ᠠᠯᠳᠠᠨ ᠭᠠᠳᠠᠰᠣᠨ ᠤ  ᠣᠪᠣᠭ᠎ᠠ ᠪᠠ ᠮᠦᠩᠬᠡ ᠳᠡᠭᠷᠢ ᠠᠯᠳᠠᠨ ᠭᠠᠳᠠᠰᠦᠨ ᠤ ᠰᠢᠳᠦᠬᠡᠨ
ᠨᠡᠶᠢᠲᠡᠯᠡᠭᠰᠡᠨ ᠴᠠᠭ᠄
2018/3/29
ᠠᠯᠳᠠᠨ ᠭᠠᠳᠠᠰᠣᠨ ᠤ  ᠣᠪᠣᠭ᠎ᠠ ᠪᠠ ᠮᠦᠩᠬᠡ ᠳᠡᠭᠷᠢ ᠠᠯᠳᠠᠨ ᠭᠠᠳᠠᠰᠦᠨ ᠤ ᠰᠢᠳᠦᠬᠡᠨ                  ᠠᠯᠳᠠᠨ ᠭᠠᠳᠠᠰᠣᠨ ᠤ ᠣᠪᠣᠭ᠎ᠠ ᠶᠢᠨ ᠪᠡᠶᠢᠷᠢᠰᠢᠯ ᠪᠤᠯ ᠤᠮᠠᠷᠠᠲᠦ ᠥᠷᠭᠡᠷᠢᠭ ᠤᠨ 38。   13、 31᠂ ᠵᠡᠭᠦᠨ ᠤᠷᠳᠤᠷᠢᠭ ᠤᠨ 108。 02、13 ᠪᠤᠯᠤᠨ᠎ᠠ᠃ ᠤᠷᠳᠤᠰ ᠤᠨ ᠤᠳᠤᠭ ᠤᠨ ᠡᠮᠦᠨᠡᠳᠦ ᠬᠤᠰᠢᠭᠤᠨ ᠤ ᠨᠠᠩᠰᠦ ᠪᠠᠯᠭᠠᠰᠦᠨ ᠤ ᠨᠠᠩᠰᠦ ᠭᠠᠴᠠᠭ᠎ᠠ ᠶᠢᠨ ᠤᠳᠬᠠᠨᠵᠢᠷᠭᠠᠯ ᠤᠨ ᠨᠤᠲᠤᠭ᠂ ᠴᠤᠭᠵᠢᠯ ᠤᠨ ᠪᠡᠯᠴᠢᠭᠡᠷ ᠳᠡᠭᠡᠷ᠎ᠡ ᠪᠠᠶᠢᠭ᠎ᠠ ᠶᠤᠮ᠃ ᠤᠤᠯ ᠨᠢ ᠤᠷᠳᠤᠰ ᠤᠨ ᠤᠳᠤᠬ ᠤᠨ ᠡᠮᠦᠨᠡᠳᠦ ᠬᠤᠰᠢᠭᠤᠨ ᠤ ᠨᠠᠩᠰᠤ ᠶᠢᠨ ᠠᠯᠳᠠᠨ ᠭᠠᠳᠠᠰᠤᠨ  ᠤ ᠴᠠᠶᠢᠳᠠᠮ ᠳᠤ ᠨᠣᠷᠪᠤ ᠶᠢᠨ ᠴᠢᠯᠠᠭᠤᠨ ᠣᠪᠣᠭ᠎ᠠ ᠭᠡᠭᠴᠢ ᠪᠠᠶᠢᠵᠦ ᠠᠯᠳᠠᠨ ᠭᠠᠳᠠᠰᠤ ᠤᠪᠤᠭᠳᠠᠨ ᠨᠠᠷ ᠲᠠᠬᠢᠯᠭ᠎ᠠ ᠬᠢᠳᠡᠭ ᠪᠠᠶᠢᠵᠡᠢ᠃ ᠰᠡᠭᠦᠯᠡᠷ᠂ ᠠᠯᠳᠠᠨ ᠭᠠᠳᠠᠰᠣ ᠣᠪᠣᠭᠳᠠᠨ ᠤ ᠰᠢᠯᠵᠢᠭᠦ ᠶᠢ ᠳᠠᠭᠠᠵᠦ ᠨᠠᠩᠰᠣ ᠶᠢᠨ ᠨᠣᠳᠤᠭ ᠤᠨ ᠤᠪᠣᠭ᠎ᠠ — ᠴᠠᠭᠠᠨᠳᠣᠯᠣᠭᠠᠢ ᠣᠪᠣᠭ᠎ᠠ ᠲᠠᠢ ᠨᠡᠶᠢᠯᠡᠭᠰᠡᠨ ᠪᠠᠶᠢᠨ᠎ᠠ᠃ ᠡᠭᠦᠨ ᠳᠤ ᠠᠯᠳᠠᠨ ᠭᠠᠳᠠᠰᠦ ᠤᠪᠤᠭᠳᠠᠨ ᠤ  ᠬᠢᠨ ᠤᠷᠤᠯᠴᠠᠬᠤ ᠭᠦᠮᠤᠨ ᠤᠯᠠᠨ ᠮᠦᠷᠳᠡᠭᠡᠨ ᠤᠯᠠᠨ ᠠᠶᠢᠯ ᠨᠢ ᠡᠭᠦᠨ ᠤ ᠤᠷᠴᠢᠮ ᠲᠦᠪᠯᠡᠷᠡᠨ ᠰᠠᠭᠤᠵᠤ ᠪᠠᠶᠢᠭᠰᠠᠨ ᠮᠦᠷᠳᠡᠭᠡᠨ ᠤᠪᠤᠭᠠᠨ ᠤ ᠦᠭᠯᠡᠭᠡ ᠶᠢᠨ ᠡᠵᠡᠨ ᠪᠤᠯᠵᠤ ᠪᠠᠶᠢᠳᠠᠭ᠃ ᠦᠭᠡᠷ᠎ᠡ ᠨᠢᠭᠡᠨ ᠤᠴᠢᠷ ᠬᠡᠪᠡᠯ ᠠᠯᠳᠠᠨ ᠭᠠᠳᠠᠰᠦ ᠤᠪᠤᠭᠳᠠᠨ᠂ ᠠᠯᠳᠠᠨ ᠦᠷᠯᠦᠳ ᠤᠪᠤᠭᠳᠠᠨ ᠨᠢ ᠤᠤᠯ ᠠᠴᠠ ᠬᠠᠮᠳᠤ ᠳᠤ ᠪᠠᠨ ᠠᠯᠳᠠᠨ ᠤᠪᠤᠭᠳᠠᠨ ᠤ ᠶᠡᠭᠡ ᠭᠡᠷ ᠪᠦᠯᠢ ᠪᠠᠶᠢᠭᠰᠠᠨ ᠪᠤᠯᠬᠤᠷ ᠨᠤᠳᠤᠭ ᠤᠨ ᠤᠪᠤᠭ᠎ᠠ ᠳᠤ ᠲᠦᠪᠯᠡᠷᠡᠨ ᠲᠠᠬᠢᠯᠭ᠎ᠠ ᠬᠢᠬᠦ ᠪᠤᠯᠵᠡᠢ᠃ ᠬᠡᠪᠡᠴᠤ᠂ ᠤᠪᠤᠭᠳᠠᠨ ᠤ ᠤᠪᠤᠭ᠎ᠠ ᠨᠢ ᠨᠤᠳᠤᠭ ᠤᠨ ᠤᠪᠤᠭ᠎ᠠ ᠲᠠᠢ ᠨᠡᠶᠢᠯᠡᠭᠰᠡᠨ ᠪᠤᠯᠪᠠᠴᠤ ᠠᠯᠳᠠᠨ ᠭᠠᠳᠠᠰᠤᠨ ᠤ ᠤᠪᠤᠭ᠎ᠠ ᠶᠢᠨ ᠰᠢᠲᠦᠭᠡᠨ ᠳᠠᠬᠢᠯᠭ᠎ᠠ᠂ ᠮᠦᠩᠭᠡ ᠲᠡᠭᠷᠢ ᠠᠯᠲᠠᠨ ᠭᠠᠳᠠᠰᠦ ᠤᠳᠤ ᠢ ᠰᠢᠳᠤᠬᠦ   ᠨᠢ ᠦᠪᠡᠷᠮᠡᠴᠡ ᠠᠭᠤᠯᠭ᠎ᠠ ᠪᠠ ᠶᠤᠰᠦ ᠲᠠᠢ ᠲᠤᠯᠠ ᠲᠠᠬᠢᠨ ᠠᠯᠲᠠᠨ ᠭᠠᠳᠠᠰᠦ ᠵᠤᠭᠰᠤᠬᠤ ᠶᠢ ᠤᠯᠠᠨ ᠭᠦᠢᠴᠢᠳᠭᠡᠵᠤ ᠪᠠᠶᠢᠭᠰᠠᠨ ᠤᠳᠬᠠᠨᠵᠢᠷᠭᠠᠯ ᠪᠠ ᠴᠤᠭᠵᠢᠯ  ᠶᠢᠨ ᠨᠤᠲᠤᠭ ᠪᠡᠯᠴᠢᠭᠡᠷ ᠳᠡᠭᠡᠷ᠎ᠡ ᠠᠯᠳᠠᠨ ᠭᠠᠳᠠᠰᠣᠨ ᠤ ᠣᠪᠣᠭ᠎ᠠ ᠶᠢ ᠰᠡᠷᠭᠦᠭᠡᠭᠰᠡᠨ ᠪᠠᠶᠢᠨ᠎ᠠ᠃ ᠣᠪᠣᠭ᠎ᠠ ᠶᠢᠨ ᠪᠡᠶᠢᠷᠢᠰᠢᠯ ᠨᠢ ᠤᠮᠠᠷᠠᠲᠦ ᠥᠷᠭᠡᠷᠢᠭ ᠤᠨ 38。 13、 31᠂ ᠵᠡᠭᠦᠨ ᠣᠷᠳᠣᠷᠢᠭ ᠤᠨ 108。 02、13 ᠳᠤ ᠪᠠᠶᠢᠭ᠎ᠠ ᠶᠤᠮ᠃      ᠬᠦᠳᠠᠯᠤᠰᠢ ᠦᠭᠡᠢ ᠮᠦᠩᠭᠡ ᠤᠷᠤᠰᠢᠬᠤ ︽ᠠᠯᠳᠠᠨ ᠭᠠᠳᠠᠰᠤ︾ ᠪᠠᠷ ᠪᠠᠯᠭᠡ ᠲᠠᠮᠳᠡᠭ ᠪᠤᠯᠭᠠᠭᠰᠠᠨ ᠮᠦᠩᠭᠡ ᠲᠡᠭᠷᠢ ᠶᠢᠨ ᠲᠠᠶᠢᠯᠭ᠎ᠠ ᠶᠢᠨ ᠵᠠᠩ ᠤᠶᠢᠯᠠ ᠲᠠᠢ᠃ ᠲᠡᠭᠷᠢ ᠭᠠᠳᠠᠰᠦ᠂ ᠭᠠᠵᠠᠷ ᠭᠠᠳᠠᠰᠦ᠂ ᠭᠦᠮᠦᠨ ︵ᠠᠮᠢᠲᠠᠨ︶ ᠭᠠᠳᠠᠰᠦ ᠭᠤᠷᠪᠠ ᠡᠶᠡᠳᠡᠩᠭᠦᠢ ᠪᠠᠶᠢᠬᠤ ᠨᠢ ᠪᠠᠳᠠᠷᠠᠬᠤᠢ ᠶᠢᠨ ᠪᠡᠯᠬᠡᠳᠡᠯ ᠭᠡᠵᠤ ᠦᠵᠡᠬᠦ ᠮᠦᠷᠳᠡᠭᠡᠨ ᠬᠠᠷᠢᠴᠩᠭᠤᠢ ᠲᠤᠭᠳᠠᠩᠭᠤᠢ ᠪᠠᠶᠢᠳᠠᠭ ᠠᠯᠲᠠᠨ ᠭᠠᠳᠠᠰᠤ ᠤᠳᠤᠨ ᠢ ᠮᠦᠡᠭᠬᠡ ᠲᠡᠭᠷᠢ ᠪᠠᠷ ᠦᠵᠡᠬᠦ ᠶᠤᠮ᠃ ᠫᠯᠠᠨ ᠺᠠᠷᠫᠢᠨ ᠤ ᠠᠶᠠᠯᠠᠯ ‍ᠤᠨ‌‍ᠲ᠋ᠡᠮᠳᠡᠭᠯᠡᠯ ᠳᠤ ᠬᠡᠯᠡᠭᠰᠡᠨᠴᠢᠯᠡᠨ ︽ᠲᠡᠳᠡᠨᠦᠰ ᠵᠦᠢᠪᠬᠡᠨ ᠨᠢᠭᠡᠯᠡ ᠰᠢᠲᠦᠭᠡᠨ ᠲᠡᠭᠷᠢ ᠪᠤᠢ ᠭᠡᠵᠦ ᠢᠲᠡᠭᠡᠳᠡᠭ︾   ᠲᠠᠢ ᠴᠢᠪ ᠬᠡᠮᠡᠨ ᠨᠡᠶᠢᠴᠡᠵᠤ ᠪᠠᠶᠢᠨ᠎ᠠ᠃ ᠪᠠᠰᠠ᠂ ᠠᠯᠲᠠᠨ‌ᠭᠠᠳᠠᠰᠤ ᠤᠳᠤᠨ ᠪᠤᠯᠤᠨ ᠠᠯᠲᠠᠨ ᠭᠠᠳᠠᠰᠤ ᠣᠪᠣᠭ᠎ᠠ ᠦᠬᠡᠳᠡ ᠰᠠᠴᠣᠯᠭ᠎ᠠ ᠰᠠᠴᠤᠵᠤ ᠮᠦᠷᠬᠦᠯ ᠳᠠᠭᠠᠳᠬᠠᠯ ᠬᠢᠳᠡᠭ ᠵᠠᠩ ᠤᠶᠢᠯᠡ ᠲᠠᠢ ᠨᠡᠶᠢᠴᠡᠵᠤ  ᠪᠠᠶᠢᠭ᠎ᠠ ᠶᠤᠮᠰᠠᠨ᠃ ︽ᠵᠡᠭᠦᠨ ᠬᠠᠨ ᠤᠯᠤᠰ ᠤᠨ ᠪᠢᠴᠢᠭ︾ ᠲᠤ ︽ᠾᠦᠩᠨᠤᠴᠤᠤᠨ ᠴᠠᠭᠠᠨ ᠰᠠᠷ᠎ᠠ᠂ ᠲᠠᠪᠤᠨ ᠰᠠᠷ᠎ᠠ᠂ ᠶᠢᠰᠦᠨ ᠰᠠᠷ᠎ᠠ ᠳᠤ ᠴᠢᠭᠤᠯᠭᠠᠨ ᠪᠣᠯᠵᠤ ᠲᠠᠬᠢᠯᠭ᠎ᠠ ᠬᠢᠬᠦ ᠳᠤ ᠪᠠᠨ ᠮᠣᠷᠢ ᠳᠠᠪᠬᠢᠭᠤᠯᠵᠤ ᠲᠡᠮᠡᠭᠡ ᠤᠷᠤᠯᠳᠤᠳᠠᠭ︾ ᠭᠡᠵᠤ ᠲᠡᠮᠳᠡᠭᠯᠡᠵᠦ ᠪᠠᠶᠢᠳᠠᠭ᠃ ᠯᠢᠨ ᠭᠠᠨ ᠤ ︽ᠡᠾᠦ᠋ᠡᠭᠨᠦ ᠶᠢᠨ ᠲᠡᠥᠬᠡ︾ ᠳᠤ ᠲᠡᠮᠳᠡᠭᠯᠡᠭᠰᠡᠨ ᠢᠶᠠᠷ ᠤᠪᠤᠭ ᠤᠨ ᠠᠬᠠᠯᠠᠭᠴᠢᠳ ᠨᠢ ᠤᠷᠳᠤᠨ ᠳᠤ ᠴᠤᠭᠯᠠᠷᠠᠨ ᠲᠡᠭᠷᠢ᠂ ᠭᠠᠵᠠᠷ  ᠢ ᠳᠠᠬᠢᠳᠠᠭ  ᠬᠡᠵᠢ᠃ ︽ᠴᠢᠩᠬᠢᠰ ᠬᠠᠭᠠᠨ ᠤ ᠶᠡᠭᠡ ᠲᠠᠶᠢᠯᠭ᠎ᠠ ᠶᠢᠨ ᠪᠠᠳᠤ ᠵᠠᠯ᠎ᠠ ᠶᠢᠨ ᠢᠷᠤᠭᠡᠯ︾ ᠳᠤ  ︽ᠪᠠᠳᠠᠷᠠᠩᠭᠤᠢ ᠴᠠᠭᠠᠨ ᠲᠡᠭᠷᠢ  ᠳᠡᠭᠡᠨ ᠰᠠᠴᠤᠯᠢ ᠪᠠᠨ ᠡᠷᠬᠦᠨ ᠪᠠᠳᠤ ᠵᠠᠯ᠎ᠠ ᠶᠢᠨ ᠮᠦᠩᠭᠡ ᠭᠠᠳᠠᠰᠤ ᠪᠠᠨ ᠲᠠᠳᠠᠵᠤ︾ ᠭᠡᠵᠤ ᠪᠠᠶᠢᠳᠠᠭ᠃      ᠡᠷᠳᠠᠨ ᠠᠴᠠ ᠤᠭᠳᠠᠷᠭᠤᠢ ᠳᠤ ᠲᠦᠪ ᠲᠠᠢ᠂ ᠲᠠᠷᠠ ᠲᠦᠪ ᠨᠢ ᠠᠯᠳᠠᠨ ᠭᠠᠳᠠᠰᠤ ᠪᠠᠶᠢᠵᠤ᠂ ᠲᠦᠮᠠ ᠮᠢᠩᠭᠠᠨ ᠤᠳᠤᠨ ᠭᠠᠷᠠᠭ ᠲᠠᠬᠦᠨ ᠢ ᠲᠤᠭᠤᠷᠢᠨ ᠡᠷᠭᠡᠨ᠎ᠡ ᠭᠡᠵᠤ ᠦᠵᠡᠨ᠎ᠠ᠃  ︽ᠠᠯᠳᠠᠨ ᠲᠣᠪᠴᠢ︾ ᠳᠤ᠂ ︽ᠬᠠᠨ ᠵᠠᠶᠢᠰᠠᠩ ᠤᠨ ᠲᠣᠯᠭ᠎ᠠ ᠪᠣᠯᠬᠤ ᠬᠠᠮᠤᠭ ᠣᠯᠣᠰ ᠤᠨ ᠰᠢᠳᠦᠭᠡᠨ ᠪᠣᠯᠣᠭᠠᠳ ᠬᠠᠮᠤᠭ ᠤᠨ ᠮᠦᠩᠬᠡ ᠭᠠᠳᠠᠰᠣᠨ ᠨᠠᠢᠮᠠᠨ ᠴᠠᠭᠠᠨ ᠭᠡᠷ ᠪᠣᠯᠪᠠ︾ ᠬᠡᠵᠦ ᠲᠡᠮᠲᠡᠭᠯᠡᠵᠡᠢ  ᠃      ᠠᠯᠳᠠᠨ ᠭᠠᠳᠠᠰᠤᠨ ᠤ ᠤᠪᠤᠭ᠎ᠠ ᠪᠠ ᠮᠦᠡᠭᠬᠡ ᠲᠡᠭᠷᠢ ᠠᠯᠲᠠᠨ ᠭᠠᠳᠠᠰᠤ ᠰᠢᠲᠦᠭᠡᠨ ᠳᠠᠬᠢᠯᠭ᠎ᠠ ᠨᠢ ᠠᠯᠢ ᠡᠷᠲᠡᠨ ᠠᠴᠠ ᠪᠤᠢ ᠪᠤᠯᠵᠤ᠂ ᠤᠳᠠᠭᠠᠨ‌ᠤᠨ ᠵᠢᠯ ᠦᠷᠭᠦᠯᠵᠢᠯᠭᠰᠡᠨ ᠮᠤᠩᠭᠤᠯ ᠤᠨ ᠵᠠᠩ ᠤᠶᠢᠯᠡ᠂ ᠦᠪ ᠰᠤᠶᠤᠯ ᠪᠤᠯᠤᠨ᠎ᠠ᠃ᠴᠢᠩᠬᠢᠰ ᠤᠨ ᠰᠢᠳᠦᠭᠡᠨ ᠲᠡᠭᠡᠷ᠎ᠡ ᠬᠦᠮᠦᠨ ᠠᠮᠢᠳᠠᠨ᠂ ᠭᠠᠵᠠᠷ ᠲᠡᠭᠷᠢ ᠢ ᠬᠤᠯᠪᠤᠭᠠᠳ ᠲᠠᠶᠠᠭᠠᠷ ᠤᠨ ᠰᠢᠲᠦᠭᠡᠨ ᠳᠠᠬᠢᠯᠭ᠎ᠠ ᠪᠤᠯᠭᠠᠳᠠᠭ ᠨᠢ ᠨᠢᠭᠤᠴᠠ ᠤᠬᠠᠭᠠᠨ ᠲᠠᠢ ᠶᠠᠪᠤᠳᠠᠯ ᠶᠤᠮ᠃ ᠡᠨᠡ ᠪᠤᠯ ᠮᠤᠩᠭᠤᠯ ᠤᠨ ᠠᠭᠤᠤ ᠰᠤᠶᠤᠯ ᠤᠨ ᠨᠢᠭᠡᠨ ᠬᠡᠰᠡᠭ ᠮᠦᠨ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号