ᠴᠠᠬᠠᠷ ᠳᠡᠪᠡᠯ
ᠨᠡᠶᠢᠲᠡᠯᠡᠭᠰᠡᠨ ᠴᠠᠭ᠄
2018/3/29

       ᠴᠠᠬᠠᠷ ᠳᠡᠪᠡᠯ

      ᠲᠠᠪᠠᠯ ᠪᠤᠯ ᠮᠤᠩᠭᠤᠯ ᠬᠥᠮᠥᠨ ᠤ ᠠᠮᠢᠳᠤᠷᠠᠯ ᠳᠤ ᠬᠠᠩᠭᠠᠬᠤ ᠥᠨᠳᠥᠰᠥᠨ ᠭᠤᠷᠪᠠᠨ ᠪᠤᠳᠠᠰ ᠤᠨ ᠡᠷᠬᠡᠪᠰᠢ

ᠱᠠᠭᠠᠷᠳᠠᠭᠳᠠᠬᠤ ᠨᠢᠭᠡᠨ ᠵᠥᠢᠯ ᠨᠢ ᠪᠢᠯᠡ᠃ ᠲᠡᠪᠡᠯ ᠪᠤᠶᠤ ᠬᠤᠪᠴᠠᠰᠤ ᠬᠤᠨᠡᠷ ᠤᠨ ᠲᠤᠬᠠᠢ ︽ᠮᠠᠨᠳᠤᠬᠤ ᠲᠥᠷᠥ

 ᠶᠢᠨ ᠮᠢᠨᠢ ᠮᠠᠯᠭᠠᠢ᠂ ᠪᠥᠳᠥᠬᠦ ᠲᠥᠷᠥ ᠶᠢᠨ ᠮᠢᠨᠢ ᠪᠥᠰᠠ᠂ ᠲᠡᠪᠵᠢᠬᠦ ᠲᠥᠷᠥ ᠶᠢᠨ ᠮᠢᠨᠢ ᠲᠡᠪᠡᠯ᠂ ᠲᠤᠯᠬᠤ ᠲᠥᠷᠥ

 ᠶᠢᠨ ᠮᠢᠨᠢ ᠭᠤᠳᠤᠯ᠂᠂᠂᠂︾ ᠭᠡᠵᠥ ᠬᠡᠯᠡᠳᠡᠭ ᠮᠤᠩᠭᠤᠯ ᠭᠤᠶᠤᠯᠠᠯ — ᠬᠤᠪᠴᠠᠰᠤ ᠬᠤᠨᠠᠷ ᠤᠨ ᠠᠷᠠᠳ ᠤᠨ

ᠬᠡᠯᠡᠯᠭᠡ ᠵᠠᠩ ᠥᠢᠯᠡ ᠪᠠᠶᠢᠳᠠᠭ ᠪᠢᠯᠡ᠃ ᠲᠡᠭᠡᠬᠦ ᠪᠠᠷ ᠢᠶᠠᠨ ᠮᠤᠩᠭᠤᠯᠴᠤᠤᠨ ᠮᠠᠨᠢ ᠲᠡᠪᠡᠯ ᠬᠤᠪᠴᠠᠰᠤ ᠬᠤᠨᠠᠷ ᠢᠶᠠᠨ

ᠡᠷᠬᠢᠮᠯᠡᠨ ᠲᠡᠭᠡᠵᠢᠯᠡᠳᠡᠭ ᠠᠷᠢᠭᠤᠨ ᠰᠠᠶᠢᠬᠠᠨ ᠵᠠᠩᠰᠢᠯ ᠲᠠᠢ ᠶᠤᠮ ᠡ᠃ ᠲᠡᠪᠡᠯ ᠤᠨ ᠤᠷᠳᠥ᠂ ᠡᠮᠵᠢᠶᠡᠷᠢ᠂ ᠲᠤᠪᠴᠢ

᠂ ᠰᠢᠯᠪᠢ᠂ ᠪᠥᠰᠡ᠂ ᠵᠡᠷᠭᠡ ᠲᠠᠯ᠎ᠠ ᠪᠠᠨ ᠲᠥᠭᠡᠮᠡᠯ ᠨᠡᠷᠡᠶᠢᠳᠥᠯ ᠨᠢ ᠠᠳᠠᠯᠢ ᠪᠠᠶᠢᠵᠥ᠂ ᠨᠡᠶᠢᠳᠡᠯᠢᠭ ᠤᠡᠴᠠᠯᠢᠭ

ᠠᠳᠠᠯᠢᠪᠳᠤᠷ ᠪᠠᠶᠢᠳᠠᠭ ᠶᠤᠮ᠃ ᠬᠡᠭᠦ ᠳᠤ ᠡᠮᠵᠢᠶᠡᠷᠢ ᠶᠢᠨ ᠲᠠᠯ᠎ᠠ ᠪᠠᠷ ᠥᠷᠭᠡᠨ ᠨᠠᠷᠢᠨ ᠪᠤᠶᠤ ᠬᠤᠰᠢᠮᠠᠭ ᠲᠠᠷᠤᠮ᠎ᠠ

 ᠨᠢ ᠠᠳᠠᠯᠢ ᠦᠭᠡᠢ᠂ ᠪᠥᠰᠡ ᠤᠨᠢᠶ᠎ᠡ ︵ᠵᠠᠶᠢᠴᠠ︶ ᠶᠢᠨ ᠲᠠᠯ᠎ᠠ ᠪᠠᠷ ᠮᠠᠰᠢ ᠢᠯᠭᠠᠭ᠎ᠠ ᠲᠠᠢ ᠪᠠᠶᠢᠳᠠᠭ᠃ ᠤᠯᠠᠩᠬᠢ

 ᠳᠠᠭᠠᠨ ᠡᠪᠤᠯ ᠡᠮᠦᠰᠳᠡᠭ ᠢ ᠲᠡᠪᠡᠯ ᠭᠡᠵᠦ ᠵᠤᠨ ᠡᠮᠦᠰᠬᠦ ᠶᠢ ᠲᠡᠷᠯᠢᠭ ᠭᠡᠵᠦ ᠨᠡᠷᠡᠯᠡᠳᠡᠭ᠃

     ᠴᠠᠬᠠᠷ ᠲᠡᠪᠡᠯ ᠳᠤ ᠡᠷᠡᠭᠳᠠᠢ ᠬᠦᠮᠤᠨ ᠤ ᠲᠡᠪᠡᠯ ᠢ ᠡᠯᠪᠡᠭ ᠠᠭᠤᠵᠢᠭᠤ ᠬᠢᠵᠦ ᠭᠤᠷᠪᠠ ᠪᠠᠷ ᠲᠠᠷᠤᠭᠤᠯᠵᠦ

ᠡᠮᠵᠢᠳᠡᠭ᠃ ᠡᠮᠵᠢᠶᠡᠷᠢ ᠳᠤ ᠭᠤᠤᠯᠳᠠᠭᠤ ᠰᠢᠷ᠎ᠠ ᠴᠠᠭᠠᠨ ᠦᠩᠭᠡ ᠲᠠᠢ ᠲᠤᠷᠭ᠎ᠠ ᠴᠢᠰᠴᠥ ᠭᠡᠷᠡᠭᠯᠡᠳᠡᠭ ᠶᠤᠮ᠃

ᠲᠡᠪᠡᠯ‌‍ᠤᠨ ᠵᠠᠭᠠᠮ᠎ᠡ ᠶᠢ ᠠᠭᠤᠵᠢᠮ ᠬᠢᠪᠠᠯ ᠡᠮᠦᠰᠬᠦ ᠳᠤ ᠡᠪᠯᠢᠭ ᠪᠠᠶᠢᠳᠠᠭ᠃ ᠡᠷᠡᠭᠳᠠᠶᠢᠴᠤᠤᠯ ᠭᠤᠤᠯᠳᠠᠭᠤ ᠬᠦᠭᠡ᠂

ᠪᠤᠷᠤ ᠦᠩᠭᠡ ᠶᠢᠨ ᠲᠡᠪᠡᠯ ᠲᠡᠭᠡᠷ᠎ᠡ ᠰᠢᠷ᠎ᠠ ᠪᠦᠰᠠ ᠲᠠᠷᠤᠭᠤᠯᠵᠦ ᠭᠤᠶᠤᠯᠠᠳᠠᠭ ᠪᠤᠯ ᠡᠮᠡᠭᠳᠠᠶᠢᠴᠤᠳ ᠨᠢ ᠴᠠᠭᠠᠨ

ᠴᠡᠩᠭᠡᠷ ᠦᠩᠭᠡ ᠶᠢᠨ ᠲᠡᠪᠡᠯ ᠲᠡᠭᠡᠷ᠎ᠡ ᠨᠤᠭᠤᠭᠠᠨ ᠶᠠᠭᠠᠨ ᠦᠩᠭᠡ ᠶᠢᠨ ᠪᠦᠰᠠ ᠵᠤᠬᠢᠴᠠᠭᠤᠯᠵᠦ ᠭᠠᠩᠭᠠᠷᠠᠳᠠᠭ᠃

ᠬᠠᠷᠢᠨ ᠡᠮᠡᠭᠳᠠᠢ ᠬᠦᠮᠤᠨ ᠤ ᠲᠡᠪᠡᠯ ᠤᠨ ᠡᠮᠵᠢᠶᠠᠷᠢ ᠶᠢ ᠪᠡᠶ᠎ᠡ ᠳᠡᠭᠡᠨ ᠲᠤᠬᠢᠷᠠᠭᠤᠯᠵᠦ ᠨᠠᠷᠢᠨ ᠪᠠᠷ ᠡᠮᠵᠢᠳᠡᠭ ᠪᠠᠶᠢᠨ᠎ᠡ

     ᠲᠡᠪᠡᠯ ᠤᠨ ᠵᠠᠬ᠎ᠠ ᠶᠢ ᠤᠨᠵᠢᠭᠤᠯᠵᠤ ᠲᠠᠯᠪᠢᠬᠤ ᠶᠢ ᠴᠡᠭᠡᠷᠯᠡᠨ᠎ᠡ︔ ᠲᠠᠪᠠᠯ ᠢᠶᠠᠨ ᠲᠠᠶᠢᠯᠠᠪᠠᠯ ᠡᠪᠬᠢᠵᠥ

ᠪᠠᠷᠠᠭᠤᠨᠰᠢ ᠬᠠᠨᠳᠤᠭᠤᠯᠵᠥ ᠲᠠᠯᠪᠢᠨ᠎ᠡ᠃ ᠲᠡᠪᠡᠯ ᠤᠨ ᠵᠠᠬ᠎ᠠ ᠲᠡᠭᠡᠷ᠎ᠡ ᠰᠠᠭᠤᠬᠤ᠂ ᠬᠢᠰᠬᠢᠬᠦ᠂ ᠲᠡᠭᠡᠷ᠎ᠡ ᠨᠢ ᠶᠠᠭᠤᠮ᠎ᠠ

ᠲᠠᠯᠪᠢᠬᠤ ᠵᠡᠷᠭᠡ ᠶᠢ ᠴᠡᠭᠡᠷᠡᠯᠡᠨ᠎ᠡ︔ ᠲᠡᠪᠡᠯ ᠤᠨ ᠵᠠᠬ᠎ᠠ ᠶᠢ ᠨᠤᠭᠤᠯᠬᠤ ᠪᠤᠶᠤ ᠤᠷᠪᠠᠭᠤᠯᠬᠤ ᠶᠢ ᠴᠡᠭᠡᠷᠯᠡᠳᠡᠭ᠂

ᠬᠡᠶᠢᠮᠤᠷᠢ ᠬᠡᠪᠳᠡᠨ᠎ᠡ ᠭᠡᠵᠥ ᠮᠤᠩᠭᠤᠯᠴᠤᠤᠨ ᠤᠨ ᠵᠠᠩ ᠥᠢᠯᠡ ᠳᠤ ᠲᠥᠭᠡᠮᠡᠯ ᠬᠡᠯᠡᠯᠭᠡ ᠪᠤᠢ᠃ ᠤᠴᠢᠷ ᠨᠢ ᠲᠠᠪᠠᠯ

 ᠤᠨ ᠵᠠᠬ᠎ᠠ ᠳᠤᠨᠢ ᠡᠵᠡᠨ ᠬᠥᠮᠥᠨ ᠤ ᠬᠡᠶᠢᠮᠥᠷᠢ ᠪᠠᠶᠢᠳᠠᠭ ᠭᠡᠵᠥ ᠥᠵᠡᠳᠡᠭ ᠠᠴᠠ ᠡᠶᠢᠮᠥᠷᠬᠦ ᠴᠡᠭᠡᠷ ᠪᠤᠢ ᠪᠤᠯᠤᠭᠰᠠᠨ

 ᠨᠢ ᠶᠠᠷᠢᠶᠠᠨ ᠦᠭᠡᠢ ᠶᠤᠮ᠃ ᠮᠥᠨ ᠴᠦ ᠤᠳᠤ ᠶᠢᠨ ᠪᠠᠶᠢᠳᠠᠯ ᠳᠤ ᠪᠥᠬᠡ ᠬᠥᠮᠥᠨ ᠤ ᠬᠤᠪᠴᠠᠰᠤ ᠵᠢ‌‍ᠶᠢ ᠲᠤᠰᠬᠠᠢ

ᠨᠢᠭᠡ ᠬᠥᠮᠥᠨ ᠬᠠᠮᠢᠶᠠᠷᠴᠤ᠂ ᠵᠠᠬ᠎ᠠ ᠶᠢ ᠮᠤᠰᠬᠢᠵᠥ ᠴᠢᠩᠭᠠᠯᠠᠵᠤ ᠡᠪᠤᠷ ᠲᠡᠭᠡᠷ᠎ᠡ ᠪᠠᠨ ᠪᠠᠷᠢᠵᠥ ᠰᠠᠭᠤᠳᠠᠭ ︵

ᠭᠠᠭᠴᠠᠭᠠᠷ ᠪᠤᠯ ᠥᠪᠡᠷ ᠵᠠᠬ᠎ᠠ ᠶᠢ ᠮᠤᠰᠬᠢᠵᠥ ᠴᠢᠩᠭᠠᠯᠠᠵᠤ ᠲᠡᠭᠡᠷ᠎ᠡ ᠭᠠᠵᠠᠷ ᠲᠠᠯᠪᠢᠭᠠᠳ ᠪᠠᠷᠢᠯᠳᠤᠳᠠᠭ︶ ᠵᠠᠩᠰᠢᠯ

 ᠲᠠᠢ ᠪᠠᠶᠢᠳᠠᠭ ᠨᠢ ᠰᠠᠶᠢᠨ ᠴᠢᠷᠠᠮᠠᠶᠢᠵᠥ ᠬᠥᠴᠥᠯᠡᠨ ᠲᠡᠮᠡᠴᠡᠵᠥ ᠢᠯᠡᠯᠳᠡ ᠤᠯᠬᠤ ᠶᠢ ᠪᠡᠯᠭᠡᠳᠡᠨ ᠵᠥᠩᠨᠡᠳᠡᠭ ︽ᠲᠡᠭᠷᠢ

ᠭᠠᠵᠠᠷ ᠮᠤᠩᠭᠤᠯ︾ ᠤᠨ ᠵᠤᠬᠢᠴᠠᠯ ᠤᠨ ᠤᠶᠠᠯᠳᠤᠯ ᠢᠯᠡᠷᠡᠯ ᠪᠠᠶᠢᠵᠥ ᠲᠠᠭᠠᠷᠠᠨ᠎ᠠ ᠭᠡᠵᠥ ᠥᠵᠡᠯᠳᠠᠢ ᠪᠤᠶᠤ᠃ ᠲᠠᠷᠤᠢ

ᠪᠥᠬᠡ ᠶᠢᠨ ᠲᠠᠯᠳᠠ ᠶᠢᠨ ᠬᠥᠴᠥᠨ ᠢ ᠪᠡᠯᠭᠡᠳᠡᠯ ᠢᠶᠠᠷ ᠵᠥᠩᠨᠡᠵᠥ ᠪᠠᠶᠢᠭ᠎ᠠ ᠲᠤᠯᠨ ᠲᠡᠭᠷᠢ ᠢᠪᠡᠭᠡᠨ᠎ᠡ᠂ ᠪᠢ

ᠴᠢᠷᠠᠮᠠᠶᠢᠨ᠎ᠠ᠂ ᠪᠤᠰᠤᠤᠨ ᠬᠥᠮᠥᠨ ᠨᠠᠳᠠ ᠶᠢ ᠲᠡᠮᠵᠢᠵᠥ ᠪᠠᠶᠢᠭ᠎ᠠ ᠪᠤᠯᠬᠤᠷ ᠶᠡᠭᠡ ᠡᠷᠴᠢᠰ ᠢ ᠬᠥᠷᠳᠡᠨ ᠬᠡᠶᠢᠮᠤᠷᠢ

ᠲᠡᠭᠳᠡᠨ ᠢᠯᠡᠯᠳᠡ ᠳᠤ ᠬᠥᠷᠭᠡᠳᠡᠭ ᠢ ᠡᠩ ᠤᠨ ᠨᠢᠳᠥ ᠪᠠᠷ ᠥᠵᠡᠭᠡᠳ ᠮᠡᠳᠡᠬᠦ ᠦᠭᠡᠢ ᠨᠢ ᠬᠠᠷᠢᠨ ᠲᠡᠯᠡᠬᠡᠢ ᠶᠢᠨ

ᠭᠠᠶᠢᠬᠠᠮ᠎ᠠ ᠶᠠᠭᠤᠮ᠎ᠠ᠃

 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号