ᠮᠤᠩᠭᠤᠯᠴᠤᠳ ᠤᠨ ᠲᠤᠮ
ᠨᠡᠶᠢᠲᠡᠯᠡᠭᠰᠡᠨ ᠴᠠᠭ᠄
2019/12/27
          ᠬᠡᠤᠬᠡᠳ ᠲᠤ ᠬᠤᠯᠪᠤᠬᠳᠠᠬᠤ ᠲᠤᠮ ᠪᠤᠯ ᠤᠷᠢᠳᠤ ᠶᠢᠨ ᠮᠤᠩᠭᠤᠯ ᠡᠬᠡᠴᠤᠳ ᠤᠨ ᠬ᠋ᠠᠷ ᠦᠵᠤᠬᠦᠷ  ᠤᠨ ᠠᠨᠠᠭᠠᠬᠤ ᠤᠬᠠᠭᠠᠨ ᠪᠠᠶᠢᠬᠰᠠᠨ ᠶᠤᠮ᠃ 《ᠰᠤᠶᠤᠯ ᠤᠨ ᠶᠡᠭᠡ ᠬᠤᠪᠢᠰᠬᠠᠯ 》 ᠤᠨ ᠬᠤᠭᠤᠴᠠᠭᠠᠨ ᠳᠤ ᠲᠦᠷᠪᠡᠨ ᠬᠠᠭᠤᠴᠢᠨ ᠢ ᠠᠷᠢᠯᠭᠠᠬᠤ ᠬᠡᠮᠡᠨ ᠶᠤᠰᠤ ᠵᠠᠩᠰᠢᠯ ᠤᠨ ᠲᠠᠷᠤᠩᠭᠤᠶᠢᠯᠠᠯ ᠶᠠᠪᠤᠭᠤᠯᠤᠬᠰᠠᠨ ᠠᠴᠠ ᠡᠨᠡᠬᠦ ᠤᠯᠠᠮᠵᠢᠯᠠᠯ ᠢ ᠦᠪᠯᠡᠬᠦ ᠤᠴᠢᠷ ᠲᠤ ᠰᠠᠭᠠᠳ ᠤᠴᠠᠷᠠᠬᠰᠠᠨ ᠬᠡᠳᠡᠭ᠃ 《 ᠴᠠᠬ ᠵᠢᠭᠠᠬᠠᠨ ᠲᠡᠭᠰᠢᠷᠡᠬᠡᠳ ᠢᠷᠡᠬᠦ  ᠳᠤ ᠨᠠᠭᠠᠴᠤ ᠡᠵᠢ ᠴᠢᠨᠢ ᠨᠠᠰᠤ ᠪᠠᠷᠠᠭᠠᠳ᠂ ᠮᠡᠳᠡᠳᠡᠭ ᠤᠯᠠᠨ ᠡᠷᠳᠡᠮ ᠢ ᠨᠢ ᠰᠤᠷᠴᠤ ᠠᠮᠵᠢᠬᠰᠠᠨ ᠦᠬᠡᠢ 》ᠬᠡᠵᠤ ᠡᠵᠢ ᠮᠢᠨᠢ ᠬᠠᠷᠠᠮᠰᠠᠨ ᠲᠤᠷᠠᠰᠳᠠᠭ᠃ ᠪᠢᠳᠡᠨ ᠤ ᠡᠪᠦᠭᠡ ᠡᠮᠡᠭᠡ ᠦᠶ᠎ᠡ ᠶᠢᠨ ᠬᠦᠮᠤᠰ ᠪᠦᠷ ᠤᠯᠠᠮᠵᠢᠯᠠᠯ ᠢᠶᠠᠨ ᠮᠡᠳᠡᠳᠡᠭ ᠪᠤᠯᠪᠠᠴᠤ ᠬᠦᠨᠳᠤ ᠴᠠᠬ ᠤᠨ ᠰᠢᠭᠤᠷᠭᠠᠨ ᠳᠤ ᠲᠠᠷᠤᠬᠳᠠᠬᠰᠠᠨ ᠬᠡᠮᠡᠷ ᠡᠳᠡᠬᠡᠷ ᠤᠯᠠᠮᠵᠢᠯᠠᠯ ᠮᠠᠷᠳᠠᠬᠳᠠᠵᠤ ᠡᠬᠢᠯᠡᠭᠰᠡᠨ ᠶᠤᠮ᠂ ᠡᠪᠦᠭᠡ ᠡᠬᠡᠴᠢ ᠮᠢᠨᠢ ᠲᠤᠮᠴᠢ᠂ ᠡᠬᠡ ᠪᠠᠷᠢᠶᠠᠴᠢ ᠪᠠᠶᠢᠬᠰᠠᠨ ᠪᠤᠯᠪᠠᠴᠤ ᠰᠤᠷᠴᠤ ᠰᠤᠨᠢᠷᠬᠠᠬᠤ ᠦᠷᠡᠰ ᠪᠠᠶᠢᠬᠰᠠᠨ ᠦᠬᠡᠢ᠃ ᠡᠵᠢ ᠶᠢᠨ ᠮᠢᠨᠢ ᠡᠮᠡᠭᠡ ᠴᠤ ᠲᠤᠮᠴᠢ᠂ ᠪᠠᠰᠠ ᠵᠢᠷᠤᠬᠠᠶᠢᠴᠢ ᠬᠦᠮᠤᠨ ᠪᠠᠶᠢᠯ᠎ᠠ ᠬᠡᠳᠡᠭ᠃ ᠬᠡᠳᠤᠢ ᠰᠠᠶᠢᠬᠠᠨ ᠤᠯᠠᠮᠵᠢᠯᠠᠯ ᠲᠠᠢ ᠠᠷᠠᠳ ᠲᠦᠮᠡᠨ ᠪᠠᠶᠢᠯ᠎ᠠ ᠳ᠋ᠡ᠂ ᠡᠨᠡ ᠪᠦᠬᠦᠨ ᠢ ᠲᠡᠬᠢᠨ ᠰᠡᠷᠬᠦᠬᠡᠬᠦ ᠴᠠᠬ ᠲᠤᠬᠢᠶᠠᠯ ᠦᠨᠤᠳᠤᠷ ᠢᠷᠡᠵᠤ ᠪᠤᠢ ᠮᠡᠳᠤ ᠪᠤᠳᠤᠬᠳᠠᠳᠠᠬ᠃         ᠮᠤᠩᠭᠤᠯᠴᠤᠳ ᠤᠨ ᠲᠤᠮ ᠬᠡᠳᠡᠭ ᠪᠤᠯ ᠵᠦᠪᠬᠡᠨ ᠡᠮ ᠡᠮᠨᠡᠯᠭᠡ ᠶᠢᠨ ᠲᠡᠳᠤᠢ ᠪᠢᠰᠢ᠂ ᠲᠤᠮ ᠬᠡᠳᠡᠭ ᠪᠤᠯ ᠪᠠᠰᠠ ᠦᠬᠡᠷ᠎ᠡ ᠶᠢᠷᠳᠢᠨᠴᠤ᠂ ᠠᠮᠢᠳᠠᠨ ᠤᠷᠭᠤᠮᠠᠯ ᠲᠠᠢ ᠬᠠᠷᠢᠯᠴᠠᠬᠤ ᠬᠠᠷᠢᠯᠴᠠᠬᠤᠢ ᠶᠢᠨ ᠤᠬᠠᠭᠠᠨ ᠶᠤᠮ᠃ ᠶᠡᠷᠤ  ᠨᠢ ᠮᠠᠨ ᠤ ᠲᠡᠬᠡᠳᠤᠰ ᠤᠳ ᠬᠢᠭᠰᠡᠨ ᠵᠦᠢᠯ ᠪᠦᠬᠦᠨ ᠢᠶᠠᠨ ᠮᠠᠰᠢ ᠴᠢᠩᠬ᠋᠎ᠠ ᠬᠢᠨᠠᠵᠤ ᠪᠤᠷᠤᠭᠤᠳᠠᠬᠰᠠᠨ ᠢᠶᠠᠨ ᠰᠢᠭᠤᠳ ᠰᠢᠭᠤᠳ ᠴᠠᠶᠢᠷᠠᠭᠤᠯᠵᠤ ᠪᠠᠶᠢᠳᠠᠬ᠂ ᠨᠤᠳᠤᠬ ᠤᠰᠤ᠂ ᠮᠠᠯ ᠠᠮᠢᠳᠠᠨ ᠪᠦᠬᠦᠨ ᠳᠤ ᠪᠤᠷᠤᠭᠤᠳᠠᠬᠰᠠᠨ ᠪᠤᠯ ᠪᠠᠷᠢᠨ ᠳᠤᠤᠷ᠎ᠠ ᠨᠢ ᠲᠤᠮ ᠢᠶᠠᠷ ᠴᠠᠶᠢᠷᠠᠭᠤᠯᠵᠤ ᠠᠯᠳᠠᠬ᠋᠎ᠠ ᠪᠠᠨ ᠬᠠᠯᠠᠳᠠᠬ ᠵᠠᠩᠰᠢᠯ ᠲᠠᠢ᠃ ᠲᠡᠶᠢᠮᠤ ᠳᠡᠭᠡᠨ ᠯᠠ ᠮᠤᠩᠭᠤᠯᠴᠤᠳ ᠤᠨ ᠶᠠᠭᠤᠮ᠎ᠠ ᠪᠦᠬᠦᠨ ᠲᠤᠮ ᠲᠠᠢ ᠪᠠᠶᠢᠳᠠᠬ ᠤᠨ ᠰᠢᠯᠳᠠᠭᠠᠨ ᠲᠡᠷᠡ᠂ ᠦᠴᠤᠬᠡᠨ ᠰᠢᠪᠡᠵᠢ ᠠᠭᠠᠯᠵᠢ  ᠶᠢ ᠠᠯᠠᠬᠤ ᠳᠤ ᠬᠦᠷᠳᠡᠯ᠎ᠡ 《 ᠲᠡᠭᠷᠢ ᠴᠢᠮ᠎ᠠ ᠶᠢ ᠨᠢᠷᠬᠡ ᠬᠡᠰᠡᠨ ᠶᠤᠮ᠂ ᠲᠡᠮᠡᠭᠡ ᠴᠢᠮ᠎ᠠ ᠶᠢ ᠬᠢᠰᠬᠢ ᠬᠡᠰᠡᠨ ᠶᠤᠮ 》ᠬᠡᠮᠡᠨ ᠰᠢᠪᠰᠢᠵᠤ ᠠᠯᠠᠳᠠᠬ᠂ ᠠᠭᠠᠯᠵᠢ ᠶᠢ ᠡᠷ᠎ᠡ᠂ ᠦᠷ᠎ᠡ ᠪᠠᠨ ᠢᠳᠡᠳᠡᠭ ᠶᠡᠭᠡ ᠨᠢᠬᠦᠯ ᠲᠠᠢ ᠠᠮᠢᠳᠠᠨ ᠬᠡᠵᠤ ᠦᠵᠡᠳᠡᠭ ᠪᠤᠯᠬᠤᠷ ᠬᠦᠮᠤᠨ ᠤ ᠲᠤᠯᠤᠭᠠᠢ ᠠᠴᠠ ᠲᠡᠬᠡᠭᠰᠢ ᠬ᠋ᠠᠷᠤᠬᠰᠠᠨ ᠠᠭᠠᠯᠵᠢ ᠶᠢ ᠵᠠᠪᠠᠯ ᠠᠯᠠᠳᠠᠬ ᠨᠢ ᠮᠤᠩᠭᠤᠯᠴᠤᠳ ᠤᠨ ᠨᠢᠬᠦᠯ ᠢ ᠴᠡᠬᠡᠷᠯᠡᠳᠡᠭ ᠰᠠᠨᠠᠬ᠋᠎ᠠ ᠶᠤᠮ᠃ ᠮᠤᠩᠭᠤᠯᠴᠤᠳ ᠶᠠᠮᠠᠷ ᠴᠤ ᠮᠠᠭᠤ ᠰᠠᠶᠢᠨ ᠠᠮᠢᠳᠠᠨ ᠢ ᠦᠨᠳᠤᠰᠤ ᠪᠠᠷ ᠨᠢ ᠤᠰᠠᠳᠬᠠᠳᠠᠭ ᠦᠬᠡᠢ᠂ ᠤᠴᠢᠷ ᠨᠢ ᠲᠡᠳᠡᠨ ᠳᠤ ᠪᠦᠷ ᠦᠪᠡᠷ ᠦᠪᠡᠷ ᠤᠨ ᠬᠡᠷᠡᠭᠴᠡᠭᠡ ᠲᠠᠢ ᠬᠡᠵᠤ ᠦᠵᠡᠳᠡᠭ᠂ ᠵᠢᠱᠢᠶᠡᠯᠡᠪᠡᠯ ᠬᠤᠷᠤᠬᠠᠢ ᠰᠢᠪᠠᠵᠢ᠂ ᠬᠤᠯᠤᠭᠠᠨ᠎ᠠ ᠵᠤᠷᠮ᠎ᠠ ᠶᠢ ᠪᠦᠬᠦᠨ ᠢ ᠤᠰᠠᠳᠬᠠᠪᠠᠯ ᠲᠡᠳᠡᠨ  ᠢᠶᠠᠷ ᠬᠤᠭᠤᠯᠠ ᠢᠳᠡᠰᠢ ᠬᠢᠳᠡᠭ ᠠᠮᠢᠳᠠᠳ ᠢ ᠬᠤᠤᠷᠯᠠᠵᠤ ᠪᠠᠶᠢᠬ᠋᠎ᠠ ᠶᠠᠪᠤᠳᠠᠯ ᠶᠤᠮ᠃        ᠶᠡᠷᠤ ᠠᠴᠠ ᠪᠠᠨ ᠪᠢᠳᠠᠨᠠᠷ ᠡᠪᠦᠭᠡ ᠳᠡᠭᠡᠳᠦᠰ ᠤᠨ ᠢᠶᠠᠨ ᠦᠨᠡᠨ ᠲᠡᠤᠬᠡ᠂ ᠰᠤᠶᠤᠯ ᠤᠯᠠᠮᠵᠢᠯᠠᠯ᠂ ᠶᠤᠰᠤ ᠵᠠᠩᠰᠢᠯ ᠢ ᠰᠡᠳᠬᠢᠯ ᠵᠢᠷᠤᠬᠡ ᠪᠠᠷ ᠮᠡᠳᠡᠷᠡᠬᠦ ᠴᠠᠬ ᠪᠤᠯᠤᠬᠰᠠᠨ︕ ᠤᠬ ᠨᠢ ᠬᠦᠮᠤᠨ ᠤ ᠬᠤᠯᠢᠵᠤ ᠬᠤᠳᠬᠤᠬᠰᠠᠨ ᠲᠡᠤᠬᠡ ᠬᠡᠭᠴᠢ ᠪᠠᠷ ᠡᠪᠦᠭᠡ ᠳᠡᠭᠡᠳᠦᠰ ᠢᠶᠠᠨ ᠬᠠᠷᠬᠢᠰ ᠬᠡᠷᠴᠡᠭᠡᠢ᠂ ᠪᠤᠯᠬᠢ ᠪᠦᠳᠦᠭᠦᠯᠢᠭ ᠬᠡᠮᠡᠨ ᠰᠤᠷᠴᠤ ᠪᠠᠶᠢᠬᠰᠠᠨ ᠪᠤᠯ ᠤᠳᠤ ᠦᠪᠡᠷ ᠤᠨ ᠴᠢᠰᠤ ᠶᠠᠰᠤ᠂ ᠰᠦᠨᠡᠰᠤ ᠮᠡᠳᠡᠷᠡᠮᠵᠢ ᠠᠴᠠ ᠪᠠᠨ ᠠᠰᠠᠭᠤᠬᠤ ᠴᠠᠬ ᠢᠷᠡᠭᠰᠡᠨ︕ ᠪᠢᠳᠡᠨ  ᠤ ᠡᠪᠦᠭᠡ ᠳᠡᠭᠡᠳᠦᠰ ᠴᠤᠬᠤᠮ ᠶᠠᠭᠤ ᠬᠢᠳᠡᠭ ᠶᠠᠮᠠᠷ ᠬᠦᠮᠤᠰ ᠪᠠᠶᠢᠬᠰᠠᠨ᠂ ᠪᠢᠳᠡ ᠶᠠᠮᠠᠷ ᠪᠠᠶᠢᠬᠤ ᠶᠤᠰᠤᠳᠠᠢ ᠶᠠᠭᠤ ᠬᠢᠬᠦ ᠶᠤᠰᠤᠳᠠᠢ  ᠁      ᠨᠢᠬᠡ ᠦᠨᠳᠤᠰᠤᠳᠡᠨ ᠰᠤᠶᠤᠯ ᠤᠨ ᠢᠶᠠᠨ ᠬ᠋ᠤᠤᠯ ᠴᠦᠮ᠎ᠠ ᠶᠢ ᠠᠯᠳᠠᠴᠢᠬᠠᠪᠠᠯ ᠬ᠋ᠠᠳᠠᠨ᠎ᠠ ᠲᠦᠷᠢ ᠲᠦᠷᠬᠦ ᠶᠢ ᠨᠢ ᠬᠡᠴᠢᠨᠡᠨ ᠬᠠᠮᠠᠭᠠᠯᠠᠬᠰᠠᠨ ᠴᠤ ᠬᠡᠷᠡᠭ ᠶᠠᠭᠤᠨ᠂ ᠶᠠᠬ ᠡᠰ ᠡᠷᠬᠡᠳᠡᠨ ᠤ ᠪᠠᠨ ᠲᠠᠷᠬᠠᠯᠬ᠋᠎ᠠ ᠮᠠᠭᠤᠳᠠᠬᠰᠠᠨ ᠢ ᠮᠡᠳᠡᠬᠦ ᠦᠬᠡᠢ ᠬᠦᠮᠤᠨ ᠠᠷᠠᠰᠤ ᠲᠦᠷᠬᠦ ᠪᠠᠨ ᠬᠠᠮᠠᠭᠠᠯᠠᠬᠤ ᠬᠡᠵᠤ ᠤᠷᠤᠯᠳᠠᠬᠤ ᠲᠠᠢ ᠠᠳᠠᠯᠢ᠂ ᠪᠢᠳᠡᠨ ᠤᠳᠤ ᠶᠠᠬ ᠦᠨᠳᠤᠰᠤᠳᠡᠨ ᠤ ᠪᠠᠨ ᠬ᠋ᠤᠤᠯ ᠴᠦᠮ᠎ᠠ ᠪᠠᠨ ᠬᠠᠮᠠᠭᠠᠯᠠᠬᠤ ᠵᠠᠩᠬᠢᠯᠠᠬ᠋᠎ᠠ ᠴᠠᠬ ᠦᠶ᠎ᠡ  ᠳᠤ ᠢᠷᠡᠴᠢᠬᠡᠬᠡᠳ ᠪᠠᠶᠢᠨ᠎ᠠ᠃ ᠶᠤᠰᠤ ᠵᠠᠩᠰᠢᠯ᠂ ᠰᠤᠶᠤᠯ ᠤᠯᠠᠮᠵᠢᠯᠠᠯ ᠢᠶᠠᠨ ᠬᠡᠷᠬᠢᠨ ᠠᠪᠴᠤ ᠦᠯᠡᠳᠡᠬᠦ ᠨᠢ ᠪᠢᠳᠡᠨ  ᠤ ᠬ᠋ᠠᠷ ᠢᠶᠠᠷ ᠪᠢᠴᠢᠭᠳᠡᠬᠦ ᠲᠡᠤᠬᠡ᠂ ᠲᠡᠤᠬᠡᠨ ᠡᠬᠦᠷᠬᠡ ᠪᠤᠯᠤᠭᠠᠳ ᠪᠠᠶᠢᠨ᠎ᠠ ᠬᠡᠳᠡᠭ ᠢ ᠮᠡᠳᠡᠷᠡᠵᠡᠬᠡᠶ᠎ᠡ᠃ ᠪᠢᠳᠡᠨ ᠳᠤ ᠬᠠᠮᠤᠬ ᠤᠨ ᠬᠡᠷᠡᠭᠴᠡᠭᠡ ᠲᠠᠢ ᠵᠦᠢᠯ᠂ ᠨᠢᠬᠡᠨᠳᠡ ᠮᠠᠷᠳᠠᠬᠳᠠᠬᠰᠠᠨ ᠢᠵᠠᠭᠤᠷ ᠶᠤᠰᠤ ᠵᠠᠩᠰᠢᠯ᠂ ᠰᠤᠶᠤᠯ ᠪᠤᠯᠪᠠᠰᠤᠨ  ᠳᠤ ᠪᠠᠶᠢᠳᠠᠬ᠃ ᠤᠷᠤ ᠲᠠᠰᠤ ᠮᠠᠷᠳᠠᠬᠳᠠᠬᠰᠠᠨ ᠵᠦᠢᠯ ᠠᠴᠠ ᠲᠡᠬᠢᠨ ᠰᠢᠨ᠎ᠠ ᠴᠠᠬ ᠬᠤᠭᠤᠴᠠᠬ᠋᠎ᠠ ᠡᠬᠢᠯᠡᠳᠡᠭ ᠬᠡᠵᠤ ᠵᠦᠩᠴᠢ ᠮᠡᠷᠬᠡᠳ ᠦᠬᠦᠯᠡᠭᠰᠡᠨ ᠪᠠᠶᠢᠳᠠᠭ᠃ ᠤᠷᠴᠢᠯᠠᠩ ᠶᠢᠷᠳᠢᠨᠴᠦ᠂ ᠴᠠᠬ ᠬᠤᠭᠤᠴᠠᠭ᠎ᠠ ᠪᠦᠷ ᠡᠷᠬᠢᠯᠳᠡ ᠲᠠᠢ᠂ ᠤᠳᠤ᠂ ᠦᠡᠭᠬᠡᠷᠡᠭᠰᠡᠨ᠂ ᠢᠷᠡᠬᠡᠳᠤᠢ ᠪᠦᠷ ᠰᠦᠯᠵᠢᠶᠡᠰᠤᠳᠠᠢ᠃ ᠮᠤᠩᠭᠤᠯᠴᠤᠳ ᠤᠨ ᠢᠶᠠᠨ ᠢᠷᠡᠬᠡᠳᠤᠢ ᠶᠢᠨ ᠰᠠᠶᠢᠨ ᠰᠠᠶᠢᠬᠠᠨ ᠢ ᠢᠷᠤᠬᠡᠨ ᠵᠦᠩᠨᠡᠵᠦ ᠪᠠᠶᠢᠨ᠎ᠠ᠃ 1.ᠦᠷ᠎ᠡ ᠶᠢᠨ ᠬᠤᠳᠤᠬ ᠬ᠋ᠤᠶᠤᠬᠤ ᠲᠤᠮ ᠢ ᠬᠡᠷᠯᠡᠬᠡᠳ ᠬ᠋ᠤᠷᠪᠡᠨ ᠵᠢᠯ ᠪᠤᠯᠤᠭᠠᠳ ᠬᠡᠤᠬᠡᠳ ᠬ᠋ᠠᠷᠤᠭᠠᠳᠤᠢ ᠪᠡᠷᠢ ᠶᠢ ᠬᠠᠳᠠᠮ ᠡᠵᠢ ᠨᠢ ᠲᠠᠭᠠᠭᠤᠯᠤᠨ ᠬᠤᠳᠳᠤᠬ ᠤᠨ ᠲᠡᠷᠬᠡᠳᠡ ᠠᠪᠤᠭᠠᠴᠢᠭᠠᠳ ᠬᠡᠷ ᠵᠦᠭ ᠨᠢ ᠬᠠᠷᠠᠭᠤᠯᠤᠨ ᠰᠠᠭᠤᠯᠭᠠᠭᠠᠳ ᠤᠭᠤᠷ ᠲᠤ ᠴᠠᠢ ᠨᠦᠳᠦᠬᠦᠯᠤᠨ ᠦᠷ᠎ᠡ ᠶᠢᠨ ᠬᠤᠳᠤᠬ ᠬ᠋ᠤᠶᠤᠨ᠎ᠠ᠃ 2.ᠬᠡᠤᠬᠡᠳ ᠰᠢᠷᠢᠭᠯᠡᠬᠦ ᠲᠤᠮ ᠢ ᠬᠡᠤᠬᠡᠳ ᠬᠠᠯᠠᠭᠤᠷᠠᠵᠤ᠂ ᠤᠬᠢᠯᠠᠵᠤ ᠤᠷᠢᠯᠠᠭᠠᠳ ᠪᠠᠶᠢᠪᠠᠯ ᠡᠬᠡ ᠡᠴᠢᠬᠡ ᠨᠢ ᠬ᠋ᠠᠯ ᠴᠤᠬ ᠲᠠᠢ ᠰᠢᠨᠠᠭᠠᠨ ᠳᠤ ᠲᠠᠪᠤᠰᠤ ᠪᠤᠶᠤ ᠠᠷᠴᠠ ᠬᠢᠵᠤ ᠰᠦᠨᠢ ᠤᠷᠤᠢ ᠪᠦᠷᠤᠩᠬᠡᠢ ᠪᠤᠯᠬᠤ ᠦᠶ᠎ᠡ ᠳᠤ ᠬᠡᠤᠬᠡᠳ  ᠤᠨ ᠲᠤᠯᠤᠭᠠᠢ ᠪᠡᠶ᠎ᠡ ᠶᠢ ᠲᠤᠭᠤᠷᠢᠭᠤᠯᠤᠨ  ᠡᠰᠡᠬᠦᠯ᠎ᠡ  ᠦᠯᠤᠬᠡᠢ ᠮᠠᠨᠴᠤᠢ ᠶᠢ ᠨᠢ ᠲᠤᠭᠤᠷᠢᠭᠤᠯᠤᠨ ᠤᠳᠤᠵᠤ ᠬ᠋ᠠᠯ  ᠲᠠᠢ ᠰᠢᠨᠠᠬ᠋᠎ᠠ ᠪᠠᠨ ᠬ᠋ᠠᠷᠭᠠᠨ᠎ᠠ᠃  ᠠᠷᠠᠢ ᠲᠤᠮᠤ ᠬᠡᠤᠬᠡᠳ ᠢ ᠪᠤᠯ ᠰᠢᠭᠤᠳ ᠲᠤᠯᠭᠠᠨ ᠤ ᠴᠤᠬᠰᠢᠬᠰᠠᠨ ᠬ᠋ᠠᠯ ᠲᠡᠬᠡᠷ᠎ᠡ ᠲᠠᠪᠤᠰᠤ ᠰᠠᠴᠤᠵᠤ᠂ ᠨᠢᠴᠤᠬᠦᠯᠡᠨ ᠲᠠᠪᠤᠰᠤ ᠱᠠᠷᠴᠢᠬᠢᠨᠠᠨ ᠦᠰᠦᠷᠬᠦ ᠳᠤ ᠲᠡᠬᠡᠬᠦᠷ ᠨᠢ ᠨᠠᠷᠠ ᠵᠦᠪ ᠡᠷᠬᠢᠬᠦᠯᠵᠤ 《 ᠰᠢᠷᠬᠡ ᠰᠢᠷᠬᠡ ᠰᠢᠷᠬᠡ 》ᠬᠡᠵᠤ ᠰᠢᠪᠰᠢᠨ᠎ᠡ᠃ 3.ᠬᠡᠤᠬᠡᠳ ᠬᠡᠨᠡᠳᠳᠡ ᠠᠶᠤᠵᠤ ᠰᠤᠴᠢᠨ ᠤᠬᠢᠯᠠᠬᠤ ᠳᠤ ᠰᠦᠨᠡᠰᠤ ᠨᠢ ᠶᠠᠪᠤᠴᠢᠬᠠᠨ᠎ᠠ ᠭᠡᠵᠦ ᠪᠤᠯᠭᠤᠮᠵᠢᠯᠠᠨ ᠮᠠᠯᠠᠭᠠᠢ  ᠶᠢ ᠨᠢ ᠪᠤᠷᠤᠭᠤ ᠬᠠᠷᠠᠭᠤᠯᠵᠤ ᠡᠮᠦᠰᠬᠡᠨ ᠲᠤᠮᠨᠠᠳᠠᠬ᠃ 4.ᠬᠡᠤᠬᠡᠳ ᠤᠨ ᠠᠮᠠ ᠬ᠋ᠠᠮᠳᠠᠬᠤ ᠳᠤ ᠨᠠᠭᠠᠴᠤ ᠶᠢᠨ ᠬᠢᠨᠢ ᠤᠨᠤᠵᠤ ᠢᠷᠡᠭᠰᠡᠨ ᠮᠤᠷᠢᠨ ᠤ ᠬᠠᠯᠠᠭᠤᠨ ᠠᠮᠠᠭᠠᠢ ᠶᠢ ᠲᠤᠳᠤᠭᠤ ᠪᠠᠷ ᠤᠷᠤᠭᠤᠯᠵᠤ ᠵᠠᠭᠤᠯᠭᠠᠬᠤ ᠳᠠᠭᠠᠨ ᠡᠬᠡ ᠨᠢ ᠬᠡᠤᠬᠡᠳ ᠬᠡᠵᠢᠶ᠎ᠡ ᠬ᠋ᠠᠮᠳᠠᠵᠤ ᠪᠠᠶᠢᠯ᠎ᠠ ᠠᠮᠠᠭᠠᠢ ᠪᠠᠷ ᠬᠡᠵᠢᠶ᠎ᠡ ᠲᠤᠮᠨᠠᠵᠤ ᠪᠠᠶᠢᠯ᠎ᠠ᠂ ᠡᠮ ᠲᠤᠮ ᠡᠮ ᠲᠤᠮ ᠬᠡᠵᠤ ᠬᠡᠳᠤᠨᠳᠡ ᠬᠡᠯᠡᠬᠡᠳ ᠠᠮᠠᠨ ᠳᠤ ᠨᠢ ᠡᠮᠬᠦᠬᠦᠯᠵᠤ ᠲᠤᠮᠨᠠᠨ᠎ᠠ᠃ 5.ᠬᠡᠤᠬᠡᠳ ᠠᠶᠤᠵᠤ ᠰᠤᠴᠢᠬᠰᠠᠨ ᠳᠤ ᠲᠤᠭᠤᠯᠬ᠋᠎ᠠ ᠬᠠᠶᠢᠯᠠᠭᠤᠯᠵᠤ ᠠᠶᠠᠬ᠋᠎ᠠ ᠲᠠᠢ ᠤᠰᠤᠨ ᠳᠤ ᠬᠢᠵᠤ ᠶᠠᠮᠠᠷ ᠨᠢᠭᠡᠨ ᠲᠦᠷᠰᠤ ᠪᠤᠯᠬᠤ ᠳᠤ ᠨᠢ ᠶᠠᠭᠤᠨ ᠠᠴᠠ ᠠᠶᠤᠬᠰᠠᠨ ᠢ ᠨᠢ ᠲᠤᠳᠤᠯᠠᠵᠤ ᠲᠡᠷᠡ ᠲᠦᠷᠰᠤ ᠪᠠᠷ ᠨᠢ ᠲᠤᠬᠯᠠᠭᠠᠮ ᠤᠷᠠᠯᠠᠵᠤ ᠦᠯᠤᠬᠡᠢ᠂ ᠬᠤᠪᠴᠠᠰᠤᠨ ᠳᠤ ᠨᠢ ᠵᠡᠬᠦᠯᠬᠡᠵᠤ ᠦᠭᠬᠦᠨ᠎ᠡ᠃ 6.ᠬᠡᠤᠬᠡᠳ ᠬᠠᠯᠠᠭᠤᠷᠠᠵᠤ᠂ ᠬᠠᠨᠢᠶᠠᠳᠤ ᠲᠤᠮᠤᠭᠤ ᠲᠤᠰᠤᠪᠠᠯ 《 ᠲᠤᠯᠤᠭᠠᠨ ᠪᠤᠷᠬᠠᠨ ᠳᠤ ᠤᠰᠤ ᠠᠳᠢᠰᠯᠠᠵᠤ ᠦᠭᠬᠦ 》ᠬᠡᠳᠡᠭ ᠲᠤᠮ ᠬᠢᠨ᠎ᠡ᠃ ᠡᠨᠡ ᠨᠢ ᠦᠳᠡᠰᠢ ᠤᠷᠤᠢ ᠠᠶᠠᠬ᠋᠎ᠠ᠂ ᠰᠠᠪᠠᠨ ᠳᠤ ᠪᠤᠴᠠᠯᠤᠭᠰᠠᠨ ᠤᠰᠤ ᠬᠢᠵᠤ ᠬ᠋ᠠᠷ ᠲᠡᠬᠡᠷ᠎ᠡ ᠪᠠᠨ ᠲᠠᠯᠪᠢᠵᠤ ᠬ᠋ᠠᠳᠠᠨ᠎ᠠ ᠵᠤᠬᠰᠤᠵᠤ ᠪᠠᠶᠢᠭᠠᠳ ᠲᠤᠯᠤᠭᠠᠨ ᠪᠤᠷᠬᠠᠨ ᠤᠳᠤ ᠬ᠋ᠠᠷᠬᠤ ᠳᠤ ᠬᠡᠷ ᠲᠡᠭᠡᠨ ᠤᠷᠤᠵᠤ ᠬᠡᠤᠬᠡᠳ ᠲᠤ ᠤᠤᠭᠤᠯᠭᠠᠨ᠎ᠠ᠃7.ᠬᠡᠤᠬᠡᠳ ᠤᠬᠢᠯᠠᠭᠠᠨᠠᠬᠤ ᠳᠤ ᠠᠶᠠᠭᠠᠨ ᠳᠤ ᠤᠰᠤ ᠬᠢᠵᠤ ᠲᠤᠯᠭᠠᠨ ᠤ ᠬᠦᠯ ᠲᠤᠤᠷ᠎ᠠ ᠠᠴᠠ ᠦᠨᠡᠰᠤ᠂ ᠬᠡᠤᠬᠡᠳ  ᠤᠨ ᠤᠷᠤᠨ ᠲᠤᠤᠷ᠎ᠡ ᠠᠴᠠ ᠮᠦᠨ ᠪᠤᠱᠤᠭᠠᠨ ᠤ ᠰᠢᠷᠤᠢ ᠠᠴᠠ ᠬ᠋ᠤᠷᠪᠡ ᠬ᠋ᠤᠷᠪᠡᠨ ᠴᠢᠮᠬᠢ ᠠᠪᠴᠤ ᠤᠰᠤ ᠤᠷᠤᠭᠤ ᠬᠢᠵᠤ ᠬᠡᠷ ᠢᠶᠠᠨ ᠬ᠋ᠤᠷᠪᠡ ᠤᠳᠠᠬ᠋᠎ᠠ ᠲᠤᠭᠤᠷᠢᠵᠤ ᠮᠠᠭᠤ ᠵᠦᠭ ᠤᠷᠤᠭᠤ ᠰᠠᠴᠤᠨ᠎ᠠ᠃ 8.ᠬᠡᠤᠬᠡᠳ ᠡᠪᠡᠳᠬᠦ ᠳᠤ ᠦᠳᠡᠰᠢ ᠤᠷᠤᠢ ᠬ᠋ᠠᠭᠴᠠ ᠤᠳᠤ ᠬ᠋ᠠᠷᠬᠤ ᠦᠶ᠎ᠡ ᠳᠤ ᠬ᠋ᠠᠯ ᠤᠨ ᠬᠠᠶᠢᠴᠢ᠂ ᠬᠤᠰᠤᠭᠤᠷ᠂ ᠰᠢᠯᠡᠭᠡᠪᠦᠷ ᠵᠡᠷᠬᠡ ᠲᠡᠮᠤᠷ ᠡᠳᠡᠯᠡᠯ ᠢ ᠤᠯᠠᠶᠢᠯᠭᠠᠵᠤ ᠬᠡᠤᠬᠡᠳ ᠤᠨ ᠲᠡᠷᠬᠡᠳᠡ ᠤᠰᠤ ᠤᠷᠤᠭᠤ ᠲᠦᠷᠢᠨ ᠴᠢᠮᠡᠭᠡ ᠬ᠋ᠠᠷᠭᠠᠵᠤ 《 ᠰᠢᠷᠬᠡ᠂ ᠰᠢᠷᠬᠡ᠂ ᠰᠢᠷᠬᠡ 》ᠬᠡᠵᠤ ᠬ᠋ᠤᠷᠪᠠᠨᠳᠠ ᠰᠢᠪᠰᠢᠵᠤ ᠤᠰᠤ ᠲᠠᠢ ᠠᠶᠠᠬ᠋᠎ᠠ ᠪᠠᠨ ᠬᠡᠤᠬᠡᠳ  ᠤᠨ ᠲᠡᠬᠡᠬᠦᠷ ᠡᠬᠢᠯᠡᠬᠡᠳ ᠨᠠᠷᠠ ᠪᠤᠷᠤᠭᠤ ᠬ᠋ᠤᠷᠪᠡ᠂ ᠲᠠᠷᠠᠬ᠋᠎ᠠ ᠨᠢ ᠨᠠᠷᠠ ᠵᠦᠪ ᠬ᠋ᠤᠷᠪᠠ ᠡᠷᠬᠢᠬᠦᠯᠦᠬᠡᠳ ᠪᠤᠷᠤᠭᠤ ᠡᠬᠦᠳᠡ ᠪᠠᠷ ᠬ᠋ᠠᠳᠠᠬᠰᠢ ᠰᠠᠴᠤᠳᠠᠬ᠃ ᠪᠠᠰᠠ 《 ᠲᠠᠪᠤᠰᠤ ᠦᠰᠦᠷᠬᠡᠬᠦ 》ᠲᠤᠮ ᠬᠢᠨ᠎ᠠ᠃ ᠬ᠋ᠠᠯ ᠳᠤ ᠲᠠᠪᠤᠰᠤ ᠰᠠᠴᠤᠵᠤ ᠲᠡᠬᠦᠨ ᠲᠡᠬᠡᠷ᠎ᠡ ᠪᠠᠨ ᠨᠢᠴᠦᠬᠦᠨ ᠪᠡᠶ᠎ᠡ ᠪᠠᠷ ᠨᠢ ᠬᠡᠤᠬᠡᠳ ᠢᠶᠠᠨ ᠬᠡᠳᠦᠨᠲᠡ ᠡᠷᠬᠢᠬᠦᠯᠵᠤ ᠰᠢᠷᠢᠭᠯᠡᠨ᠎ᠡ᠃ ᠲᠠᠪᠤᠰᠤ ᠨᠢ ᠦᠰᠦᠷᠴᠤ ᠪᠡᠶᠡᠨ ᠳᠤ ᠨᠢ ᠲᠤᠰᠤᠵᠤ ᠤᠶᠢᠴᠢᠵᠤ ᠪᠠᠶᠢᠪᠠᠯ ᠰᠠᠶᠢᠨ᠃ 9.ᠬᠡᠤᠬᠡᠳ ᠢ ᠦᠳᠡᠰᠢ ᠤᠷᠤᠢ ᠬ᠋ᠠᠳᠠᠬᠰᠢ ᠬ᠋ᠠᠷᠭᠠᠬᠤ ᠳᠠᠭᠠᠨ ᠬᠠᠮᠠᠷ ᠲᠡᠬᠡᠬᠦᠷ ᠨᠢ ᠲᠡᠬᠡᠷ᠎ᠡ ᠠᠴᠠ ᠲᠤᠷᠤᠬᠰᠢ ᠲᠤᠭᠤᠭᠠᠨ ᠤ ᠭᠦ᠋ ᠲᠦᠷᠬᠢᠵᠤ 《 ᠪᠤᠷᠤ ᠬᠠᠯᠵᠠᠨ ᠲᠡᠤᠯᠠᠢ 》ᠪᠤᠯᠭᠠᠬᠤ ᠲᠤᠮ ᠬᠢᠳᠡᠭ᠃ 10.ᠬᠡᠤᠬᠡᠳ ᠢ ᠤᠨᠳᠠᠬ᠋᠎ᠠ ᠪᠠᠷ ᠨᠢ ᠬᠡᠷ ᠬ᠋ᠠᠭᠴᠠᠭᠠᠷ ᠢ ᠦᠯᠡᠳᠡᠬᠡᠵᠤ ᠪᠤᠯᠬᠤ ᠦᠬᠡᠢ᠂ ᠦᠯᠡᠳᠡᠬᠡᠪᠡᠯ ᠲᠡᠷᠬᠡᠳᠡ ᠨᠢ ᠪᠠᠯᠳᠠ ᠰᠦᠬᠡ᠂ ᠮᠤᠨᠠ᠂ ᠰᠢᠨᠠᠬ᠋᠎ᠠ ᠲᠠᠯᠪᠢᠨ᠎ᠠ᠃ 11.ᠬᠡᠤᠬᠡᠳ ( ᠨᠢᠯᠬ᠎ᠠ ) ᠶᠠᠭᠤᠮ᠎ᠠ ᠵᠢᠭᠠᠭᠠᠵᠤ ᠱᠤᠯᠤᠭᠠᠨᠠᠪᠠᠯ 《 ᠴᠢᠮ᠎ᠠ ᠠᠴᠠ ᠴᠠᠭᠠᠨ᠎ᠠ ᠴᠠᠭᠠᠰᠤᠨ ᠴᠢᠬᠢᠳᠤ 》ᠬᠡᠵᠤ ᠬᠡᠯᠡᠵᠤ ᠶᠠᠭᠤᠮ᠎ᠠ ᠬᠦᠬᠡᠬᠡᠬᠦ ᠮᠠᠳᠤ ᠵᠠᠩᠨᠠᠨ᠎ᠠ᠃ 12.ᠬᠡᠤᠬᠡᠳ ᠬᠠᠯᠠᠭᠤᠷᠠᠵᠤ ᠡᠪᠡᠳᠴᠢᠨ ᠤᠷᠤᠪᠠᠯ ᠴᠠᠭᠠᠰᠤ ᠶᠢ ᠲᠤᠯᠤᠬ᠋᠎ᠠ ᠨᠤᠭᠤᠯᠵᠤ ᠲᠤᠯᠤᠭᠠᠨ ᠰᠢᠷᠬᠡᠭ ᠬᠦᠮᠤᠨ ᠲᠦᠷᠰᠤ ᠬᠠᠶᠢᠴᠢᠯᠠᠭᠠᠳ ᠬᠡᠤᠬᠡᠳ ᠤᠨ ᠲᠡᠷᠡᠨ ᠳᠤᠤᠷ᠎ᠠ ᠬᠢᠵᠤ ᠬᠤᠨᠤᠭᠤᠯᠤᠭᠠᠳ ᠦᠷᠯᠤᠬᠡ ᠨᠢ ᠲᠡᠬᠦᠨ ᠢ ᠪᠠᠨ ᠰᠢᠳᠠᠭᠠᠵᠤ ᠦᠨᠡᠰᠤ ᠶᠢ ᠨᠢ ᠬᠦᠨ ᠬᠤᠳᠳᠤᠬ ᠠᠴᠠ ᠠᠪᠤᠬᠰᠠᠨ ᠤᠰᠤᠨ ᠳᠤ ᠬᠢᠵᠤ ᠬᠡᠤᠬᠡᠳ ᠢᠳᠡᠭᠰᠡᠨ ᠶᠠᠭᠤᠮᠠᠨ  ᠤ ᠦᠯᠡᠳᠡᠪᠤᠷᠢ ᠶᠢ ᠨᠡᠮᠡᠵᠤ ᠬ᠋ᠠᠳᠠᠬᠰᠢ ᠬ᠋ᠠᠷᠤᠭᠠᠳ ᠵᠠᠭᠤᠨ ᠠᠯᠬᠤᠮ ᠤᠨ ᠴᠠᠭᠠᠨ᠎ᠠ ᠬᠠᠶᠠᠨ᠎ᠠ᠃13.ᠬᠡᠤᠬᠡᠳ ᠢ ᠰᠡᠬᠦᠳᠡᠷ ᠢᠶᠠᠷ ᠨᠢ ᠲᠤᠬᠯᠠᠭᠤᠯᠬᠤ᠂ ᠤᠷᠤᠢ ᠲᠤᠯᠢᠨ ᠳᠤ ᠨᠢᠭᠤᠷ ᠢᠶᠠᠨ ᠬᠠᠷᠠᠬᠤ ᠠᠴᠠ ᠨᠢ ᠪᠤᠯᠭᠤᠮᠵᠢᠯᠠᠨ᠎ᠠ᠃ ᠡᠰᠡ ᠲᠡᠬᠡᠪᠡᠯ ᠲᠡᠷᠡ ᠨᠢ ᠤᠷᠤᠨ ᠳᠠᠭᠠᠨ ᠰᠢᠬᠡᠨ᠎ᠡ ᠭᠡᠳᠡᠭ᠃ ( ᠮᠤᠩᠭᠤᠯᠴᠤᠳ ᠶᠡᠷᠤ ᠰᠦᠨᠢ ᠲᠤᠯᠢᠨ ᠳᠤ ᠲᠦᠷᠢ ᠪᠠᠨ ᠦᠵᠡᠬᠦ ᠶᠢ ᠴᠡᠬᠡᠷᠯᠡᠳᠡᠭ᠂ ᠲᠤᠯᠢ ᠶᠢ ᠪᠦᠳᠡᠬᠡᠵᠤ ᠬᠤᠨᠤᠭᠤᠯᠳᠠᠬ᠃ ᠲᠤᠯᠢᠨ ᠳᠤ ᠡᠯᠳᠡᠪ ᠰᠠᠶᠢᠨ ᠮᠠᠭᠤ ᠶᠠᠭᠤᠮ᠎ᠠ ᠰᠢᠩᠬᠡᠳᠡᠭ ᠪᠤᠯᠬᠤᠷ ᠬᠡᠤᠬᠡᠳ ᠰᠡᠪᠳᠡᠬᠦ ᠠᠴᠠ ᠰᠡᠷᠬᠡᠶᠢᠯᠡᠵᠤ ᠪᠠᠶᠢᠭ᠎ᠠ ᠤᠴᠢᠷ᠃ ) 14.ᠬᠡᠤᠬᠡᠳ ᠤᠨ ᠴᠢᠬᠢ ᠡᠪᠡᠳᠬᠦ ᠳᠤ ᠨᠤᠶᠢᠳᠡᠨ ᠪᠤᠷᠭᠠᠰᠤ ᠤᠬ ᠬᠡᠤᠬᠡᠳ ᠢᠶᠠᠷ ᠠᠯᠳᠠᠯᠠᠭᠤᠯᠵᠤ ᠬᠡᠮᠵᠢᠶ᠎ᠡ ᠶᠢ ᠤᠨᠢᠨ ᠳᠤ ᠬᠠᠪᠴᠢᠭᠤᠯᠤᠨ᠎ᠠ᠃ ᠢᠡᠭᠬᠢᠵᠤ ᠬ᠋ᠤᠷᠪᠡ ᠤᠳᠠᠬ᠋᠎ᠠ ᠲᠠᠪᠳᠠᠨ ᠦᠢᠯᠡᠳᠤᠨ᠎ᠡ᠃ 15.ᠴᠢᠬᠢᠨ ᠠᠴᠠ ᠬᠤᠯᠬᠢ ᠬ᠋ᠤᠭᠤᠵᠢᠭᠠᠳ ᠪᠠᠶᠢᠪᠠᠯ ᠮᠤᠳᠤᠨ ᠤ ᠦᠵᠤᠬᠦᠷ ᠲᠤ ᠬᠦᠪᠤᠡᠭ ᠤᠷᠢᠶᠠᠵᠤ ᠬ᠋ᠤᠭᠤᠵᠢᠬᠰᠠᠨ ᠬᠤᠯᠬᠢ ᠶᠢ ᠰᠢᠩᠬᠡᠬᠡᠳ ᠰᠢᠷ᠎ᠠ ᠪᠤᠳᠠᠬ᠋᠎ᠠ ᠲᠡᠬᠡᠷ᠎ᠡ ᠨᠢ ᠨᠠᠭᠠᠯᠳᠤᠭᠤᠯᠵᠤ ᠪᠤᠷᠤ ᠰᠢᠪᠡᠭᠤᠨ ᠳᠤ ᠢᠳᠡᠬᠦᠯᠤᠨ᠎ᠡ᠃ ᠬᠡᠳᠦᠨᠳᠡ ᠢᠳᠡᠬᠦᠯᠦᠭᠰᠡᠨ ᠤ ᠲᠠᠷᠠᠬ᠋᠎ᠠ ᠡᠳᠡᠬᠡᠨ᠎ᠡ᠃ 16.ᠬᠡᠤᠬᠡᠳ ᠤᠨ ᠬ᠋ᠠᠷ ᠲᠡᠬᠡᠷ᠎ᠡ ᠦ ᠬ᠋ᠠᠷᠤᠭᠠᠳ ᠪᠠᠶᠢᠪᠠᠯ ᠨᠠᠭᠠᠴᠤ ᠪᠠᠷ ᠨᠢ ᠲᠤᠮᠨᠠᠭᠤᠯᠵᠤ ᠡᠳᠡᠬᠡᠨ᠎ᠡ᠃ 17.ᠬᠡᠤᠬᠡᠳ ᠬᠦᠨᠳᠤ ᠡᠪᠡᠳᠴᠢᠯᠡᠵᠤ ᠤᠬᠠᠭᠠᠨ ᠠᠯᠳᠠᠪᠠᠯ ᠡᠬᠡ ᠨᠢ ᠡᠬᠦᠳᠡᠨ ᠳᠡᠭᠡᠷ᠎ᠡ ᠪᠠᠨ ᠬ᠋ᠠᠷᠴᠤ ᠮᠦᠮᠤ ᠪᠠᠨ ᠬ᠋ᠠᠷᠭᠠᠨ ᠲᠠᠯᠯᠠᠵᠤ 《 ᠮᠢᠨᠤ ᠬᠦᠦ ᠢᠷ᠎ᠡ᠂ ᠢᠷ᠎ᠡ 》ᠬᠡᠵᠤ ᠲᠠᠭᠤᠳᠠᠨ᠎ᠠ᠃ ᠰᠦᠨᠡᠰᠤ ᠲᠦᠬᠡᠷᠢᠬᠦ ᠠᠴᠠ ᠰᠡᠷᠡᠮᠵᠢᠯᠡᠬᠦ ᠲᠤᠮ᠃ 18.ᠡᠬᠡ ᠶᠢᠨ ᠬᠦᠬᠦ ᠬᠠᠪᠤᠳᠪᠠᠰᠤ ᠶᠠᠭᠤᠮ᠎ᠠ ᠬ᠋ᠤᠷᠢᠳᠠᠬᠤ ᠬᠠᠪᠤᠳᠤᠭᠰᠠᠨ ᠪᠤᠯ ᠬ᠋ᠤᠷᠢᠳᠠᠭᠤᠯᠤᠬᠰᠠᠨ ᠬᠦᠮᠤᠨ ᠨᠢ ᠠᠷᠭᠠᠯ᠂ ᠬᠤᠮᠤᠤᠯ ᠮᠠᠳᠤ ᠶᠢ ᠴᠠᠭᠠᠰᠤᠨ ᠳᠤ ᠪᠤᠭᠤᠵᠤ ᠦᠭᠬᠦᠬᠡᠳ ᠲᠠᠬᠢᠨ ᠬ᠋ᠤᠷᠢᠳᠠᠭᠤᠯᠤᠬᠰᠠᠨ ᠤ ᠪᠠᠨ ᠲᠠᠷᠠᠬ᠋᠎ᠠ ᠬᠤᠶᠢᠨ᠎ᠠ ᠠᠴᠠ ᠨᠢ ᠵᠢᠩᠬᠢᠨᠢ ᠰᠢᠬᠢᠷ᠂ ᠪᠤᠤᠪᠤ ᠶᠢᠨ ᠪᠡᠯᠡᠭ ᠦᠭᠴᠤ ᠬ᠋ᠤᠷᠢᠳᠠᠯᠬ᠋᠎ᠠ ᠶᠢ ᠨᠢ ᠲᠠᠶᠢᠯᠤᠨ᠎ᠠ᠃ 19.ᠡᠩ ᠤᠨ ᠢᠯᠢᠳᠤ ᠶᠢ ᠪᠠᠷᠰ ᠵᠢᠯ ᠲᠠᠢ ᠬᠦᠮᠤᠨ ᠢᠶᠠᠷ ᠬᠠᠵᠠᠭᠤᠯᠵᠤ ᠲᠤᠮᠨᠠᠳᠠᠬ᠃ 20.ᠬᠡᠯᠡ ᠰᠤᠯᠠᠬᠠᠨ ᠬᠡᠤᠬᠡᠳ ᠲᠤ ᠨᠠᠭᠠᠴᠤ ᠶᠢᠨ ᠬᠢ ᠠᠴᠠ ᠨᠢ ᠬᠡᠯᠡ ᠬᠤᠯᠠᠭᠠᠶᠢᠯᠠᠵᠤ ᠢᠳᠡᠬᠦᠯᠵᠤ ᠲᠤᠮᠨᠠᠳᠠᠬ᠃ 21.ᠬᠡᠤᠬᠡᠳ ᠤᠨ ᠴᠢᠬᠢᠨ ᠠᠴᠠ ᠨᠤᠶᠢᠳᠠᠨ ᠬᠤᠯᠬᠢ ᠬ᠋ᠤᠭᠤᠵᠢᠪᠡᠯ ᠨᠠᠭᠠᠴᠤ ᠶᠢᠨ ᠲᠡᠪᠡᠯ ᠤᠨ ᠲᠤᠳᠤᠭᠠᠳᠤ ᠡᠩᠬᠡᠷ  ᠠᠴᠠ ᠨᠢᠭᠤᠴᠠ ᠪᠠᠷ ᠵᠢᠭᠠᠬᠠᠨ ᠢ ᠠᠪᠤᠭᠠᠳ ᠰᠢᠳᠠᠭᠠᠵᠤ ᠦᠨᠡᠰᠤ ᠶᠢ ᠨᠢ ᠬᠢᠵᠤ ᠲᠤᠮᠨᠠᠳᠠᠭ᠃ 22.ᠨᠢᠳᠤᠨ ᠡᠪᠦᠳᠦᠭ ᠬ᠋ᠠᠷᠪᠠᠯ ᠵᠡᠬᠦᠨ ᠨᠢᠳᠤ ᠪᠤᠯ ᠪᠠᠷᠠᠭᠤᠨ ᠡᠪᠦᠳᠦᠭ ᠢᠶᠠᠷ ᠪᠠᠷᠠᠭᠤᠨ ᠨᠢᠳᠤ ᠪᠤᠯ ᠵᠡᠬᠦᠨ ᠡᠪᠦᠳᠦᠭ ᠢᠶᠠᠷ ᠱᠦᠷᠬᠦᠬᠡᠵᠤ 《 ᠡᠪᠦᠳᠦᠭ ᠬᠡᠵᠢᠶ᠎ᠡ ᠨᠢᠳᠤᠨ ᠳᠤ ᠬ᠋ᠠᠷᠳᠠᠬ ᠶᠤᠮ᠂ ᠡᠪᠦᠳᠦᠭ ᠢᠶᠠᠷ ᠬᠡᠵᠢᠶ᠎ᠡ ᠲᠤᠮᠨᠡᠵᠤ ᠪᠠᠶᠢᠬᠰᠠᠨ ᠶᠤᠮ᠂ ᠡᠮ ᠲᠤᠮ᠂ ᠡᠮ ᠲᠤᠮ 》ᠬᠡᠵᠤ ᠲᠤᠮᠨᠠᠨ᠎ᠠ᠃ 23.ᠨᠢᠳᠤᠨ ᠳᠤ ᠴᠠᠬ᠋᠎ᠠ ᠤᠨᠠᠪᠠᠯ ᠲᠤᠭᠤᠭᠠᠨ ᠬᠠᠪᠬᠠᠭᠠᠰᠤᠨ ᠤ ᠭᠭᠢᠷ‌‍ᠢᠶ᠋ᠠᠷ ᠨᠢᠳᠤ ᠪᠠᠨ ᠵᠦᠯᠬᠦᠬᠡᠳ ᠴᠡᠪᠡᠷ ᠤᠰᠤᠨ  ᠳᠤ ᠬᠠᠶᠠᠵᠤ ᠲᠤᠮᠨᠠᠨ᠎ᠠ᠃ 24.ᠡᠯᠳᠡᠪ ᠤᠨ ᠪᠤᠵᠠᠷᠳᠠᠬᠰᠠᠨ ᠠᠴᠠ ᠪᠤᠯᠤᠬᠰᠠᠨ ᠨᠢᠭᠤᠷ᠂ ᠠᠷᠠᠰᠤᠨ ᠲᠡᠬᠡᠷ᠎ᠡ ᠢᠳᠡᠭᠡ ᠰᠢᠬᠦᠰᠤ ᠲᠠᠢ ᠶᠠᠭᠤᠮ᠎ᠠ ᠬ᠋ᠠᠷᠬᠤ ᠳᠤ ᠬ᠋ᠤᠯᠤᠮᠳᠠᠨ   ᠤ ᠦᠨᠡᠰᠤ ᠪᠠᠨ ᠲᠦᠷᠬᠢᠪᠡᠯ ᠲᠤᠮ᠃ 25.ᠬᠤᠷᠢᠮᠯᠠᠬᠤ ᠬᠤᠤᠰ ᠳᠤ ᠰᠢᠨ᠎ᠠ ᠬᠡᠷ ᠪᠠᠷᠢᠵᠤ ᠦᠭᠬᠦ ᠳᠡᠭᠡᠨ ᠤᠨᠢᠨ ᠳᠤ ᠨᠢ ᠰᠢᠷ᠎ᠠ ᠡᠷᠢᠶᠡᠨ ᠡᠰᠢᠳᠠᠢ ᠲᠠᠰᠢᠭᠤᠷ ᠬᠠᠪᠴᠢᠭᠤᠯᠵᠤ ᠦᠭᠬᠦᠨ᠎ᠡ᠃ ᠡᠨᠡ ᠨᠢ ᠰᠢᠨ᠎ᠡ ᠬᠡᠷ ᠲᠤ ᠮᠠᠭᠤ ᠡᠷᠴᠢᠮ᠂ ᠰᠠᠭᠠᠳ ᠲᠤᠳᠬᠠᠷ ᠢ ᠤᠷᠤᠭᠤᠯᠵᠤ ᠡᠬᠦᠰᠬᠡᠬᠦ ᠦᠬᠡᠢ ᠠᠶᠤᠯᠭᠠᠬᠤ ᠲᠤᠮ ᠶᠤᠮ᠃ 26.ᠰᠦᠨᠢ ᠨᠤᠶᠢᠷ ᠲᠠᠭᠠᠨ ᠰᠢᠳᠤ ᠪᠠᠨ ᠬᠠᠪᠢᠷᠠᠳᠠᠬ ᠬᠦᠮᠤᠨ ᠤ ᠠᠮᠠ ᠶᠢ ᠤᠶᠢᠮᠤᠰᠤ ᠪᠠᠷ ᠨᠢ ᠬ᠋ᠤᠷᠪᠡᠨ ᠲᠤᠯᠤᠬ᠋᠎ᠠ ᠬᠤᠨᠤᠬ ᠠᠯᠭᠠᠳᠠᠵᠤ ᠲᠤᠮᠨᠠᠨ᠎ᠠ᠃ 27.ᠰᠦᠨᠢ ᠶᠢᠨ ᠴᠠᠬ ᠢᠶᠠᠷ ᠬᠦᠮᠤᠨ ᠳᠤ ᠴᠠᠭᠠᠨ ᠢᠳᠡᠭᠡ ᠦᠭᠬᠦ ᠳᠡᠭᠡᠨ (ᠠᠷᠬ᠋᠎ᠠ ᠦᠬᠡᠢ ᠦᠭᠬᠦ ᠤᠴᠢᠷᠳᠠᠢ ᠪᠤᠯ ) ᠲᠡᠬᠦᠨ ᠢ ᠰᠠᠪᠠᠨ ᠳᠤ ᠬᠢᠵᠤ ᠨᠢᠭᠤᠬᠤ ᠮᠠᠶᠠᠬ ᠦᠵᠡᠬᠦᠯᠦᠨ ᠲᠠᠯᠪᠢᠬᠤ ᠳᠤ ᠠᠪᠴᠤ ᠶᠠᠪᠤᠬᠤ ᠬᠦᠮᠤᠨ ᠨᠢ ᠦᠬᠡ ᠲᠠᠭᠤᠨ ᠦᠬᠡᠢ ᠰᠡᠮᠡᠬᠡᠷ ᠠᠪᠴᠤ ᠤᠳᠤᠨ᠎ᠠ᠃ 28.ᠨᠢᠳᠤ ᠲᠠᠳᠠᠪᠠᠯ ᠭᠦ᠋ ᠲᠦᠷᠬᠢᠬᠦ᠂ ᠡᠪᠡᠰᠤ ᠲᠠᠰᠤᠯᠵᠤ ᠠᠪᠤᠭᠠᠳ ᠰᠢᠯᠤᠰᠤ ᠪᠠᠷ ᠢᠶᠠᠨ ᠨᠤᠷᠭᠠᠵᠤ ᠵᠤᠪᠬᠢᠨ  ᠳᠠᠭᠠᠨ ᠨᠠᠭᠠᠨ᠎ᠠ᠃ ᠬᠠᠷᠢᠨ ᠲᠡᠬᠦᠨ ᠢ ᠪᠠᠨ ᠬ᠋ᠤᠳᠤᠯ ᠤᠨ ᠬᠤᠨᠭ᠍ᠰᠢᠶᠠᠷ ᠲᠡᠬᠡᠷ᠎ᠡ ᠤᠨᠠᠭᠠᠬᠤ ᠠᠴᠠ ᠴᠡᠬᠡᠷᠯᠡᠨ᠎ᠡ᠃ 29.ᠵᠤᠬᠢᠰᠤᠭᠤᠯᠳᠠᠬ ᠬᠦᠮᠤᠨ ᠢ 《 ᠴᠢ ᠵᠡᠬᠦᠦ ᠬᠤᠯᠠᠭᠠᠶᠢᠯᠠᠬᠰᠠᠨ ᠦᠦ︖ 》ᠬᠡᠵᠤ ᠠᠰᠠᠭᠤᠨ ᠵᠤᠬᠢᠰᠬᠤ ᠶᠢ  ᠨᠢ ᠪᠤᠯᠢᠭᠤᠯᠤᠨ᠎ᠠ᠃ 30.ᠡᠬᠡ ᠬᠦᠮᠤᠨ ᠤ ᠬᠦᠬᠦ ᠬᠠᠪᠤᠳᠬᠤ ᠳᠤ ᠢᠬᠢᠷ᠎ᠡ ᠬᠦᠮᠤᠨ ᠤ ᠬ᠋ᠠᠷ ᠬᠦᠷᠤᠪᠡᠯ ᠵᠦᠬᠡᠷ ᠪᠤᠯᠳᠠᠬ ᠬᠡᠨ᠎ᠡ᠂ ᠶᠡᠷᠤ ᠨᠢ ᠢᠬᠢᠷ᠎ᠡ ᠬᠦᠮᠤᠨ᠂ ᠢᠬᠢᠷ᠎ᠡ ᠬᠦᠮᠤᠨ ᠤ ᠤᠶᠢᠮᠤᠰᠤ᠂ ᠬᠤᠪᠴᠠᠰᠤ ᠶᠡᠭᠡ ᠲᠤᠮ ᠲᠠᠢ ᠬᠡᠳᠡᠭ᠃ ※ ᠤᠯᠠᠮᠵᠢᠯᠠᠯᠳᠤ ᠡᠮᠴᠢᠯᠠᠯᠬᠡᠨ ᠤ ᠵᠠᠷᠢᠮ ᠠᠷᠬ᠋᠎ᠠ ᠵᠠᠰᠠᠯ 1.ᠰᠢᠷᠬᠠᠨ ᠳᠤ ᠬᠦᠮᠤᠨ ᠤ ᠰᠦᠨ ᠳᠤ ᠮᠦᠡᠭᠬᠦ ᠲᠦᠷᠢᠬᠡᠳ ᠵᠦᠯᠬᠦᠪᠡᠯ ᠰᠤᠷᠪᠢ ᠲᠤᠬᠳᠠᠬᠤ ᠦᠬᠡᠢ ᠬᠡᠳᠡᠭ᠃ 2.ᠨᠢᠳᠤ᠂ ᠴᠢᠬᠢ᠂ ᠬᠠᠮᠠᠷ ᠤᠨ ᠦᠷᠪᠢᠰᠤᠯ ᠳᠤ ᠬᠦᠮᠤᠨ ᠤ ᠰᠦ ᠲᠤᠰᠤᠭᠠᠪᠠᠯ ᠰᠠᠶᠢᠨ᠃ 3.ᠴᠢᠰᠤᠨ ᠬᠠᠳᠬᠤᠯᠭ᠎ᠠ ᠲᠤᠰᠬᠤ ᠳᠤ ᠴᠢᠯ ᠬᠦᠢᠳᠡᠨ ᠤᠰᠤᠨ ᠠᠴᠠ ᠴᠢᠯᠠᠭᠤ ᠠᠪᠴᠤ ᠠᠭᠤᠰᠬᠢᠨ ᠳᠤ ᠵᠢᠩ ᠲᠠᠯᠪᠢᠵᠤ ᠲᠤᠮᠨᠠᠳᠠᠬ᠃ 4.ᠪᠤᠴᠠᠯᠭᠠᠬᠰᠠᠨ ᠤᠰᠤ ᠶᠢ ᠮᠦᠡᠭᠬᠦᠨ ᠠᠶᠠᠭᠠᠨ ᠳᠤ ᠬᠢᠵᠤ ᠬᠤᠨᠤᠭᠤᠯᠤᠭᠠᠳ ᠤᠤᠭᠤᠬᠤ ᠳᠤ ᠬᠤᠳᠤᠭᠤᠳᠤ ᠭᠡᠳᠡᠰᠦᠨ ᠤ ᠬᠢᠮᠤᠷᠠᠯ ᠠᠴᠠ ᠬᠠᠮᠠᠭᠠᠯᠠᠵᠤ᠂ ᠰᠦᠰᠤ ᠬᠦᠬᠡᠬᠡᠬᠦ ᠶᠢ ᠰᠡᠷᠬᠡᠶᠢᠯᠡᠳᠡᠭ᠃ 5.ᠵᠠᠰ ᠠᠶᠠᠭᠠᠨ ᠳᠤ ᠪᠠᠬ᠋᠎ᠠ ᠲᠠᠷᠠᠬ ᠬᠢᠬᠡᠳ ᠨᠤᠭᠤᠭᠠᠨ ᠪᠤᠯᠬᠤ ᠪᠠᠷ ᠨᠢ ᠤᠰᠤ ᠪᠠᠷ ᠰᠢᠩᠬᠡᠯᠡᠵᠤ ᠤᠤᠭᠤᠪᠠᠯ ᠠᠭᠤᠰᠬᠢᠨ ᠤ ᠡᠯᠳᠡᠪ ᠡᠪᠡᠳᠴᠢᠨ ᠳᠤ ᠲᠤᠰᠠᠳᠠᠢ᠃ 6.ᠰᠢᠬᠡᠰᠤ ᠬᠠᠭᠠᠬᠳᠠᠬᠤ ᠳᠤ ᠠᠯᠳᠠᠨ ᠴᠢᠯᠠᠭᠤ ᠶᠢ ᠪᠤᠴᠠᠯᠭᠠᠵᠤ ᠱᠦᠯᠤ ᠶᠢ ᠨᠢ ᠤᠤᠭᠤᠪᠠᠯ ᠰᠠᠶᠢᠨ᠃ 7.ᠬᠦᠬᠡ ᠲᠠᠪᠤᠰᠤ ᠪᠠᠷ ᠦᠷᠯᠤᠬᠡ ᠪᠦᠷᠢ ᠠᠮᠠ ᠪᠠᠨ ᠵᠠᠶᠢᠯᠵᠤ ᠨᠢᠳᠤ ᠪᠠᠨ ᠤᠬᠢᠶᠠᠬᠤ ᠳᠤ ᠰᠢᠳᠤ ᠪᠠᠬᠢᠵᠢᠵᠤ᠂ ᠨᠢᠳᠤ ᠰᠠᠷᠠᠭᠤᠯ ᠪᠤᠯᠳᠠᠬ᠃ 8.ᠦᠳᠬᠡᠨ ᠬᠠᠳᠠᠬᠤ ᠳᠤ ᠤᠰᠤᠨ ᠳᠤ ᠠᠷᠴᠠ᠂ ᠲᠠᠪᠤᠰᠤ ᠲᠠᠢ ᠪᠤᠴᠠᠯᠭᠠᠵᠤ ᠤᠤᠭᠤᠪᠠᠯ ᠰᠠᠶᠢᠨ᠃ 9.ᠰᠢᠬᠡᠵᠤ ᠶᠠᠳᠠᠪᠠᠯ ᠲᠠᠪᠤᠰᠤ ᠶᠢ ᠬᠠᠭᠤᠷᠤᠨ ᠲᠠᠪᠤᠰᠠᠩ ᠲᠡᠬᠡᠷ᠎ᠡ ᠪᠠᠨ ᠵᠢᠩ ᠲᠠᠯᠪᠢᠨ᠎ᠠ᠃ 10.ᠡᠰᠡ ᠰᠢᠩᠭᠡᠭᠰᠡᠨ᠂ ᠴᠠᠩᠬ᠎ᠠ ᠲᠠᠳᠠᠬᠤ ᠳᠤ ᠬᠠᠭᠤᠷᠤᠬᠰᠠᠨ ᠬᠠᠯᠠᠭᠤᠨ ᠪᠦᠯᠢᠶᠡᠨ ᠲᠠᠪᠤᠰᠤ ᠪᠠᠷ ᠵᠢᠩ ᠲᠠᠯᠪᠢᠬᠤ ᠰᠠᠶᠢᠨ᠃ 11.ᠨᠢᠯᠬᠠᠰ ᠢ ᠲᠠᠪᠤᠰᠤ ᠲᠠᠢ ᠬᠠᠷ᠎ᠠ ᠴᠠᠢ ᠪᠠᠷ ᠤᠬᠢᠶᠠᠬᠤ ᠨᠢ ᠬᠡᠢ ᠴᠢᠰᠤᠨ ᠤ ᠬᠢᠮᠤᠷᠠᠯ ᠢ ᠲᠡᠭᠰᠢᠳᠬᠡᠨ᠎ᠡ᠃ 12.ᠬ᠋ᠠᠭᠴᠠ ᠬᠤᠷᠤᠭᠤ ᠬᠠᠪᠤᠳᠬᠤ ᠳᠤ ᠲᠠᠪᠤᠰᠤ ᠲᠠᠢ ᠶᠡᠭᠡ ᠬᠠᠯᠠᠭᠤᠨ ᠦᠳᠬᠡᠨ ᠬᠠᠷ᠎ᠠ ᠴᠠᠶᠢᠨ ᠳᠤ ᠤᠯᠠᠨ ᠲᠠᠬᠢᠨ ᠲᠦᠷᠢᠵᠤ ᠬ᠋ᠠᠷᠭᠠᠪᠠᠯ ᠰᠠᠶᠢᠨ᠃ 13.ᠮᠤᠷᠢ᠂ ᠤᠨᠤᠭᠠᠨ ᠠᠴᠠ ᠤᠶᠢᠴᠢᠵᠤ ᠠᠷᠠᠰᠤ᠂ ᠮᠢᠬ᠎ᠠ ᠬᠡᠮᠳᠤᠵᠤ ᠬᠠᠪᠤᠳᠪᠠᠯ᠂ ᠤᠶᠢᠴᠢᠬᠰᠠᠨ ᠬ᠋ᠠᠵᠠᠷ ᠤᠨ ᠰᠢᠷᠤᠢ ᠶᠢ ᠤᠰᠤᠨ ᠳᠤ ᠵᠢᠭᠤᠷᠠᠵᠤ ᠬᠦᠬᠦᠬᠦᠯᠤᠨ᠎ᠡ᠃ 14.ᠬᠠᠮᠠᠷ ᠠᠴᠠ ᠴᠢᠰᠤ ᠬ᠋ᠠᠷᠤᠭᠠᠳ ᠵᠤᠬᠰᠤᠬᠤ ᠦᠬᠡᠢ ᠪᠤᠯ ᠠᠬᠢ ᠡᠪᠡᠰᠤ ᠪᠠᠷ ᠪᠦᠭᠯᠡᠨ᠎ᠡ᠃ 15.ᠨᠢᠷᠤᠭᠤᠨ ᠳᠡᠭᠡᠷ᠎ᠡ ᠵᠢᠵᠢᠭ ᠵᠢᠵᠢᠭ ᠪᠡᠷᠴᠢᠬᠡᠷ ᠤᠯᠠᠨ ᠬ᠋ᠠᠷᠪᠠᠯ ᠰᠤᠯᠠ ᠤᠯᠤᠰᠤ ᠪᠠᠷ ᠵᠦᠯᠬᠦᠪᠡᠯ ᠰᠠᠶᠢᠨ᠃ 16.ᠡᠪᠤᠯ ᠬ᠋ᠠᠷ ᠬᠤᠷᠤᠭᠤ ᠰᠢᠷᠬᠠᠳᠤᠪᠠᠯ ᠬᠠᠯᠠᠭᠤᠨ ᠦᠬᠡᠬᠦ ᠪᠠᠷ ᠬᠦᠬᠦᠬᠦᠯᠵᠤ ᠪᠤᠭᠤᠨ᠎ᠠ᠃ 17.ᠰᠢᠷ᠎ᠠ ᠤᠰᠤ ᠪᠠᠷ ᠬᠦᠯ ᠬ᠋ᠠᠷ ᠡᠪᠡᠳᠴᠤ ᠪᠠᠶᠢᠪᠠᠯ ᠦᠶ᠎ᠡ ᠬᠡᠰᠢᠬᠦᠦ ᠪᠠᠨ ᠤᠳᠤᠬ᠋᠎ᠠ ᠲᠠᠢ ᠰᠢᠷ᠎ᠠ ᠢᠰᠡᠬᠡᠢ ᠶᠢ ᠬᠠᠯᠠᠭᠤᠯᠵᠤ ᠲᠡᠬᠡᠷ᠎ᠡ ᠨᠢ ᠰᠢᠷ᠎ᠠ ᠲᠤᠰᠤ᠂ ᠬᠤᠵᠢᠷ ᠲᠦᠷᠬᠢᠬᠡᠳ ᠪᠤᠭᠤᠪᠠᠯ ᠰᠠᠶᠢᠨ᠃ 18.ᠨᠤᠬᠠᠢ ᠳᠤ ᠬᠠᠵᠠᠬᠳᠠᠬᠰᠠᠨ ᠪᠤᠶᠤ ᠬᠠᠯᠠᠬᠰᠠᠨ ᠰᠢᠷᠬᠠᠨ ᠳᠤ ᠨᠤᠬᠠᠢ ᠶᠢᠨ ᠦᠰᠤ ᠲᠠᠢ ᠰᠢᠳᠠᠭᠠᠭᠠᠳ ᠲᠠᠷᠤᠪᠠᠯ ᠰᠠᠶᠢᠨ᠃ 19.ᠤᠰᠤᠨ ᠳᠤ ᠤᠨᠠᠭᠠᠳ ᠬᠠᠭᠠᠰ ᠦᠬᠦᠭᠰᠡᠨ ᠬᠦᠮᠦᠨ ᠢ ᠦᠨᠡᠰᠤ ᠰᠢᠪᠠᠪᠠᠯ ᠰᠠᠶᠢᠨ᠃ 20.ᠤᠰᠤᠨ ᠤ ᠵᠠᠮᠠᠬ ᠬ᠋ᠠᠯ ᠳᠤ ᠲᠦᠯᠡᠭᠳᠡᠭᠰᠡᠨ ᠰᠢᠷᠬᠠᠨ ᠳᠤ ᠲᠤᠰᠠᠳᠠᠢ᠃ 21.ᠶᠠᠮᠠᠷᠪᠠ ᠶᠠᠷ᠎ᠠ ᠰᠢᠷᠭ᠋᠎ᠠ ᠶᠢ ᠬᠤᠰᠤ ᠮᠤᠳᠤᠨ ᠤ ᠪᠢᠳᠡᠬᠦᠦ ᠪᠠᠷ ᠤᠳᠤᠪᠠᠯ ᠰᠠᠶᠢᠨ᠃ 22.ᠦᠰᠤ ᠭᠡᠵᠢᠭᠡ ᠤᠨᠠᠬᠤ ᠳᠤ ᠪᠤᠭᠤ ᠶᠢᠨ ᠪᠠᠭᠠᠰᠤ ᠶᠢ ᠲᠦᠯᠠᠵᠤ ᠦᠨᠡᠰᠤ ᠶᠢ ᠨᠢ ᠲᠦᠷᠬᠢᠪᠡᠯ ᠰᠠᠶᠢᠨ᠃ 23.ᠠᠷᠭᠠᠯ ᠲᠦᠯᠡᠭᠰᠡᠨ ᠭᠠᠯ ᠤᠨ ᠲᠤᠭᠤᠭᠠᠨ ᠤ ᠭᠦ᠋᠂ ᠬᠦᠬᠡ ᠲᠠᠪᠤᠰᠤ ᠶᠢ ᠲᠡᠩᠴᠡᠬᠦᠦ ᠨᠡᠶᠢᠯᠡᠬᠦᠯᠤᠨ ᠲᠠᠯᠬᠠᠳᠠᠵᠤ ᠬᠤᠳᠳᠤᠬ ᠤᠨ ᠬᠦᠢᠳᠡᠨ ᠤᠰᠤᠨ ᠳᠤ ᠵᠢᠭᠤᠷᠠᠵᠤ ᠲᠦᠷᠬᠢᠪᠡᠯ ᠬᠡᠯᠡᠨ ᠤ ᠬᠠᠪᠤᠳᠠᠷ ᠡᠳᠡᠬᠡᠨ᠎ᠡ᠃ 24.ᠬᠠᠮᠠᠷ ᠠᠴᠠ ᠴᠢᠰᠤ ᠬ᠋ᠠᠷᠬᠤ ᠳᠤ ᠲᠡᠮᠡᠬᠡᠨ ᠤ ᠨᠤᠤᠰᠤ ᠶᠢ ᠰᠢᠳᠠᠭᠠᠵᠤ ᠤᠳᠤᠪᠠᠯ ᠴᠢᠰᠤ ᠨᠢ ᠲᠤᠬᠳᠠᠨ᠎ᠠ᠃ 25.ᠴᠢᠬᠢ ᠰᠤᠨᠤᠰᠬᠤ ᠨᠢ ᠮᠠᠭᠤᠳᠠᠪᠠᠯ ᠶᠠᠩᠬᠢᠷ ᠤᠨ ᠡᠪᠡᠷ ᠪᠤᠴᠠᠯᠭᠠᠵᠤ ᠤᠤᠭᠤᠯᠭᠠᠪᠠᠯ ᠲᠤᠰᠠᠳᠠᠢ᠃ 26.ᠯᠤᠤᠪᠠᠨᠭ᠌ ᠤᠨ ᠰᠢᠬᠦᠰᠤ ᠴᠢᠬᠢᠨ ᠤ ᠡᠪᠡᠳᠴᠢᠨ ᠳᠤ ᠰᠠᠶᠢᠨ᠃ 27.ᠰᠢᠳᠤ ᠶᠢ ᠬᠤᠷᠤᠬᠠᠢ ᠢᠳᠡᠵᠤ᠂ ᠰᠢᠳᠤ ᠶᠡᠭᠡ ᠡᠪᠡᠳᠪᠡᠰᠤ ᠮᠤᠷᠢᠨ ᠤ ᠲᠤᠭᠤᠷᠠᠶᠢᠨ ᠠᠴᠠ ᠬᠤᠯᠳᠤᠯᠵᠤ ᠠᠪᠤᠭᠠᠳ ᠬᠦᠪᠤᠡᠭ ᠳᠤ ᠪᠤᠭᠤᠵᠤ ᠨᠦᠬᠡᠨ ᠳᠤ ᠨᠢ ᠬᠢᠪᠡᠯ ᠡᠳᠡᠬᠡᠨ᠎ᠡ᠃ 28.ᠬᠤᠨᠢᠨ ᠤ ᠡᠯᠢᠬᠡ᠂ ᠨᠢᠳᠤ ᠪᠦᠷᠤᠯᠵᠠᠬᠦ ᠡᠪᠡᠳᠴᠢᠨ ᠳᠤ ᠰᠠᠶᠢᠨ᠃ 29.ᠨᠢᠳᠤᠨ ᠳᠤ ᠪᠤᠷᠭᠠᠰᠤᠨ ᠤ ᠰᠢᠬᠦᠰᠤ ᠰᠠᠶᠢᠨ᠃ 30.ᠴᠠᠭᠠᠨ ᠯᠤᠤᠪᠠᠨᠭ᠌ ᠤᠨ ᠰᠢᠬᠦᠰᠤ ᠶᠢ ᠴᠢᠬᠢᠨ ᠳᠤ ᠲᠤᠰᠤᠭᠠᠪᠠᠯ ᠲᠤᠯᠤᠭᠠᠢ ᠡᠪᠡᠳᠬᠦ ᠳᠤ ᠲᠤᠰᠠᠳᠠᠢ᠃ 31.ᠠᠷᠴᠠ ᠶᠢᠨ ᠦᠷ᠎ᠡ ᠶᠢᠨ ᠬᠠᠨᠳᠠ ᠬᠢᠬᠡᠳ ᠪᠤᠷᠠᠮ ᠶᠢ ᠬᠤᠯᠢᠵᠤ ᠲᠦᠷᠬᠢᠪᠡᠯ ᠰᠢᠷ᠎ᠠ ᠤᠰᠤᠨ ᠤ ᠡᠪᠡᠳᠴᠢᠨ ᠳᠤ ᠲᠤᠰᠠᠳᠠᠢ᠃  
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号