡᠰᠡᠷᠭᠦᠴᠡᠬᠦ ᠤᠬᠠᠭᠤᠯᠭ᠎ᠠ ᠶᠢᠨ ᠠᠵᠢᠯ ᠬᠢᠭᠰᠡᠨ ᠪᠠᠶᠢᠨ᠎ᠠ᠃ ᠡᠨᠡᠬᠦ ᠠᠵᠢᠯᠯᠠᠭ᠎ᠠ ᠨᠢ ᠲᠡᠷᠡ ᠳᠤᠤᠷ᠎ᠡ ᠪᠠᠨ ᠦᠵᠦᠮᠦᠴᠢᠨ᠂ ᠠᠪᠠᠭ᠎ᠠ ᠵᠡᠷᠭᠡ ᠬᠤᠰᠢᠭᠤᠨ ᠤ ᠲᠠᠶᠢᠵᠢ ᠨᠠᠷ ᠤᠨ ᠳᠡᠮᠵᠢᠯᠡᠭᠡ ᠶᠢ ᠤᠯᠤᠭᠰᠡᠨ ᠪᠠᠶᠢᠨ᠎ᠠ᠃ ᠳᠡᠳᠡᠨᠡᠷ ᠭᠠᠯᠳᠡᠨ ᠲᠠᠢ ᠳᠠᠯᠳᠡ ᠪᠠᠷ ᠬᠠᠷᠢᠯᠴᠡᠵᠦ᠂ ᠲᠡᠭᠦᠨ ᠳᠤ ᠴᠢᠩ ᠤᠯᠤᠰ ᠤᠨ ᠱᠠᠩᠱᠦ ᠲᠦᠰᠢᠮᠡᠯ ᠠᠯᠨᠢ ᠶᠢᠨ ᠴᠡᠷᠢᠭ ᠤᠨ ᠨᠢᠭᠤᠴᠡ ᠶᠢ ᠬᠠᠩᠭᠠᠵᠦ᠂ ᠴᠡᠷᠢᠭ ᠠᠩᠭᠢ ᠲᠤᠨᠢ ᠠᠭᠳᠡ ᠬᠦᠯᠦᠭ᠂ ᠲᠡᠮᠡᠭᠡ ᠵᠡᠷᠭᠡ ᠪᠠᠷ ᠲᠤᠰᠠᠯᠠᠭᠰᠡᠨ ᠪᠢᠯᠡ᠃      ᠮᠠᠨᠵᠦ ᠶᠢᠨ ᠡᠩᠬᠡ ᠠᠮᠤᠭᠤᠯᠠᠩ ᠬᠠᠭᠠᠨ ᠱᠨᠩᠱᠦ ᠠᠯᠨᠢ ᠳᠤ ᠵᠠᠷᠯᠢᠭ ᠪᠤᠯᠤᠷᠤᠨ᠂ ᠭᠠᠯᠳᠡᠨ ᠤ ᠴᠡᠷᠢᠭ ᠤᠨ ᠪᠠᠶᠢᠳᠡᠯ ᠢ ᠢᠮᠠᠭᠳᠡᠨ ᠮᠠᠳᠡᠭᠦᠯᠦᠨ᠂ ᠭᠡᠨᠡᠨ ᠢᠶᠠᠷ ᠴᠡᠷᠢᠭ ᠤᠷᠤᠵᠦ ᠤᠭᠲᠦ ᠪᠤᠯᠬᠤ ᠦᠭᠡᠢ ᠬᠡᠮᠡᠨ ᠰᠠᠨᠠᠭᠤᠯᠵᠦ᠂ ᠡᠷᠬᠡᠪᠢᠰᠢ ᠯᠠᠪᠳᠠᠭᠤᠨ ᠪᠠᠶᠢᠵᠦ ᠪᠠᠶᠢᠳᠡᠯ ᠢ ᠨᠢ ᠦᠵᠡᠬᠦ ᠬᠡᠷᠡᠭᠲᠡᠢ ᠭᠡᠪᠡ᠃ ᠡᠩᠬᠡ ᠠᠮᠤᠭᠤᠯᠠᠩ ᠬᠠᠭᠠᠨ ᠶᠤᠸᠠᠨ ᠸᠠᠢ ᠯᠠᠩ ᠲᠦᠰᠢᠮᠡᠯ ᠠᠷᠪᠢᠲᠦ ᠶᠢ ᠵᠡᠭᠦᠨᠭᠠᠷ ᠲᠤ ᠡᠯᠴᠢ ᠪᠠᠷ ᠲᠤᠮᠢᠯᠡᠵᠦ᠂ ᠭᠠᠯᠳᠡᠨ ᠤ ᠵᠢᠭᠤᠳᠠᠬᠤ ᠶᠢ ᠰᠡᠷᠭᠡᠶᠢᠯᠡᠨ᠂ ᠴᠠᠭ ᠢ ᠵᠡᠪᠰᠢᠵᠦ ᠨᠢᠭᠡᠯᠡ ᠳᠡᠭᠡᠷ᠎ᠡ ᠤᠰᠠᠳᠬᠠᠬᠤ ᠪᠠᠷ ᠪᠠᠵᠡᠭᠠᠵᠦ ᠪᠠᠶᠢᠯ᠎ᠠ᠃      ᠭᠡᠳᠡᠯ᠎ᠡ ᠠᠯᠨᠢ ᠭᠠᠪᠢᠶ᠎ᠠ ᠳᠤ ᠬᠤᠪᠳᠤᠭᠯᠡᠨ᠂ ᠮᠠᠨᠵᠦ ᠶᠢᠨ ᠬᠠᠭᠠᠨ ᠡᠩᠬᠡ ᠠᠮᠤᠭᠤᠯᠠᠩ ᠤᠨ ᠤᠶᠢᠳᠬᠠᠯ ᠢ ᠤᠭᠤᠷᠴᠤ᠂ ᠪᠠᠷᠠᠭᠤᠨ ᠵᠠᠮ ᠤᠨ ᠴᠡᠷᠢᠭ ᠬᠢᠭᠡᠳ ᠬᠤᠷᠴᠢᠨ ᠤ ᠴᠡᠷᠢᠭ ᠢᠷᠡᠬᠦ ᠢ ᠭᠦᠯᠢᠶᠡᠵᠦ ᠶᠠᠳᠡᠨ ᠦᠪᠡᠷ ᠬᠠᠷᠢᠶᠡᠲᠦ ᠴᠡᠷᠢᠭ ᠢᠶᠠᠨ ᠤᠳᠤᠷᠢᠳᠦᠨ ᠤᠷᠢᠳᠴᠢᠯᠡᠨ ᠲᠤᠪᠳᠤᠯᠠᠭᠰᠡᠨ ᠪᠠᠶᠢᠨ᠎ᠠ᠃ ᠵᠢᠷᠭᠤᠭᠠᠨ ᠰᠠᠷ᠎ᠡ ᠶᠢᠨ ᠵᠢᠷᠭᠤᠭᠠᠨ ᠤ ᠡᠳᠦᠷ ᠠᠯᠨᠢ ᠶᠢᠨ ᠵᠡᠭᠦᠨ ᠵᠠᠮ ᠤᠨ ᠬᠤᠶᠡᠷ ᠲᠦᠮᠡᠨ ᠴᠡᠷᠢᠭ᠂ ᠲᠤᠭᠤᠷ ᠤᠨ ᠭᠤᠤᠯ ᠤᠨ ᠳᠡᠭᠡᠳᠦ ᠤᠷᠤᠰᠬᠠᠯ ᠠᠴᠠ ᠬᠦᠳᠡᠯᠵᠦ᠂ ᠬᠠᠯᠠᠬ᠎ᠠ ᠭᠤᠤᠯ ᠪᠠᠷᠠᠭᠤᠨ ᠡᠷᠬᠢ ᠶᠢ ᠲᠠᠭᠠᠨ᠂ ᠪᠤᠶᠢᠷ ᠨᠠᠭᠤᠷ ᠵᠦᠭ ᠮᠤᠷᠢᠳᠠᠪᠡ᠃ ᠪᠤᠷᠤ ᠳᠠᠪᠤᠰᠤ ᠶᠢ ᠦᠩᠭᠡᠷᠡᠨ᠂ ᠰᠢᠭᠤᠳ ᠲᠠᠪᠤᠨᠲᠠᠰᠢᠬᠠᠢ ᠳᠤ ᠬᠦᠷᠡᠭᠰᠡᠨ ᠪᠠᠶᠢᠨ᠎ᠠ᠃     ᠡᠨᠡ ᠦᠶᠡᠰ ᠲᠤ ᠭᠠᠯᠳᠡᠨ ᠤ ᠴᠡᠷᠢᠭ ᠦᠤᠷᠰᠦᠨ ᠭᠤᠤᠯ ᠢ ᠭᠠᠳᠦᠯᠠᠨ᠂ ᠪᠤᠶᠢᠷ ᠨᠠᠭᠤᠷ ᠬᠢᠭᠡᠳ ᠬᠠᠯᠬ᠎ᠠ ᠭᠤᠤᠯ ᠤᠨ ᠵᠡᠭᠦᠨ ᠬᠦᠪᠡᠭᠡ ᠶᠢ ᠲᠠᠭᠠᠵᠦ᠂ ᠠᠯᠨᠢ ᠶᠢᠨ ᠡᠮᠦᠨ᠎ᠡ ᠲᠠᠯ᠎ᠠ ᠪᠠᠷ ᠲᠤᠭᠤᠷᠢᠨ ᠭᠠᠷᠤᠭᠰᠡᠨ ᠪᠠᠶᠢᠨ᠎ᠠ᠃ ᠡᠨᠡ ᠴᠢᠮᠡᠭᠡ ᠶᠢ ᠠᠯᠨᠢ ᠰᠤᠨᠤᠰᠭᠠᠳ ᠲᠠᠷᠦᠶᠢᠬᠠᠨ ᠤᠤᠯ ᠵᠠᠮ ᠢᠶᠠᠷ ᠢᠶᠠᠨ ᠪᠤᠴᠡᠵᠦ᠂ ᠰᠢᠭᠤᠳ ᠰᠤᠶᠤᠯᠵᠢ ᠠᠭᠤᠯᠠ ᠵᠦᠭ ᠴᠡᠷᠢᠭᠯᠡᠪᠡ᠃ ᠵᠢᠷᠭᠤᠭᠠᠨ ᠰᠠᠷ᠎ᠡ ᠶᠢᠨ ᠬᠤᠷᠢᠨ ᠤ ᠡᠳᠦᠷ᠂ ᠭᠡᠭᠡᠷᠬᠦ ᠠᠴᠠ ᠡᠮᠦᠨ᠎ᠡ ᠠᠯᠨᠢ ᠶᠢᠨ ᠶᠡᠭᠡ ᠴᠡᠷᠢᠭ ᠤᠯᠬᠤᠢ ᠭᠤᠤᠯ ᠳᠤ ᠬᠦᠷᠴᠤ᠂ ᠭᠠᠯᠳᠡᠨ ᠤ ᠴᠡᠷᠢᠭ ᠤᠨ ᠬᠦᠷᠢᠶ᠎ᠡ ᠶᠢ ᠲᠠᠭᠠᠷᠢᠬᠤ ᠪᠠᠷ ᠪᠡᠯᠡᠳᠭᠡᠯ᠎ᠡ᠃      ᠲᠠᠶᠢᠨ ᠳᠤ ᠭᠠᠷᠠᠮᠭᠠᠢ ᠦᠭᠡᠯᠡᠳ ᠤᠳ ᠠᠯᠢ ᠡᠷᠳᠡ ᠠᠴᠠ ᠨᠤᠮᠦ ᠶᠢᠨ ᠬᠡᠯᠪᠡᠷᠢᠲᠦ ᠵᠢᠭᠠᠰᠬᠠᠯ ᠪᠠᠶᠢᠭᠤᠯᠡᠨ᠂ ᠰᠡᠷᠭᠡᠶᠢᠯᠡᠭᠰᠡᠨ ᠪᠠᠶᠢᠨ᠎ᠠ᠃ ᠠᠯᠨᠢ ᠬᠤᠶᠡᠷ ᠵᠠᠭᠤᠨ ᠭᠠᠪᠰᠢᠭᠠᠢ ᠴᠡᠷᠢᠭ ᠢᠶᠠᠷ ᠢᠶᠠᠨ ᠡᠮᠦᠨ᠎ᠡ ᠲᠠᠯ᠎ᠠ ᠠᠴᠠ ᠨᠢ ᠳᠠᠭᠠᠷᠢᠨ ᠤᠷᠤᠭᠤᠯᠡᠵᠦ᠂ ᠲᠡᠷᠡᠴᠢᠯᠡᠨ ᠲᠠᠪᠤᠨ ᠵᠠᠭᠤᠨ ᠬᠠᠯᠬ᠎ᠠ ᠴᠡᠷᠢᠭ ᠢᠶᠠᠷ ᠭᠠᠯᠳᠡᠨ ᠤ ᠠᠮᠦ ᠭᠦᠨᠡᠰᠦ᠂ ᠬᠦᠰᠡᠭᠡ ᠤᠨᠤᠭ᠎ᠠ᠂ ᠭᠡᠷ ᠪᠦᠯᠢ ᠵᠦᠭ ᠲᠠᠭᠠᠷᠢᠭᠤᠯᠡᠵᠦ᠂ ᠲᠡᠳᠡᠨ ᠤ ᠵᠢᠭᠠᠰᠬᠠᠯ ᠤᠨ ᠬᠦᠯ ᠢ ᠠᠯᠳᠠᠭᠤᠯᠠᠬᠤ ᠪᠠᠷ ᠰᠠᠨᠡᠵᠦ ᠪᠠᠶᠢᠪᠡ᠃ ᠪᠤᠰᠤᠳ ᠵᠠᠰᠠᠭ ᠴᠡᠷᠢᠭ ᠪᠤᠯᠤᠨ ᠬᠠᠯᠬ᠎ᠠ ᠴᠡᠷᠢᠭ ᠤᠳ ᠨᠢ ᠭᠠᠯᠳᠡᠨ ᠤ ᠶᠡᠭᠡ ᠬᠦᠷᠢᠶ᠎ᠡ ᠶᠢ ᠲᠠᠭᠠᠷᠢᠭᠰᠡᠨ ᠪᠠᠶᠢᠨ᠎ᠠ᠃     ᠤᠶᠢᠷᠡᠳ ᠤᠨ ᠴᠡᠷᠢᠭ ᠬᠤᠶᠡᠷ ᠭᠠᠷᠯᠠᠨ ᠡᠰᠡᠷᠭᠦᠴᠡᠵᠦ᠂ ᠠᠯᠨᠢ ᠶᠢᠨ ᠨᠢᠭᠡᠳᠦᠭᠡᠷ ᠱᠠᠳᠦ ᠶᠢᠨ ᠳᠤᠪᠳᠤᠯᠡᠯᠳᠡ ᠎ ᠢ ᠴᠤᠬᠢᠨ ᠤᠬᠤᠷᠠᠭᠤᠯᠠᠭᠰᠡᠨ ᠪᠤᠯᠪᠡᠴᠤ᠂ ᠬᠤᠶᠡᠳᠤᠭᠠᠷ ᠱᠠᠲᠦ ᠶᠢᠨ ᠴᠡᠷᠢᠭ ᠨᠢ ᠵᠠᠯᠭᠠᠨ ᠳᠠᠭᠠᠷᠢᠨ ᠤᠷᠤᠭᠰᠡᠨ ᠪᠠᠶᠢᠨ᠎ᠠ᠂ ᠭᠡᠶ᠎ᠡ ᠪᠠᠰᠡᠯᠡ ᠤᠶᠢᠷᠡᠳ ᠤᠨ ᠴᠡᠷᠢᠭ ᠤᠨ ᠠᠪᠡ ᠶᠢᠨ ᠫᠤᠤ ᠬᠢᠭᠡᠳ ᠢᠯᠳᠦ ᠵᠢᠳᠡᠨ ᠶᠢᠨ ᠡᠰᠡᠷᠭᠦᠴᠡᠯ ᠳᠤ ᠤᠬᠤᠷᠡᠪᠡ᠃ ᠡᠯ᠎ᠡ ᠵᠠᠰᠠᠭ ᠴᠡᠷᠢᠭ ᠪᠤᠯᠤᠨ ᠬᠠᠯᠠᠬ᠎ᠠ ᠴᠡᠷᠢᠭ ᠤᠨ ᠲᠠᠭᠠᠷᠢᠯᠳᠡ ᠨᠢ ᠴᠦ ᠢᠯᠠᠭᠳᠡᠵᠦ᠂ ᠬᠦᠨᠳᠦ ᠨᠤᠴᠡᠲᠡᠢ ᠦᠬᠦᠯ ᠰᠢᠷᠬᠠᠳᠦᠯ ᠳᠤ ᠤᠴᠠᠷᠠᠭᠰᠡᠨ ᠪᠠᠶᠢᠨ᠎ᠠ᠃     ᠠᠯᠨᠢ ᠶᠢᠨ ᠴᠡᠷᠢᠭ ᠪᠦᠵᠢᠭᠨᠡᠨ ᠰᠠᠮᠠᠭᠤᠷᠴᠤ ᠪᠠᠶᠢᠭ᠎ᠠ ᠡᠨᠡ ᠲᠠᠰᠢᠷᠡᠮ ᠳᠤ᠂ ᠤᠶᠢᠷᠡᠳ ᠤᠨ ᠴᠡᠷᠢᠭ ᠠᠭᠤᠯᠡ ᠎ ᠶᠢ ᠤᠷᠢᠶᠡᠨ ᠭᠠᠷᠴᠤ᠂ ᠵᠡᠭᠦᠨ ᠪᠠᠷᠠᠭᠤᠨ ᠬᠤᠶᠡᠷ ᠲᠠᠯ᠎ᠠ ᠠᠴᠠ ᠠᠯᠨᠢ ᠶᠢ ᠪᠦᠰᠡᠯᠡᠨ ᠠᠪᠤᠭᠰᠡᠨ ᠪᠠᠶᠢᠨ᠎ᠠ᠃ ᠠᠯᠨᠢ ᠎ ᠶᠢᠨ ᠴᠡᠷᠢᠭ ᠡᠨᠡᠬᠦ ᠰᠢᠷᠦᠭᠦᠨ ᠲᠠᠭᠠᠷᠢᠯᠳᠡ ᠳᠤ ᠬᠡᠷᠭᠢᠨ ᠲᠡᠰᠬᠦ ᠠᠵᠡᠢ᠂ ᠪᠠᠰᠡᠯᠡ ᠬᠠᠷᠡᠲᠡᠢ ᠢᠯᠠᠭᠳᠠᠵᠦ᠂ ᠠᠯᠨᠢ ᠦᠯᠡᠳᠡᠭᠰᠡᠨ ᠴᠡᠷᠢᠭ ᠢᠶᠠᠨ ᠤᠳᠤᠷᠢᠳᠦᠨ ᠪᠦᠰᠡᠯᠡᠯᠳᠡ ᠶᠢ ᠰᠢᠪᠳᠤᠯᠡᠨ ᠵᠢᠭᠤᠳᠡᠪᠡ᠃     ᠳᠡᠭᠡᠭᠡᠳ ᠱᠠᠩᠱᠦ ᠠᠯᠨᠢ ᠶᠢ ᠭᠡᠨᠡᠨ ᠢᠶᠠᠷ ᠴᠡᠷᠢᠭ ᠤᠷᠤᠵᠦ ᠢᠯᠬᠠᠳᠠᠪᠠ ᠬᠡᠮᠡᠨ ᠳᠦᠷᠪᠡᠨ ᠳᠡᠰ ᠪᠠᠭᠤᠷᠠᠭᠤᠯᠠᠨ ᠵᠠᠬᠢᠶ᠎ᠡ ᠶᠢ ᠬᠦᠯᠢᠶᠡᠵᠦ ᠪᠠᠶᠢᠭᠲᠦᠨ ᠭᠡᠵᠦ ᠵᠠᠷᠯᠢᠭᠳᠡᠪᠡ᠃      ᠤᠯᠬᠤᠢ ᠶᠢᠨ ᠲᠤᠯᠤᠯᠳᠤᠭᠠᠨ ᠤ ᠳᠠᠷᠠᠭ᠎ᠠ᠂ ᠡᠩᠬᠡ ᠠᠮᠤᠭᠤᠯᠠᠩ ᠨᠢᠭᠡ ᠲᠠᠯ᠎ᠠ ᠪᠠᠷ ᠭᠠᠯᠳᠡᠨ ᠪᠤᠱᠤᠭᠲᠦ ᠳᠤ ᠡᠯᠴᠢ ᠢᠯᠡᠭᠡᠨ᠂ ᠠᠯᠨᠢ ᠶᠢ ᠵᠠᠷᠯᠢᠭ ᠠᠴᠠ ᠵᠦᠷᠢᠴᠡᠨ ᠳᠤᠪᠳᠤᠯᠡᠯᠳᠡ ᠬᠢᠭᠰᠡᠨ ᠨᠢ ᠲᠦᠷᠦ ᠭᠦᠷᠦᠨ ᠤ ᠤᠭ ᠰᠠᠨᠠᠭ᠎ᠠ ᠪᠤᠰᠤ ᠬᠡᠮᠡᠨ᠂ ᠬᠦᠳᠡᠯᠭᠡᠭᠡᠨ ᠢ ᠨᠢ ᠰᠤᠨᠵᠢᠷᠠᠭᠤᠯᠡᠨ᠂ ᠨᠦᠬᠦᠭᠡ ᠲᠠᠯ᠎ᠠ ᠪᠠᠷ ᠦᠳᠳᠦᠷ ᠲᠦᠷᠭᠡᠨ ᠶᠡᠭᠡ ᠴᠡᠷᠢᠭ ᠪᠠᠶᠢᠷᠢᠯᠠᠭᠤᠯᠡᠵᠦ᠂ ᠭᠠᠯᠳᠡᠨ ᠢ ᠬᠤᠬᠢᠷᠠᠭᠤᠯᠠᠬᠤ ᠪᠡᠯᠡᠳᠭᠡᠯ ᠬᠢᠪᠡ᠃ ᠤᠯᠬᠤᠢ ᠶᠢᠨ ᠲᠤᠯᠤᠯᠳᠤᠭᠠᠨ ᠭᠡᠳᠡᠭ ᠨᠢ ᠡᠶᠢᠮᠦᠷᠬᠦ ᠪᠠᠶᠢᠨ᠎ᠠ᠃      ᠤᠯᠠᠭᠠᠨ ᠪᠤᠳᠤᠩ ᠤᠨ ᠲᠤᠯᠤᠯᠳᠤᠭᠠᠨ       ᠤᠯᠬᠤᠢ ᠶᠢᠨ ᠲᠤᠯᠤᠯᠳᠤᠭᠠᠨ ᠳᠤ᠂ ᠵᠡᠭᠦᠨᠭᠠᠷ ᠤᠨ ᠭᠠᠯᠳᠡᠨ ᠪᠤᠱᠤᠭᠲᠦ ᠬᠠᠭᠠᠨ ᠳᠤ ᠢᠯᠠᠭᠳᠠᠭᠰᠡᠨ ᠤ ᠲᠠᠷᠠᠭ᠎ᠠ᠂ ᠡᠩᠬᠡ ᠠᠮᠤᠭᠤᠯᠠᠩ ᠬᠠᠭᠠᠨ ᠨᠢᠭᠡ ᠲᠠᠯ᠎ᠠ ᠪᠠᠷ᠂ ᠠᠯᠠᠨᠢ ᠶᠢ ᠵᠠᠷᠯᠢᠭ ᠠᠴᠠ ᠵᠦᠷᠴᠢᠵᠦ᠂ ᠭᠠᠪᠢᠶ᠎ᠡ ᠳᠤ ᠬᠤᠪᠳᠤᠭᠯᠡᠨ ᠦᠪᠡᠷ ᠤᠨ ᠰᠠᠨᠠᠭ᠎ᠠ ᠪᠠᠷ ᠢᠶᠠᠨ ᠴᠷᠢᠭᠯᠡᠪᠡ᠂ ᠡᠨᠡ ᠨᠢ ᠲᠦᠷᠦ ᠭᠦᠷᠦᠨ ᠤ ᠤᠤᠯ ᠰᠠᠨᠠᠭ᠎ᠠ ᠪᠤᠰᠦ ᠬᠡᠮᠡᠨ ᠠᠯᠢᠪᠡ ᠪᠤᠷᠤᠭᠤ ᠪᠠᠨ‌ᠠᠯᠠᠨᠢ ᠳᠤ ᠲᠦᠯᠬᠢᠵᠦ᠂ ᠤᠷᠡᠨ ᠬᠤᠩᠰᠢᠶᠡᠷ ᠢᠶᠠᠷ ᠪᠤᠱᠤᠭᠲᠦ ᠬᠠᠭᠠᠨ ᠢ ᠠᠷᠭᠠᠳᠡᠵᠦ᠂ ᠲᠡᠭᠦᠨ ᠢ ᠵᠠᠶᠢᠯᠡᠨ ᠤᠳᠬᠤ ᠠᠴᠠ ᠰᠡᠷᠭᠡᠶᠢᠯᠡᠨ ᠬᠤᠭᠤᠴᠠᠭ᠎ᠠ ᠬᠤᠨᠵᠢᠨ ᠤᠳᠠᠭᠠᠰᠢᠷᠠᠭᠤᠯᠠᠬᠤ ᠭᠡᠪᠡ︔ ᠨᠦᠭᠦᠭᠡ ᠲᠠᠯ᠎ᠠ ᠪᠠᠷ᠂ ᠶᠡᠭᠡ ᠴᠡᠷᠢᠭ ᠢᠶᠠᠨ ᠪᠠᠶᠢᠷᠡᠯᠠᠭᠤᠯᠡᠨ ᠲᠤᠭᠢᠷᠠᠭᠤᠯᠠᠵᠦ᠂ ᠪᠤᠱᠤᠭᠲᠦ ᠬᠠᠭᠠᠨ ᠤ ᠴᠡᠷᠢᠭ ᠢ ᠨᠢᠭᠡᠯᠡ ᠳᠤᠤᠷ᠎ᠡ ᠪᠦᠷᠢᠮᠰᠦᠨ ᠤᠰᠡᠳᠬᠠᠬᠤ ᠪᠠᠷ ᠪᠡᠯᠡᠳᠬᠡᠯ ᠭᠢᠵᠦ ᠪᠠᠶᠢᠪᠡ᠃     1690 ᠤᠨ ᠤ ᠵᠢᠷᠭᠤᠭᠠᠨ ᠰᠠᠷ᠎ᠡ ᠶᠢᠨ ᠰᠡᠭᠦᠯᠴᠢ ᠪᠠᠷ᠂ ᠡᠩᠬᠡ ᠠᠮᠤᠭᠤᠯᠠᠩ ᠬᠠᠭᠠᠨ ᠡᠯ᠎ᠡ ᠲᠦᠷᠦᠯ ᠶᠢᠨ ᠴᠡᠷᠢᠭ ᠵᠠᠰᠠᠭ ᠠᠷᠪᠡᠨ ᠲᠦᠮᠡ ᠢᠯᠡᠭᠦᠦ ᠬᠦᠮᠦᠨ ᠢ ᠪᠡᠭᠡᠵᠢᠩ ᠬᠤᠳᠡᠨ᠎ᠡ ᠰᠢᠯᠵᠢᠭᠦᠯᠦᠨ ᠪᠠᠶᠢᠷᠠᠰᠢᠭᠤᠯᠡᠵᠦ᠂ ᠬᠠᠭᠠᠨ ᠎ ᠤ ᠠᠬ᠎ᠠ ᠬᠤᠱᠤᠢ ᠡᠯᠪᠡᠭ ᠴᠢᠨ ᠸᠠᠩ ᠹᠦ᠋ ᠴᠤᠸᠠᠨ ᠢᠶᠠᠷ ᠪᠦᠭᠦᠳᠡ ᠶᠢ ᠵᠠᠬᠢᠷᠤᠭᠤᠯᠠᠭᠰᠠᠨ ᠪᠠᠶᠢᠨ᠎ᠠ᠃ ᠬᠤᠱᠤᠢ ᠡᠯᠪᠡᠭ ᠴᠢᠨ ᠸᠠᠩ ᠹᠦ᠋ ᠴᠤᠸᠠᠨ ᠢᠶᠠᠷ ᠠᠯᠤᠰ ᠢ ᠢᠯᠪᠢᠬᠦ ᠶᠡᠭᠡ ᠵᠠᠩᠵᠦᠨ ᠪᠤᠯᠭᠠᠨ᠂ ᠬᠠᠭᠠᠨ ᠤ ᠬᠦᠪᠡᠭᠦᠨ ᠢᠶᠠᠷ ᠳᠡᠳ᠋᠊ ᠵᠠᠩᠵᠦᠨ ᠪᠤᠯᠭᠠᠵᠦ᠂ ᠵᠡᠭᠦᠨ ᠭᠠᠷ ᠤᠨ ᠴᠡᠷᠢᠭ ᠢ ᠤᠳᠤᠷᠢᠳᠦᠨ ᠮᠤᠯᠳᠦᠰᠢ ᠬᠠᠭᠠᠯᠭ᠎ᠠ ᠪᠠᠷ ᠭᠠᠷᠲᠦᠭᠠᠢ︔ ᠬᠤᠱᠤᠢ ᠬᠡᠴᠢᠶᠡᠩᠭᠤᠢ ᠴᠢᠨ ᠸᠠᠩ ᠴᠠᠩ ᠨᠢᠩ ᠢ ᠤᠮᠠᠷᠡᠰᠢ ᠢ ᠨᠤᠮᠤᠭᠠᠳᠬᠠᠬᠤ ᠶᠡᠭᠡ ᠵᠠᠩᠵᠦᠨ ᠪᠤᠯᠭᠠᠵᠦ᠂ ᠬᠤᠱᠤᠢ ᠴᠢᠨ ᠸᠠᠩ ᠶᠠᠭᠠᠪᠤ᠂ ᠳᠦᠷᠦᠱᠢᠨ ᠵᠢᠦ᠋ᠨ ᠸᠠᠩ ᠤᠤᠵᠡ ᠶᠢ ᠳᠡᠳ᠋᠊ ᠵᠠᠩᠵᠦᠨ ᠪᠤᠯᠭᠠᠵᠦ᠂ ᠪᠠᠷᠠᠭᠤᠨ ᠭᠠᠷ ᠎ ᠤᠨ ᠴᠡᠷᠢᠭ ᠢ ᠤᠳᠤᠷᠢᠳᠦᠨ ᠰᠦᠷᠬᠡᠢ ᠬᠠᠭᠠᠯᠭ᠎ᠠ ᠪᠠᠷ ᠭᠠᠷᠲᠦᠭᠠᠢ ᠬᠡᠮᠡᠨ ᠵᠠᠷᠯᠢᠭ ᠪᠠᠭᠤᠯᠭᠠᠭᠰᠡᠨ ᠪᠠᠶᠢᠨ᠎ᠡ᠃ ᠳᠤᠳᠤᠭᠠᠳᠦ ᠶᠡᠭᠡ ᠲᠦᠰᠢᠮᠡᠯ ᠰᠦᠬᠡᠲᠦ᠂ ᠮᠢᠩ ᠵᠤ᠋᠂ ᠠᠮᠢᠳᠡ᠂ ᠳ᠋ᠦᠲ᠋ᠦ᠋ᠩ ᠰᠦᠨᠦ᠂ ᠷᠠᠭᠲᠠ᠂ ᠫᠧᠩ ᠴᠦᠩ᠂ ᠠᠰᠢᠳᠠᠨ ᠵᠡᠷᠭᠡ ᠬᠦᠮᠦᠨ ᠢ ᠶᠡᠭᠡ ᠴᠡᠷᠢᠭ ᠢ ᠲᠠᠭᠠᠬᠤ ᠴᠡᠷᠢᠭ ᠤᠨ ᠶᠠᠪᠤᠳᠡᠯ ᠤᠨ ᠰᠠᠨᠽᠠᠨ ︵ᠵᠦᠪᠯᠡᠭᠴᠢ︶ ᠪᠤᠯᠭᠠᠵᠡᠢ᠃ ᠳᠤᠯᠤᠭᠠᠨ ᠰᠡᠷ᠎ᠡ ᠨᠢᠭᠡᠨ ᠠᠴᠠ ᠭᠤᠷᠪᠡᠨ ᠪᠤᠯᠳᠡᠯ᠎ᠡ᠂ ᠶᠡᠭᠡ ᠴᠡᠷᠢᠭ ᠬᠤᠶᠡᠷ ᠵᠠᠮ ᠢᠶᠠᠷ ᠭᠠᠷᠴᠤ᠂ ᠪᠠᠭᠠᠷᠢᠨ ᠤ ᠬᠢᠵᠠᠭᠠᠷ ᠲᠤ ᠴᠤᠭᠯᠠᠷᠡᠴᠤ ᠬᠠᠭᠠᠨ ᠤ ᠵᠠᠷᠯᠢᠭ ᠢ ᠬᠦᠯᠢᠶᠡᠨ᠂ ᠵᠠᠷᠯᠢᠭ ᠦᠭᠡᠢ ᠪᠠᠷ ᠳᠤᠷ᠎ᠡ ᠪᠠᠷ ᠢᠶᠠᠨ ᠤᠷᠤᠵᠦ ᠪᠤᠯᠬᠤ ᠦᠭᠡᠢ ᠬᠡᠪᠡ᠃     ᠤᠷᠬᠤᠢ ᠶᠢᠨ ᠲᠤᠯᠤᠯᠳᠤᠭᠠᠨ ᠠᠴᠠ ᠳᠠᠷᠠᠭ᠎ᠠ᠂ ᠪᠤᠱᠤᠭᠲᠦ ᠬᠠᠭᠠᠨ ᠤᠤᠯ ᠤᠨ ᠲᠤᠯᠤᠯᠳᠤᠭᠠᠨ ᠤ ᠭᠠᠵᠡᠷ ᠎ ᠠᠴᠠ ᠲᠠᠪᠤᠨ ᠡᠳᠦᠷ ᠤᠨ ᠵᠠᠮ ᠵᠠᠶᠢᠲᠡᠢ ᠭᠠᠵᠡᠷ ᠤᠬᠤᠷᠢᠴᠤ᠂ ᠴᠡᠷᠢᠭ ᠢᠶᠠᠨ ᠴᠡᠭᠴᠢᠯᠡᠭᠰᠡᠨ ᠪᠠᠶᠢᠨ᠎ᠠ᠃ ᠠᠳᠡᠯ ᠭᠠᠷᠬᠦ ᠠᠴᠠ ᠰᠡᠷᠭᠡᠶᠢᠯᠡᠬᠦ ᠶᠢᠨ ᠲᠦᠯᠦᠭᠡ᠂ ᠪᠤᠱᠤᠭᠲᠦ ᠬᠠᠭᠠᠨ ᠤᠯᠠᠩᠭᠢ ᠵᠠᠶᠢᠰᠠᠩ ᠨᠠᠷ ᠲᠠᠢ ᠪᠠᠨ ᠤᠬᠤᠷᠢᠨ ᠪᠤᠴᠡᠬᠤ ᠭᠡᠵᠦ ᠵᠦᠪᠳᠡᠵᠦ ᠪᠠᠶᠢᠯ᠎ᠡ᠃ ᠭᠡᠪᠡᠴᠤ ᠳᠠᠯᠠᠢ ᠯᠠᠮ᠎ᠠ ᠶᠢᠨ ᠲᠦᠯᠦᠭᠡᠯᠡᠭᠴᠢ ᠭᠢᠯᠦᠩ ᠬᠤᠳᠤᠭᠲᠦ ᠬᠢᠭᠡᠳ ᠢᠯᠭᠤᠭᠰᠠᠨ ᠬᠤᠳᠤᠭᠲᠦ ᠬᠤᠶᠠᠭᠤᠯᠠ᠂ ︿︿ᠲᠠᠯᠠᠢ ᠯᠠᠮ᠎ᠠ ᠶᠢᠨ ᠵᠠᠷᠯᠢᠭ﹀﹀ ᠬᠡᠮᠡᠨ᠂ ᠤᠯᠡᠨ ᠢ ᠢᠳᠬᠠᠨ᠂ ᠤᠷᠤᠭᠰᠢ ᠤᠷᠤᠵᠦ᠂ ᠮᠠᠨᠵᠦ ᠤᠯᠤᠰ ᠰᠠᠶᠢᠳ ᠨᠠᠷ ᠲᠠᠢ ᠬᠡᠯᠡᠯᠴᠡᠭᠡᠷ ᠬᠢᠬᠦ ᠭᠡᠵᠦ ᠳᠤᠷᠳᠣᠭᠰᠠᠨ ᠪᠠᠶᠢᠨ᠎ᠠ᠃ ᠪᠤᠱᠤᠭᠲᠦ ᠬᠠᠭᠠᠨ ︿︿ᠲᠠᠯᠠᠢ ᠯᠠᠮ᠎ᠠ ᠶᠢᠨ ᠵᠠᠷᠯᠢᠭ﹀﹀᠎ ᠢ ᠵᠦᠷᠢᠴᠡᠬᠦ ᠦᠭᠡᠢ ᠶᠢᠨ ᠲᠦᠯᠦᠭᠡ᠂ ᠠᠷᠭ᠎ᠠ ᠦᠭᠡᠢ ᠭᠢᠯᠦᠩ ᠬᠤᠳᠤᠭᠲᠦ ᠬᠢᠭᠡᠳ ᠢᠯᠭᠤᠭᠰᠠᠨ ᠬᠤᠳᠤᠭᠲᠦ ᠶᠢᠨ ᠰᠠᠨᠠᠯ ᠢ ᠵᠦᠪᠰᠢᠶᠡᠷᠴᠤ᠂ ᠡᠮᠦᠨᠡᠰᠢ ᠤᠷᠤᠵᠦ᠂ ᠦᠵᠦᠮᠦᠴᠢᠨ ᠤ ᠬᠢᠵᠠᠭᠠᠷ ᠲᠤ ᠬᠦᠷᠢᠶ᠎ᠡ ᠪᠠᠭᠤᠪᠡ᠃ ᠪᠤᠱᠤᠭᠲᠦ ᠬᠠᠭᠠᠨ ᠳᠤᠳᠤᠭᠠᠳᠦ ᠶᠡᠭᠡ ᠰᠠᠶᠢᠳ ᠠᠮᠢᠳᠡ ᠶᠢᠨ ᠴᠡᠷᠢᠭ ᠦᠵᠦᠮᠦᠴᠢᠨ ᠪᠠᠷᠠᠭᠤᠨ ᠬᠤᠰᠢᠭᠤᠨ ᠤ ᠡᠮᠦᠨ᠎ᠡ ᠵᠠᠬ᠎ᠠ ᠳᠤ ᠬᠦᠷᠢᠶ᠎ᠡ ᠪᠠᠭᠤᠭᠰᠡᠨ ᠢ ᠲᠠᠩᠨᠠᠵᠦ ᠮᠡᠳᠡᠭᠰᠡᠨ ᠪᠠᠶᠢᠨ᠎ᠠ᠃ ᠬᠡᠯᠡᠯᠴᠡᠭᠡᠷ ᠬᠢᠬᠦ ᠪᠠᠷ ᠵᠢᠳᠭᠦᠯᠡᠵᠦ ᠪᠠᠶᠢᠭ᠎ᠠ ᠬᠤᠶᠡᠷ ᠬᠤᠳᠤᠭᠲᠦ᠂ ᠡᠨᠡ ᠳᠠᠰᠢᠷᠡᠮ ᠢ ᠠᠯᠳᠡᠯ ᠦᠭᠡᠢ ᠎ ᠪᠠᠷ ᠡᠯᠴᠢ ᠲᠤᠮᠢᠯᠡᠵᠦ ᠬᠡᠯᠡᠯᠴᠡᠭᠡᠷ ᠬᠢᠬᠦ ᠪᠤᠯᠪᠡ᠃ ᠳᠤᠯᠤᠭᠠᠨ ᠰᠠᠷ᠎ᠡ ᠶᠢᠨ ᠠᠷᠪᠡᠨ ᠲᠠᠪᠤᠨ ᠤ ᠡᠳᠦᠷ᠂ ᠭᠢᠯᠦᠩ ᠬᠤᠳᠤᠭᠲᠦ ᠯᠠᠮᠠᠵᠠᠪ ᠶᠢ ᠡᠯᠴᠢ ᠪᠤᠯᠭᠠᠵᠦ᠂ ᠢᠯᠭᠤᠭᠰᠠᠨ ᠬᠤᠳᠤᠭᠲᠦ ᠨᠢᠷᠦᠭᠤᠨ ᠭᠡᠯᠦᠩ ᠢ ᠡᠯᠴᠢ ᠪᠤᠯᠭᠠᠵᠦ᠂ ᠠᠮᠢᠳᠡ ᠶᠢᠨ ᠴᠡᠷᠢᠭ ᠶᠢᠨ ᠬᠦᠷᠢᠶᠡᠨ ᠳᠤ ᠶᠠᠪᠤᠭᠤᠯᠠᠪᠡ᠃ ᠲᠡᠨᠳᠡᠴᠡ ᠳᠤᠳᠤᠭᠠᠲᠦ ᠶᠡᠭᠡ ᠰᠠᠶᠢᠳ ᠠᠮᠢᠳᠡ ᠳᠤ ᠪᠤᠱᠤᠭᠲᠦ ᠬᠠᠭᠠᠨ ᠤ ᠡᠩᠬᠡ ᠠᠮᠤᠭᠤᠯᠠᠩ ᠤᠨ ᠠᠮᠦᠷ ᠢ ᠠᠰᠠᠭᠤᠵᠦ ᠪᠠᠶᠢᠭ᠎ᠠ ᠪᠠᠨ ᠳᠠᠮᠵᠢᠭᠤᠯᠠᠪᠡ᠃ ᠲᠡᠭᠦᠨᠴᠡ᠂ ᠠᠮᠢᠳᠡ ᠦᠭᠦᠯᠡᠭᠰᠡᠨ ᠢᠨᠦ᠄ ᠡᠵᠡᠨ ᠬᠠᠭᠠᠨ ᠤᠨᠴᠡᠭᠤᠶᠢᠯᠡᠨ ᠬᠠᠭᠠᠨ ᠤ ᠠᠬ᠎ᠠ ᠪᠤᠯᠤᠨ ᠬᠠᠭᠠᠨ ᠤ ᠬᠦᠪᠡᠭᠦᠨ ᠢ ᠢᠯᠡᠭᠡᠨ ᠭᠠᠯᠳᠡᠨ ᠪᠤᠱᠤᠭᠲᠦ ᠬᠠᠭᠠᠨ ᠲᠠᠢ ᠬᠡᠯᠡᠯᠴᠡᠭᠡᠷ ᠬᠢᠬᠦ ᠭᠡᠵᠦ ᠪᠠᠶᠢᠨ᠎ᠠ᠂ ᠪᠢᠳᠡ ᠤᠳᠡᠯ ᠦᠭᠡᠢ ᠳᠤᠳᠤᠭᠰᠢ ᠰᠢᠯᠵᠡᠨ᠎ᠡ ᠭᠡᠵᠡᠢ᠃ ᠳᠤᠳᠤᠭᠠᠳᠦ ᠶᠡᠭᠡ ᠲᠦᠰᠢᠮᠡᠯ ᠠᠮᠢᠳᠡ ᠡᠩᠬᠡ ᠠᠮᠤᠭᠤᠯᠠᠩ ᠤᠨ ᠰᠤᠷᠭᠠᠭᠰᠡᠨ ᠠᠷᠭ᠎ᠠ ᠪᠠᠷ᠂ ᠬᠡᠯᠡᠯᠴᠡᠭᠡᠷ ᠬᠢᠬᠦ ᠪᠠᠷ ᠰᠢᠯᠳᠠᠭᠯᠠᠵᠦ᠂ ᠬᠦᠮᠦᠨ ᠲᠤᠮᠢᠯᠡᠨ ᠪᠤᠱᠤᠭᠲᠦ ᠶᠢᠨ ᠴᠡᠷᠢᠭ ᠤᠨ ᠬᠦᠷᠢᠶᠡᠨ ᠳᠤ ᠬᠦᠷᠴᠤ᠂ ᠪᠤᠱᠤᠭᠲᠦ ᠬᠠᠭᠠᠨ ᠢ ᠱᠠᠭᠠᠷᠳᠦᠨ ᠬᠠᠷᠢᠶᠡᠲᠦ ᠪᠠᠨ ᠳᠠᠭᠠᠭᠤᠯᠠᠨ ᠡᠮᠦᠨᠡᠰᠢ ᠤᠷᠤᠭᠤᠯᠠᠬᠤ ᠭᠡᠰᠡᠨ ᠪᠠᠶᠢᠨ᠎ᠠ᠃ ᠡᠶᠢᠮᠦ ᠎ ᠠᠴᠠ ᠪᠤᠱᠤᠭᠲᠦ ᠬᠠᠭᠠᠨ ᠦᠵᠦᠮᠦᠴᠢᠨ ᠠᠴᠠ ᠰᠢᠯᠵᠢᠵᠦ ᠲᠠᠪᠠᠭ᠎ᠠ ᠳᠠᠪᠡᠨ ᠤᠷᠤᠭᠰᠢ ᠤᠷᠤᠪᠡ᠃ ᠳᠤᠯᠤᠭᠠᠨ ᠰᠠᠷ᠎ᠡ ᠤᠨ ᠬᠤᠷᠢᠨ ᠳᠠᠪᠤᠨ ᠳᠤ ᠬᠡᠰᠢᠭᠳᠡᠨ ᠤ ᠬᠢᠵᠡᠭᠠᠷ ᠲᠤ ᠬᠦᠷᠴᠤ ᠬᠦᠷᠢᠶ᠎ᠡ ᠪᠠᠭᠤᠭᠰᠡᠨ ᠪᠠᠶᠢᠨ᠎ᠠ᠃      ᠡᠩᠬᠡ ᠠᠮᠤᠭᠤᠯᠠᠩ ᠬᠠᠭᠠᠨ᠂ ᠪᠤᠱᠤᠭᠲᠦ ᠬᠠᠭᠠᠨ ᠬᠡᠰᠢᠭᠲᠡᠨ ᠤ ᠬᠢᠵᠡᠭᠠᠷ ᠲᠤ ᠤᠷᠤᠵᠦ ᠢᠷᠡᠭᠰᠡᠨ ᠢ ᠮᠡᠳᠡᠭᠰᠡᠨ ᠤ ᠲᠠᠷᠠᠭ᠎ᠠ᠂ ᠶᠡᠭᠡ ᠴᠡᠷᠢᠭ ᠢᠶᠠᠨ ᠪᠠᠭᠠᠷᠢᠨ ᠳᠤ ᠴᠤᠭᠯᠠᠭᠤᠯᠠᠬᠤ ᠵᠠᠷᠯᠢᠭ ᠢᠶᠠᠨ ᠬᠤᠪᠢᠷᠠᠭᠤᠯᠡᠵᠦ᠂ ᠡᠯ᠎ᠡ ᠵᠠᠮ ᠤᠨ ᠴᠡᠷᠢᠭ ᠤᠳ ᠢ ᠬᠡᠰᠢᠭᠳᠡᠨ ᠳᠤ ᠬᠦᠷᠴᠤ ᠵᠠᠷᠯᠢᠭ ᠬᠦᠯᠢᠶᠡᠭᠳᠦᠨ ᠬᠡᠮᠡᠪᠡ᠃ ᠳᠤᠯᠤᠭᠠᠨ ᠰᠠᠷ᠎ᠡ ᠤᠨ ᠬᠤᠷᠢᠨ ᠎ ᠤ ᠡᠳᠦᠷ᠂ ᠠᠯᠤᠰ ᠢ ᠢᠯᠡᠪᠢᠬᠦ ᠶᠡᠭᠡ ᠵᠠᠩᠵᠦᠨ ᠬᠤᠱᠤᠢ ᠡᠯᠪᠡᠭ ᠴᠢᠨ ᠸᠠᠩ ᠹᠦ᠋ ᠴᠤᠸᠠᠨ ᠶᠡᠭᠡ ᠴᠡᠷᠢᠭ ᠬᠢᠭᠡᠳ ᠡᠯ᠎ᠡ ᠵᠠᠰᠠᠭ ᠴᠡᠷᠢᠭ ᠤᠳ ᠢᠶᠠᠨ ᠳᠠᠭᠠᠭᠤᠯᠠᠨ᠂ ᠬᠡᠰᠢᠭᠳᠡᠨ ᠤ ᠬᠢᠵᠠᠭᠠᠷ ᠳᠠᠬᠢ ᠲᠦᠷᠭᠡᠨ ᠢᠵᠢᠯ ︵ᠠᠶᠠᠯᠭᠤᠴᠢᠯᠡᠪᠡ︶ ᠬᠡᠮᠡᠬᠦ ᠭᠠᠵᠡᠷ ᠬᠦᠷᠪᠡ᠃ ᠸᠧᠢ ᠶᠤᠸᠠᠨ ᠭᠡᠳᠡᠭ ᠬᠦᠮᠦᠨ ᠤ ︿︿ᠪᠠᠭᠠᠲᠦᠷ ᠪᠤᠭᠳᠡ ᠶᠢᠨ ᠲᠡᠮᠳᠡᠭᠯᠡᠯ﹀﹀ ᠬᠡᠮᠡᠬᠦ ᠪᠢᠴᠢᠭ ᠲᠤ᠄ ᠬᠦᠷᠦᠭᠰᠡᠨ ᠡᠯ᠎ᠡ ᠴᠡᠷᠢᠭ ᠤᠳ ᠤᠨ ᠪᠠᠭᠤᠭᠰᠡᠨ ᠲᠦᠴᠢᠨ ᠬᠦᠷᠢᠶ᠎ᠡ ᠠᠨᠦ᠂ ᠵᠢᠷᠡᠨ ᠭᠠᠵᠡᠷ ᠵᠠᠯᠭᠠᠯᠳᠤᠵᠦ᠂ ᠬᠤᠷᠢᠨ ᠭᠠᠵᠡᠷ ᠦᠷᠭᠡᠨ ᠪᠠᠶᠢᠵᠦ ᠲᠡᠷᠢᠭᠦᠨ ᠰᠡᠭᠦᠯ ᠬᠤᠯᠪᠤᠯᠳᠦᠨ ᠠᠭᠤᠯᠡ ᠮᠡᠳᠦ ᠰᠦᠷᠯᠢᠭ ᠬᠠᠷᠠᠭᠳᠠᠮᠤᠢ ᠭᠡᠵᠦ ᠲᠦᠷᠢᠰᠦᠯᠡᠵᠡᠢ᠃ ᠬᠡᠯᠡᠯᠴᠡᠭᠡᠷ ᠬᠢᠬᠦ ᠪᠠᠷ ᠬᠡᠳᠦᠷᠡᠬᠡᠢ ᠰᠠᠨᠳᠦᠷᠡᠴᠦ ᠪᠠᠶᠢᠭ᠎ᠠ ᠭᠢᠯᠦᠩ ᠬᠤᠳᠤᠭᠲᠦ ᠂ ᠦᠪᠡᠷ ᠤᠨ ᠲᠠᠭᠠᠭᠰᠡᠳ ᠭᠦᠯᠦᠭᠡ ᠯᠠᠮ᠎ᠠ ᠪᠤᠯᠤᠨ ᠭᠠᠯᠳᠡᠨ ᠪᠤᠱᠤᠭᠲᠦ ᠶᠢᠨ ᠡᠯᠴᠢ ᠬᠠᠨᠠᠨ ᠬᠤᠰᠢᠭᠤᠴᠢ ᠶᠢ ᠲᠤᠮᠢᠯᠡᠨ᠂ ᠲᠦᠷᠭᠡᠨ ᠢᠵᠢᠯ ᠳᠠᠬᠢ ᠴᠡᠷᠢᠭ ᠤᠨ ᠬᠦᠷᠶᠡᠨ ᠳᠤ ᠬᠦᠷᠴᠤ᠂ ᠡᠯᠪᠡᠭ ᠴᠢᠨ ᠸᠠᠩ ᠹᠦ᠋ ᠴᠤᠸᠠᠨ ᠲᠠᠢ ᠬᠡᠯᠡᠯᠴᠡᠭᠡᠷ ᠬᠢᠬᠦ ᠪᠠᠨ ᠢᠯᠡᠳᠬᠡᠭᠰᠡᠨ ᠪᠠᠶᠢᠨ᠎ᠠ᠃ ᠡᠯᠪᠡᠭ ᠴᠢᠨ ᠸᠠᠩ ᠹᠦ᠋ ᠴᠤᠸᠠᠨ ᠪᠤᠱᠤᠭᠲᠦ ᠬᠠᠭᠠᠨ ᠳᠤ ᠵᠠᠬᠢᠳᠡᠯ ᠶᠠᠪᠤᠭᠤᠯᠠᠵᠦ᠄ ︿︿ᠤᠳᠤ ᠪᠠᠷ ᠢᠶᠠᠨ ᠠᠭᠤᠯᠵᠠᠬᠤ ᠭᠠᠵᠠᠷ ᠢᠶᠠᠨ ᠲᠤᠭᠳᠠᠭᠠᠵᠦ᠂ ᠶᠡᠭᠡ ᠬᠡᠷᠡᠭ ᠢᠶᠠᠨ ᠵᠦᠪᠳᠠᠰᠦᠭᠡᠢ﹀﹀᠂ ︿︿ᠪᠤᠱᠤᠭᠲᠦ ᠬᠠᠭᠠᠨ ᠮᠠᠨ ᠤ ᠬᠢᠵᠠᠭᠠᠷ ᠲᠤ ᠬᠦᠷᠴᠤ ᠢᠷᠡᠭᠰᠡᠨ ᠲᠤᠯᠡ᠂ ᠤᠯᠠᠭᠠᠨ ᠪᠤᠳᠤᠩ ᠤᠨ ᠬᠠᠪᠢ ᠎ ᠳᠤ ᠠᠭᠤᠯᠵᠡᠶ᠎ᠡ﹀﹀ ᠭᠡᠵᠡᠢ᠃ ᠪᠤᠱᠤᠭᠲᠦ ᠬᠠᠭᠠᠨ ᠬᠠᠷᠢᠶᠡᠲᠦ ᠢᠶᠠᠨ ᠲᠠᠭᠠᠭᠤᠯᠠᠨ ᠡᠮᠦᠨᠡᠰᠢ ᠬᠦᠳᠡᠯᠵᠦ᠂ ᠳᠤᠯᠤᠭᠠᠨ ᠰᠠᠷ᠎ᠡ ᠶᠢᠨ ᠬᠤᠷᠢᠨ ᠨᠠᠢᠮᠠᠨ ᠤ ᠡᠳᠦᠷ ᠤᠯᠠᠭᠠᠨ ᠪᠤᠳᠤᠩ ᠠᠭᠤᠯᠠᠨ ᠳᠤ ᠬᠦᠷᠴᠡᠢ᠃ ᠤᠯᠠᠭᠠᠨ ᠪᠤᠳᠤᠩ ᠠᠭᠤᠯᠠ ᠬᠡᠮᠡᠭᠴᠢ ᠤᠢ ᠮᠤᠳᠤ ᠪᠠᠷ ᠢᠬᠴᠢ ᠰᠠᠬᠤᠯᠢᠭ᠂ ᠳᠤᠮᠳᠡᠭᠢ ᠠᠭᠤᠯᠡ ᠨᠢ ᠪᠡᠷᠬᠡ ᠪᠠᠷᠲᠠᠭ᠎ᠠ ᠶᠡᠭᠡᠲᠡᠢ᠂ ᠵᠡᠭᠦᠨ ᠪᠠᠷᠠᠭᠤᠨ ᠬᠤᠶᠡᠷ ᠬᠠᠪᠢ ᠪᠠᠷ ᠢᠶᠠᠨ ᠳᠠᠭᠠᠴᠡ ᠲᠠᠢ ᠪᠠᠶᠢᠵᠡᠢ᠃ ᠡᠶᠢᠮᠦ ᠠᠴᠠ ᠡᠨᠡ ᠭᠠᠵᠡᠷ ᠰᠠᠬᠢᠬᠤ ᠳᠤ ᠠᠰᠢᠭᠲᠡᠢ ᠂ ᠬᠠᠯᠳᠡᠨ ᠲᠤᠪᠳᠤᠯᠠᠬᠤ ᠳᠤ ᠪᠡᠷᠭᠡ ᠭᠠᠵᠡᠷ ᠶᠤᠮ᠃ ᠪᠤᠱᠤᠭᠲᠦ ᠬᠠᠭᠠᠨ ᠠᠶᠢᠮᠠᠭ ᠢᠶᠠᠨ ᠳᠠᠭᠠᠭᠤᠯᠡᠨ ᠠᠭᠤᠯᠡᠨ ᠳᠤ ᠬᠦᠷᠤᠭᠰᠡᠨ ᠤ ᠲᠠᠷᠠᠭ᠎ᠠ᠂ ᠪᠠᠶᠢᠯᠳᠤᠬᠤ ᠪᠡᠯᠡᠳᠬᠡᠯ ᠬᠢᠵᠦ ᠠᠮᠵᠢᠭᠰᠡᠨ ᠪᠠᠶᠢᠨ᠎ᠠ᠃ ᠦᠭᠡᠯᠡᠳ ᠤᠨ ᠴᠡᠷᠢᠭ ᠠᠭᠤᠯᠡᠨ ᠤᠢ ᠮᠤᠳᠤ᠂ ᠭᠤᠤ ᠭᠠᠩᠭ᠎ᠠ ᠶᠢᠨ ᠪᠡᠷᠬᠡ ᠶᠢ ᠠᠰᠢᠭᠯᠡᠨ ᠬᠦᠷᠢᠶ᠎ᠡ ᠪᠠᠭᠤᠵᠡᠢ᠃      ᠨᠠᠢᠮᠠᠨ ᠰᠠᠷ᠎ᠡ ᠶᠢᠨ ᠨᠢᠭᠡᠨ ᠤ ᠡᠳᠦᠷ᠂ ᠭᠡᠭᠡ ᠤᠷᠤᠬᠤ ᠠᠴᠠ ᠡᠮᠦᠨ᠎ᠡ᠂ ᠡᠯᠪᠡᠭ ᠴᠢᠨ ᠸᠠᠩ ᠤᠨ ᠴᠡᠷᠢᠭ ᠬᠦᠳᠡᠯᠵᠦ᠂ ᠦᠳᠡ ᠶᠢᠨ ᠭᠤᠤᠯ ᠳᠤ ᠤᠯᠠᠭᠠᠨ ᠪᠤᠳᠤᠩ ᠳᠤ ᠬᠦᠷᠵᠡᠢ᠃ ᠮᠠᠨᠵᠦ ᠶᠢᠨ ᠴᠡᠷᠢᠭ ᠭᠤᠤᠯ ᠲᠠᠭᠠᠨ ᠬᠦᠷᠢᠶ᠎ᠡ ᠪᠠᠭᠤᠵᠦ᠂ ᠡᠮᠦᠨ᠎ᠡ ᠡᠩᠨᠡᠭᠡ ᠳᠤ ᠭᠠᠯᠲᠦ ᠫᠤᠤ ᠪᠠᠶᠢᠷᠢᠯᠠᠭᠤᠯᠤᠭᠰᠡᠨ ᠤ ᠳᠠᠷᠠᠭ᠎ᠠ᠂ ᠲᠡᠭᠷᠢ ᠭᠠᠵᠡᠷ ᠢ ᠳᠤᠷᠭᠢᠭᠤᠯᠡᠨ ᠠᠭᠤᠯᠡᠨ ᠤᠢ ᠵᠦᠭ ᠫᠤᠤᠳᠠᠵᠦ ᠡᠭᠢᠯᠡᠯ᠎ᠡ᠃ ᠤᠢ ᠳᠤ ᠪᠠᠶᠢᠭ᠎ᠠ ᠦᠭᠡᠯᠡᠳ ᠤᠨ ᠴᠡᠷᠢᠭ᠂ ᠭᠤᠤᠯ ᠤᠨ ᠲᠡᠷᠳᠡᠭᠡ ᠪᠠᠶᠢᠭᠤᠯᠤᠭᠰᠡᠨ ᠲᠡᠮᠡᠭᠡᠨ ᠪᠠᠭᠢᠯᠡᠯᠳᠡ ᠪᠠᠷ ᠢᠶᠠᠨ ︵ᠸᠧᠢ ᠶᠤᠸᠠᠨ ᠤ ︿︿ᠪᠤᠭᠳᠡ ᠪᠠᠭᠠᠲᠤᠷ ᠤᠨ ᠲᠡᠮᠳᠡᠭᠯᠡᠯ﹀﹀᠎ ᠳᠤ᠄ ᠦᠭᠡᠯᠡᠳ ᠤᠳ ᠲᠦᠮᠡᠨ ᠲᠡᠮᠡᠭᠡᠨ ᠤ ᠬᠦᠯ ᠢ ᠨᠤᠭᠤᠯᠡᠨ ᠲᠤᠱᠠᠵᠦ ᠬᠡᠪᠳᠡᠭᠦᠯᠦᠨ᠂ ᠨᠢᠷᠦᠭᠤᠨ ᠳᠡᠭᠡᠷ᠎ᠡ ᠨᠢ ᠠᠪᠳᠡᠷ᠎ᠡ ᠬᠦᠮᠦᠷᠡᠨ᠂ ᠨᠦᠢᠳᠡᠨ ᠢᠰᠡᠭᠡᠢ ᠪᠠᠷ ᠪᠦᠷᠢᠵᠦ᠂ ᠭᠠᠷᠬᠠᠯᠡᠨ ᠬᠤᠯᠪᠤᠭᠰᠡᠨ ᠬᠠᠰᠢᠶ᠎ᠡ ᠪᠤᠯᠭᠠᠵᠦ ᠂ ᠵᠡᠪᠰᠡᠷ ᠢᠶᠠᠷ ᠨᠢ ᠴᠡᠷᠢᠭ ᠤᠳ ᠫᠤᠤ ᠬᠠᠷᠪᠤᠯᠴᠡᠮᠤᠢ᠃ ᠡᠭᠦᠨ ᠢᠶᠠᠨ ᠲᠡᠮᠡᠭᠡᠨ ᠪᠢᠬᠢᠯᠡᠯᠳᠡ ᠬᠡᠮᠡᠮᠤᠢ᠃︶ ᠬᠠᠯᠬᠠᠪᠴᠢ ᠪᠤᠯᠭᠠᠨ ᠬᠠᠷᠢᠭᠤᠴᠡᠨ ᠭᠠᠯᠯᠠᠵᠦ ᠪᠠᠶᠢᠯ᠎ᠠ᠃ ᠮᠠᠨᠵᠦ ᠶᠢᠨ ᠴᠡᠷᠢᠭ ᠪᠠᠷᠠᠭᠤᠨ ᠭᠠᠷ ᠢᠶᠠᠷ ᠬᠡᠳᠦᠨᠳᠡ ᠲᠤᠪᠳᠤᠯᠠᠭᠰᠡᠨ ᠴᠦ᠂ ᠲᠠᠭᠠᠴᠡ ᠲᠠᠢ ᠲᠤᠯᠡ ᠮᠤᠷᠢᠲᠦ ᠴᠡᠷᠢᠭ ᠤᠷᠤᠵᠦ ᠲᠡᠶᠢᠯᠡᠬᠦ ᠦᠭᠡᠢ᠂ ᠤᠭ ᠤᠷᠤᠨ ᠳᠠᠭᠠᠨ ᠪᠤᠴᠡᠪᠡ᠃ ᠬᠤᠶᠡᠷ ᠲᠠᠯ᠎ᠠ ᠪᠠᠷ ᠢᠶᠠᠨ ᠪᠠᠶᠢᠯᠳᠤᠭᠠᠳ ᠬᠤᠨᠢᠨ ᠴᠠᠭ ᠠᠴᠠ ᠳ᠋ᠧᠩ ᠠᠰᠠᠭᠠᠬᠤ ᠪᠤᠯᠬᠤ ᠦᠶ᠎ᠡ ᠳᠤ᠂ ᠮᠠᠨᠵᠦ ᠶᠢᠨ ᠴᠡᠷᠢᠭ ᠶᠡᠭᠡ ᠫᠤᠤ ᠪᠠᠷ ᠲᠡᠮᠡᠭᠡᠨ ᠪᠢᠭᠢᠯᠡᠯᠳᠡ ᠢ ᠭᠠᠯᠯᠠᠬᠤ ᠶᠢᠨ ᠬᠠᠮᠲᠦ᠂ ᠵᠡᠭᠦᠨ ᠭᠠᠷ ᠤᠨ ᠶᠠᠪᠤᠭᠠᠨ ᠴᠡᠷᠢᠭ ᠠᠮᠢ ᠲᠡᠮᠡᠴᠢᠨ ᠤᠷᠤᠭᠰᠢ ᠤᠷᠤᠭᠰᠡᠨ ᠪᠠᠶᠢᠨ᠎ᠠ᠃ ᠦᠭᠡᠯᠡᠳ ᠴᠡᠷᠢᠭ ᠤᠳ ᠦᠨᠳᠦᠷ ᠪᠠᠶᠢᠷᠢ ᠶᠢ ᠠᠰᠢᠭᠯᠡᠨ ᠂ ᠭᠠᠯ ᠫᠤᠤ ᠨᠤᠮᠦ ᠰᠤᠮᠦ ᠵᠡᠷᠭᠡ ᠢᠶᠠᠷ ᠬᠠᠷᠪᠤᠭᠰᠡᠨ ᠳᠤ᠂ ᠮᠠᠨᠵᠦ ᠶᠢᠨ ᠴᠡᠷᠢᠭ ᠤᠳ ᠰᠠᠨᠳᠤᠤ ᠳᠤ ᠳᠠᠭᠠᠷᠢᠭᠳᠡᠰᠡᠨ ᠡᠪᠡᠰᠦ ᠮᠡᠳᠦ ᠪᠦᠭᠡᠮ ᠪᠦᠭᠡᠮ ᠢᠶᠠᠷ ᠤᠨᠠᠵᠦ ᠪᠠᠶᠢᠯ᠎ᠡ᠃ ᠭᠡᠪᠡᠴᠤ ᠵᠡᠭᠦᠨ ᠵᠠᠮ ᠤᠨ ᠴᠡᠷᠢᠭ ᠤᠳ ᠵᠦᠭᠡᠢ ᠶᠢᠨ ᠰᠦᠷᠦᠩ ᠮᠡᠳᠦ ᠵᠠᠯᠭᠠᠯᠳᠦᠨ ᠤᠷᠤᠴᠤ᠂ ᠲᠡᠮᠡᠭᠡᠨ ᠪᠢᠬᠢᠯᠡᠯᠳᠡ ᠶᠢ ᠡᠪᠳᠡᠯᠡᠨ᠂ ᠦᠭᠡᠯᠡᠳ ᠶᠢᠨ ᠴᠡᠷᠢᠭ ᠲᠠᠢ ᠨᠢᠭᠤᠷᠳᠡᠨ ᠲᠤᠯᠣᠯᠳᠤᠵᠦ᠂ ᠬᠤᠶᠡᠷ ᠲᠠᠯ᠎ᠠ ᠪᠠᠷ ᠢᠶᠠᠨ ᠶᠡᠭᠡᠳᠡ ᠬᠤᠷᠤᠭᠳᠠᠭᠰᠡᠨ ᠪᠠᠶᠢᠨ᠎ᠠ᠃ ᠦᠭᠡᠯᠡᠳ ᠤᠨ ᠴᠡᠷᠢᠭ ᠎ ᠤᠨ ᠡᠷᠡᠯᠭᠡᠭ ᠪᠠᠭᠠᠳᠤᠷᠯᠢᠭ ᠡᠰᠡᠷᠭᠦᠴᠡᠯ ᠢ ᠳᠠᠭᠠᠵᠦ ᠶᠠᠳᠡᠨ᠂ ᠮᠡᠨᠵᠦ ᠶᠢᠨ ᠴᠡᠷᠢᠭ ᠳ᠋ᠤᠩ ᠦᠯᠢᠶᠡᠨ ᠤᠬᠤᠷᠠᠭᠰᠡᠨ ᠪᠠᠶᠢᠨ᠎ᠠ᠃ ᠨᠠᠢᠮᠡᠨ ᠰᠠᠷ᠎ᠡ ᠶᠢᠨ ᠬᠤᠶᠡᠷ ᠤᠨ ᠡᠳᠦᠷ᠂ ᠡᠯᠪᠡᠭ ᠴᠢᠨ ᠸᠠᠩ ᠹᠦ᠋ ᠴᠤᠸᠠᠨ ᠴᠡᠷᠢᠭ ᠢᠶᠠᠨ ᠲᠡᠭᠰᠢᠯᠡᠨ᠂ ᠭᠠᠯ ᠤᠨ ᠬᠦᠴᠦᠨ ᠢᠶᠠᠨ ᠲᠦᠪᠯᠡᠷᠡᠭᠦᠯᠦᠨ᠂ ᠤᠢ ᠠᠯᠤᠰᠯᠡᠨ ᠠᠭᠤᠯᠠᠨ ᠵᠦᠭ ᠠᠮᠢ ᠲᠡᠮᠡᠴᠢᠨ ᠭᠠᠯᠯᠠᠪᠡ᠃ ᠭᠡᠳᠡᠯ᠎ᠡ ᠡᠨᠡ ᠨᠢ ᠪᠡᠷᠬᠡ ᠶᠢ ᠠᠰᠢᠭᠯᠡᠨ ᠡᠰᠡᠷᠭᠦᠴᠡᠭᠰᠡᠨ ᠡᠷᠡᠯᠬᠡᠭ ᠪᠠᠭᠠᠲᠦᠷ ᠦᠭᠡᠯᠡᠳ ᠤᠨ ᠪᠠᠶᠢᠯᠳᠤᠭᠴᠢᠳ ᠢ ᠶᠠᠭᠠᠬᠢᠵᠦ ᠴᠦ ᠴᠢᠳᠠᠭᠰᠡᠨ ᠦᠭᠡᠢ᠃ ᠠᠷᠠᠭ᠎ᠠ ᠦᠭᠡᠢ ᠡᠯᠪᠡᠭ ᠴᠢᠨ ᠸᠠᠩ ᠹᠦ᠋ ᠴᠤᠸᠠᠨ ᠵᠤᠭᠭᠢᠨ ᠠᠮᠤᠰᠬᠢᠭᠰᠡᠨ ᠪᠠᠶᠢᠨ᠎ᠠ᠃      ᠠᠭᠤᠯᠡᠨ ᠤ ᠤᠷᠤᠢ ᠳᠤ ᠵᠤᠭᠰᠦᠨ ᠲᠠᠶᠢᠨ ᠤ ᠪᠠᠶᠢᠳᠡᠯ ᠠᠵᠢᠭᠯᠠᠵᠦ ᠪᠠᠶᠢᠭ᠎ᠠ ᠭᠢᠯᠦᠩ ᠬᠤᠳᠤᠭᠲᠦ᠂ ᠪᠤᠱᠤᠭᠲᠦ ᠬᠠᠭᠠᠨ ᠲᠠᠢ ᠵᠦᠪᠯᠡᠯᠳᠦᠨ᠂ ᠢᠩᠭᠢᠵᠦ ᠤᠳᠠᠭᠠᠨ ᠬᠤᠭᠤᠴᠠᠭ᠎ᠠ ᠪᠠᠷ ᠪᠦᠰᠡᠯᠡᠭᠳᠡᠪᠡᠯ᠂ ᠴᠡᠷᠢᠭ ᠤᠨ ᠬᠦᠨᠡᠰᠦ᠂ ᠡᠪᠡᠰᠦ ᠬᠤᠮᠰᠠᠳᠡᠵᠦ᠂ ᠪᠠᠶᠢᠯᠳᠤᠬᠤ ᠦᠭᠡᠢ ᠪᠠᠷ ᠢᠯᠠᠭᠳᠠᠬᠤ ᠪᠤᠯᠤᠨ᠎ᠠ᠃ ᠡᠨᠡ ᠲᠠᠰᠢᠷᠡᠮ ᠳᠤ᠂ ᠬᠦᠮᠦᠨ ᠲᠤᠮᠢᠯᠡᠨ ᠬᠡᠯᠡᠯᠴᠡᠭᠡᠷ ᠬᠢᠬᠦ ᠶᠢᠨ ᠬᠠᠮᠲᠦ᠂ ᠪᠠᠶ᠎ᠡ ᠮᠤᠯᠳᠤᠷᠡᠬᠤ ᠠᠷᠠᠭ᠎ᠠ ᠶᠢ ᠪᠤᠳᠤᠶ᠎ᠡ ᠭᠡᠪᠡ᠃ ᠲᠡᠭᠦᠨᠴᠡ᠂ ᠢᠯᠭᠤᠭᠰᠡᠨ ᠬᠤᠳᠤᠭᠲᠦ ᠶᠢ ᠠᠭᠤᠯᠡᠨ ᠠᠴᠠ ᠪᠠᠭᠤᠯᠭᠠᠵᠦ᠂ ᠡᠯᠪᠡᠭ ᠴᠢᠨ ᠸᠠᠩ ᠲᠠᠢ ᠠᠭᠤᠯᠵᠡᠨ᠂ ᠳᠠᠯᠠᠢ ᠯᠠᠮ᠎ᠠ ᠎ ᠶᠢᠨ ᠡᠯᠴᠢ ᠭᠢᠯᠦᠩ ᠬᠤᠳᠤᠭᠲᠦ ᠶᠢ ᠴᠢᠨ ᠸᠠᠩ ᠲᠠᠢ ᠠᠭᠤᠯᠵᠠᠭᠤᠯᠠᠬᠤ ᠪᠠᠷ ᠲᠤᠭᠳᠡᠪᠡ᠃ ᠨᠠᠢᠮᠠᠨ ᠰᠠᠷ᠎ᠡ ᠶᠢᠨ ᠲᠦᠷᠪᠡᠨ ᠤ ᠡᠳᠦᠷ᠂ ᠭᠢᠯᠦᠩ ᠬᠤᠳᠤᠭᠲᠦ ᠳᠠᠯᠡᠨ ᠱᠠᠪᠢᠨᠠᠷ ᠢᠶᠠᠨ ᠳᠠᠭᠠᠭᠤᠯᠡᠨ ᠠᠭᠤᠯᠡᠨ ᠠᠴᠠ ᠪᠠᠭᠤᠪᠡ᠃ ᠲᠡᠭᠦᠨ ᠳᠤ ᠲᠤᠰᠬᠠᠶᠢᠯᠡᠨ ᠪᠡᠯᠳᠬᠡᠭᠰᠡᠨ ᠴᠡᠴᠡᠷ ᠲᠤ᠂ ᠡᠯᠪᠡᠭ ᠴᠢᠨ ᠸᠠᠩ ᠲᠡᠭᠦᠨ ᠲᠠᠢ ᠠᠭᠤᠯᠵᠠᠭᠰᠡᠨ ᠪᠠᠶᠢᠨ᠎ᠠ᠃ ᠭᠢᠯᠦᠩ ᠬᠤᠳᠤᠭᠲᠦ ᠡᠯᠪᠡᠭ ᠴᠢᠨ ᠸᠠᠩ ᠳᠤ ᠦᠭᠦᠯᠡᠭᠰᠡᠨ ᠢᠨᠦ᠄ ︿︿ᠪᠤᠱᠤᠭᠲᠦ ᠬᠠᠭᠠᠨ ᠢᠯᠭᠤᠭᠰᠡᠨ ᠪᠤᠯᠤᠨ ᠱᠠᠭᠨᠠᠨᠳᠤᠷᠵᠢ ᠤᠨ ᠦᠭᠡᠨ ᠳᠤ ᠤᠷᠤᠵᠦ᠂ ᠳᠤᠳᠤᠭᠰᠢ ᠳᠦᠷᠢᠨ ᠤᠷᠤᠵᠦ᠂ ᠮᠠᠳᠡᠯ ᠦᠭᠡᠢ ᠳᠤᠤᠷᠡᠳᠡᠰ ᠨᠢ ᠬᠦᠮᠦᠨ ᠠᠷᠡᠳ ᠢ ᠲᠡᠭᠡᠷᠡᠮᠳᠡᠵᠦ᠂ ᠶᠤᠰᠦ ᠠᠯᠳᠠᠭᠰᠠᠨ ᠪᠦᠯᠦᠭᠡ᠃ ᠪᠤᠭᠳᠡ ᠡᠵᠡᠨ ᠪᠤᠯᠪᠡᠰᠦ ᠳᠡᠯᠡᠬᠡᠢ ᠳᠠᠭᠢᠨ ᠤ ᠡᠵᠡᠨ᠂ ᠪᠤᠱᠤᠭᠲᠦ ᠬᠠᠭᠠᠨ ᠪᠤᠯᠪᠡᠰᠦ ᠦᠴᠦᠬᠡᠨ ᠠᠶᠢᠮᠠᠭ ᠤᠨ ᠲᠦᠷᠦᠭᠦᠴᠢ ᠲᠡᠳᠦᠢ᠂ ᠬᠠᠨᠠᠰᠠ ᠠᠶᠤᠮᠰᠢᠭ ᠦᠭᠡᠢ ᠠᠭᠠᠰᠢᠯᠠᠬᠤ ᠵᠤᠷᠢᠭ ᠪᠠᠶᠢᠮᠦᠢ᠃ ᠲᠦᠰᠢᠶᠡᠲᠦ ᠬᠠᠨ ᠪᠤᠯᠣᠨ ᠵᠡᠪᠽᠦᠨᠳᠠᠮᠪᠡ ᠲᠠᠢ ᠦᠰᠢᠶᠡᠷᠬᠡᠭᠡᠳ ᠡᠶᠢᠮᠦᠷᠬᠦ ᠤᠰᠤᠯ ᠭᠠᠷᠭᠠᠭᠰᠡᠨ ᠠᠵᠤᠭᠤ﹀﹀ ᠬᠡᠮᠡᠪᠡ᠃ ᠲᠡᠭᠡᠭᠡᠳ᠂ ᠤᠰᠦ ᠪᠡᠯᠴᠡᠭᠡᠷ ᠲᠠᠢ ᠭᠠᠵᠡᠷ ᠤᠯᠵᠦ ᠬᠠᠭᠠᠨ ᠤ ᠵᠠᠷᠯᠢᠭ ᠶᠢ ᠬᠦᠯᠢᠶᠡᠰᠦᠭᠡᠢ ᠭᠡᠵᠦ ᠭᠤᠶᠤᠴᠢᠯᠡᠪᠡ᠃ ᠹᠦ᠋ ᠴᠤᠸᠠᠨ ᠭᠢᠯᠦᠩ ᠬᠤᠳᠤᠭᠲᠦ ᠶᠢᠨ ᠮᠡᠷᠭᠡᠨ ᠬᠤᠩᠰᠢᠶᠡᠷ ᠲᠤ ᠢᠳᠡᠭᠡᠵᠦ ᠂ ᠭᠤᠶᠤᠴᠢᠯᠡᠯ ᠢ ᠨᠢ ᠵᠦᠪᠰᠢᠶᠡᠷᠡᠪᠡ᠃ ᠲᠡᠨᠳᠡᠴᠡ ᠡᠯᠪᠡᠭ ᠴᠢᠨ ᠸᠠᠩ ᠵᠠᠷ ᠲᠠᠷᠬᠠᠭᠠᠨ᠂ ᠡᠯ᠎ᠡ ᠵᠠᠰᠠᠭ ᠶᠢᠨ ᠴᠡᠷᠢᠭ ᠬᠠᠯᠳᠡᠨ ᠲᠤᠪᠳᠤᠯᠡᠵᠦ ᠪᠤᠯᠬᠤ ᠦᠭᠡᠢ ᠬᠡᠮᠡᠨ ᠴᠠᠭᠠᠵᠡᠯᠡᠵᠡᠢ᠃ ᠲᠡᠷᠡ ᠰᠦᠨᠢ ᠲᠤᠨᠢ᠂ ᠪᠤᠱᠤᠭᠲᠦ ᠬᠠᠭᠠᠨ ᠬᠦᠮᠦᠨ ᠮᠤᠷᠢ᠂ ᠲᠡᠷᠭᠡ ᠬᠦᠰᠭᠡ ᠪᠠᠨ ᠲᠡᠭᠰᠢᠯᠡᠨ᠂ ᠠᠯᠭᠤᠷᠬᠠᠨ ᠢᠶᠠᠷ ᠠᠭᠤᠯᠡᠨ ᠠᠴᠠ ᠪᠠᠭᠤᠭᠰᠡᠨ ᠪᠠᠶᠢᠨ᠎ᠠ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号