ᠴᠢᠨ᠋ᠸ᠎ᠡ  ᠲᠠᠢ ᠬᠠᠷᠢᠯᠴᠠᠬᠤ ᠮᠣᠩᠭᠤᠯ ᠵᠠᠩ ᠵᠠᠩᠰᠢᠯ
ᠨᠡᠶᠢᠲᠡᠯᠡᠭᠰᠡᠨ ᠴᠠᠭ᠄
2018/3/29
           ᠴᠢᠨ᠋ᠸ᠎ᠡ   ᠲᠠᠢ ᠬᠠᠷᠢᠯᠴᠠᠬᠤ ᠮᠣᠩᠭᠤᠯ ᠵᠠᠩ ᠵᠠᠩᠰᠢᠯ     ᠴᠢᠨ᠋ᠸ᠎ᠠ ᠠᠷᠪᠢᠳᠤᠪᠠᠯ ᠬᠤᠳᠠ ᠬᠠᠰᠢᠶ᠎ᠠ ᠦᠬᠡᠳᠡ ᠦᠩᠬᠡᠯᠵᠡᠨ᠂ ᠬᠤᠨᠢ ᠮᠠᠯ ᠬᠦᠨᠦᠭᠡᠳᠡᠭ ᠲᠤᠯᠠ ᠮᠠᠯᠴᠢᠨ ᠮᠤᠩᠭᠤᠯᠴᠤᠳ ᠴᠢᠨ᠋ᠸ᠎ᠠ ᠶᠢ ᠮᠠᠯ ᠤᠨ ᠲᠠᠶᠢᠰᠤᠨ ᠢᠶᠠᠷ ᠦᠵᠡᠵᠤ ᠪᠠᠶᠢᠭᠰᠠᠨ ᠨᠢ ᠲᠠᠮᠵᠢᠭ ᠦᠬᠡᠢ᠃ ᠬᠡᠪᠡᠴᠦ ᠵᠠᠷᠢᠮ ᠲᠡᠤᠭᠡᠨ ᠪᠢᠴᠢᠭ ᠮᠡᠲ᠋ᠧᠷᠢᠶᠠᠯ ᠪᠤᠶᠤ ᠭᠠᠳᠠᠭᠠᠳᠤ ᠶᠢᠨ ᠡᠷᠳᠡᠮᠳᠡᠳ ᠤᠨ ᠰᠤᠳᠤᠯᠭᠠᠨ ᠳᠤ ᠮᠠᠨ ᠤ ᠬᠢᠨ ᠤ ᠬᠤᠯᠠ  ᠶᠢᠨ ᠲᠡᠭᠡᠳᠦᠰ ᠴᠢᠨ᠋ᠸ᠎ᠠ ᠶᠢ ᠲᠤᠲ᠋ᠧᠮᠴᠢᠯᠠᠨ ᠰᠢᠳᠦᠵᠤ ᠪᠠᠶᠢᠭᠰᠠᠨ ᠢᠶᠠᠷ ᠶᠡᠷᠢᠳᠠᠭ ᠴᠦ ᠪᠠᠶᠢᠪᠠ᠃     ᠮᠤᠩᠭᠤᠯᠴᠤᠳ ᠤᠯᠠᠨ ᠵᠠᠭᠤᠨ ᠤ ᠲᠤᠷᠰᠢ ᠴᠢᠨ᠋ᠸ᠎ᠠ ᠶᠢ ᠤᠰᠠᠳᠬᠠᠨ ᠰᠦᠨᠦᠭᠡᠵᠤ ᠪᠠᠶᠢᠭᠰᠠᠨ ᠨᠢ ᠦᠨᠡᠨ ᠭᠡᠷᠡᠭ ᠪᠦᠬᠡᠳ ᠡᠨᠡ ᠨᠢ ᠮᠠᠯ ᠰᠦᠷᠦᠭ ᠢᠶᠠᠨ ᠴᠢᠨ᠋ᠸ᠎ᠠ ᠶᠢᠨ ᠠᠶᠤᠯ ᠠᠴᠠ ᠬᠠᠮᠠᠭᠠᠯᠠᠬᠤ ᠵᠤᠷᠢᠯᠭ᠎ᠠ ᠲᠠᠢ ᠪᠠᠶᠢᠭᠰᠠᠨ ᠶᠤᠮ᠃ ᠬᠡᠳᠦᠢ ᠡᠶᠢᠮᠦ ᠪᠤᠯᠪᠠᠴᠤ ᠮᠤᠩᠭᠤᠯ ᠬᠦᠮᠦᠨ ᠤ ᠴᠢᠨ᠋ᠸ᠎ᠠ ᠶᠢᠨ ᠲᠤᠬᠠᠢ ᠦᠵᠡᠯ ᠰᠡᠳᠬᠢᠯᠬᠡ ᠨᠢ ᠪᠤᠳᠤᠯᠢᠶᠠᠨ  ᠲᠠᠢ ᠪᠠᠶᠢᠳᠠᠭ ᠤᠨ ᠵᠢᠱᠢᠶᠠᠨ ᠳᠤ ᠴᠢᠨ᠋ᠸ᠎ᠠ ᠶᠢ ᠶᠡᠷᠦ ᠠᠴᠠ ᠨᠡᠷᠡᠴᠢᠯᠡᠨ ᠲᠠᠭᠤᠳᠠᠬᠤ ᠦᠬᠡᠢ ᠪᠠᠷ ︽ᠭᠡᠭᠡᠷ᠎ᠡ ᠶᠢᠨ ᠨᠤᠬᠠᠢ︾᠂ ︽ᠲᠡᠭᠷᠢ ᠶᠢᠨ ᠡᠯᠴᠢ︾᠂ ︽ᠬᠡᠴᠡᠬᠦᠤ ᠨᠡᠷᠡᠳᠤ︾ ︽ᠬᠦᠳᠡᠭᠡᠯᠡᠢ︾ᠬᠡᠬᠦ ᠮᠡᠳᠤ ᠪᠠᠷ ᠴᠡᠭᠡᠷᠯᠡᠨ ᠲᠠᠭᠤᠳᠠᠵᠤ ᠪᠠᠶᠢᠭᠰᠠᠨ ᠢ ᠤᠷᠤᠭᠤᠯᠤᠨ ᠭᠡᠯᠡᠯᠴᠡᠵᠤ ᠪᠤᠯᠤᠨ᠎ᠠ᠃ ᠴᠢᠨ᠋ᠸ᠎ᠠ ᠬᠡᠬᠡᠷ᠎ᠡ ᠶᠢᠨ ᠵᠢᠵᠢᠭ ᠬᠦᠷᠦᠬᠡᠰᠤ ᠶᠢ ᠬᠠᠶᠢᠷ᠎ᠠ ᠨᠡᠶᠢᠷ ᠦᠬᠡᠢ ᠲᠠᠭᠠᠷᠢᠳᠠᠭ ᠪᠤᠯᠪᠠᠴᠤ ᠪᠡᠯᠴᠢᠬᠡᠷ ᠲᠤ ᠶᠠᠪᠤᠭᠰᠠᠨ ᠮᠠᠯ ᠰᠦᠷᠦᠭ ᠪᠤᠶᠤ ᠢᠯᠠᠩᠭᠤᠶ᠎ᠠ ᠬᠤᠳᠠ  ᠲᠠᠢ ᠬᠤᠨᠢ ᠶᠢ ᠬᠠᠮᠢᠶ᠎ᠠ ᠨᠠᠮᠢᠶ᠎ᠠ ᠦᠬᠡᠢ ᠲᠠᠭᠠᠷᠢᠬᠤ ᠪᠢᠰᠢ ᠶᠤᠮ᠃ ᠴᠢᠨ᠋ᠸ᠎ᠠ ᠶᠢᠨ ᠲᠠᠷᠢᠬᠢ ᠲᠤᠯᠤᠭᠠᠢ ᠬᠤᠷᠴᠠ ᠰᠡᠷᠭᠡᠭ ᠪᠠᠶᠢᠵᠤ᠂ ᠵᠤᠬᠢᠬᠤ ᠰᠡᠳᠬᠢᠨ ᠪᠤᠳᠤᠬᠤ ᠴᠢᠳᠠᠪᠬᠢ ᠲᠠᠢ ᠪᠠᠶᠢᠳᠠᠭ ᠨᠢ ᠠᠩᠴᠢᠨ ᠬᠦᠷᠦᠬᠡᠴᠢᠨ ᠠᠴᠠ ᠭᠡᠷᠰᠡᠦᠯᠡᠭᠰᠡᠨ ᠤ ᠰᠢᠯᠳᠠᠭᠠᠨ ᠠᠴᠠ ᠪᠤᠯᠳᠠᠭ ᠪᠠᠶᠢᠬ᠎ᠠ᠃ ᠲᠡᠶᠢᠮᠦ ᠠᠴᠠ ᠴᠢᠨ᠋ᠸ᠎ᠠ ᠶᠢᠨ ᠡᠭᠦᠷ ᠬᠤᠨᠢᠨ ᠪᠡᠯᠴᠢᠭᠡᠷ ᠠᠴᠠ ᠤᠶᠢᠷ᠎ᠠ ᠪᠠᠶᠢᠯ᠎ᠠ ᠭᠡᠳ ᠤᠤᠯ ᠪᠡᠯᠴᠢᠬᠡᠷ ᠤᠨ ᠬᠤᠨᠢ ᠶᠢ ᠶᠡᠷᠦ ᠲᠠᠳᠠᠳᠠᠭ ᠦᠬᠡᠢ᠂ ᠬᠠᠷᠢᠨ ᠬᠡᠳᠤ ᠬᠡᠳᠤᠨ ᠲᠠᠪᠠᠭ᠎ᠠ ᠲᠠᠪᠠᠨ᠂ ᠨᠡᠯᠢᠶᠡᠳ ᠵᠠᠶᠢᠳᠠᠢ ᠭᠠᠵᠠᠷ ᠠᠴᠠ ᠬᠤᠨᠢ ᠲᠠᠳᠠᠳᠠᠭ ᠬᠡᠵᠤ ᠬᠦᠳᠡᠭᠡ ᠶᠢᠨ ᠡᠪᠦᠬᠡᠳ ᠬᠠᠭᠤᠴᠢᠯᠠᠳᠠᠭ ᠪᠢᠯᠡ᠃ ᠮᠤᠩᠭᠤᠯᠴᠤᠳ ᠤᠨ ᠤᠯᠠᠷᠢᠯ ᠡᠬᠡᠯᠵᠢᠯᠡᠨ ᠤᠳᠤᠷᠯᠠᠨ ᠮᠠᠯᠵᠢᠳᠠᠭ ᠵᠠᠩᠰᠢᠯ ᠢ ᠲᠠᠯ᠎ᠠ ᠶᠢᠨ ᠴᠢᠨ᠋ᠸ᠎ᠠ ᠴᠦ ᠲᠠᠨᠢᠵᠤ ᠤᠯᠤᠭᠰᠠᠨ ᠰᠢᠭ᠋ ᠢᠶᠠᠷ ᠬᠦᠮᠦᠰ ᠵᠤᠰᠠᠭᠠᠯ ᠳᠤ ᠪᠠᠨ ᠭᠠᠷᠪᠠᠯ ᠴᠢᠨ᠋ᠸ᠎ᠠ ᠡᠪᠦᠯᠵᠢᠶᠠᠨ ᠳᠤ ᠨᠢ᠂ ᠡᠪᠦᠯᠵᠢᠶᠠᠨ ᠳᠤ ᠪᠠᠨ ᠶᠠᠪᠤᠪᠠᠯ ᠴᠢᠨ᠋ᠸ᠎ᠠ ᠵᠤᠰᠠᠭᠠᠯ ᠤᠨ ᠭᠠᠵᠠᠷ ᠲᠤ ᠨᠢ ᠡᠬᠦᠷ ᠢᠶᠠᠨ ᠪᠡᠷᠢᠳᠠᠭ ᠶᠠᠪᠤᠳᠠᠯ ᠪᠤᠢ᠃ ᠢᠯᠡᠩᠭᠤᠶ᠎ᠠ ᠬᠤᠭᠤᠰᠤᠷᠠᠭᠰᠠᠨ ᠡᠪᠦᠯᠵᠢᠶ᠎ᠠ ︵ᠬᠦᠮᠦᠨ ᠮᠠᠯ ᠦᠬᠡᠢ︶ ᠪᠤᠯ ᠴᠢᠨ᠋ᠸ᠎ᠠ ᠪᠡᠯᠳᠡᠷᠭᠡ ᠪᠠᠨ ᠪᠤᠶᠢᠵᠢᠭᠤᠯᠬᠤ ᠬᠠᠮᠤᠭ ᠤᠨ ᠰᠠᠶᠢᠨ ᠰᠤᠩᠭᠤᠯᠳᠠ ᠪᠤᠯᠳᠠᠭ ᠠᠵᠢ᠃ ᠡᠨᠡ ᠮᠠᠳᠤ ᠪᠠᠷ ᠴᠢᠨ᠋ᠸ᠎ᠠ‌‍ᠬᠦ᠋ᠮᠦᠨ ᠲᠦᠷᠦᠯᠬᠢᠳᠡᠨ ᠯᠦᠭᠡ ᠬᠦᠯ ᠤᠯᠠ ᠪᠠᠨ ᠤᠯᠤᠯᠴᠠᠨ᠂ ᠬᠦᠮᠦᠨ ᠲᠠᠢ ᠴᠤᠭ ᠨᠤᠳᠤᠭ ᠤᠰᠤ ᠪᠠᠨ ᠬᠠᠮᠳᠤᠳᠬᠠᠭᠰᠠᠭᠠᠷ ᠢᠷᠡᠵᠡᠢ᠃ ᠭᠡᠳᠡᠯ᠎ᠡ ᠪᠢᠳᠡ ᠴᠢᠨ᠋ᠸ᠎ᠠ  ᠶᠢᠨ ᠭᠡᠷᠴᠡᠭᠡᠢ ᠵᠢᠰᠤᠷ ᠴᠢᠨᠡᠷ ᠢ ᠴᠦ ᠲᠠᠨᠢᠵᠤ ᠮᠠᠳᠡᠬᠦ ᠭᠡᠷᠡᠭᠳᠡᠢ ᠶᠤᠮ᠃ ᠢᠯᠠᠩᠭᠤᠶ᠎ᠠ ᠲᠡᠬᠦᠨ ᠤ ᠪᠡᠯᠳᠡᠷᠭᠡ ᠶᠢ ᠬᠦᠨᠦᠬᠡᠪᠡᠯ ᠲᠠᠳᠠ ᠦᠴᠦᠬᠡᠨ ᠴᠦ ᠢᠯᠳᠠᠷ ᠬᠠᠶᠠᠬᠤ ᠦᠬᠡᠢ ᠪᠠᠷ ᠰᠦᠨᠢ ᠶᠢᠨ ᠪᠦᠷᠦᠩᠬᠦᠢ ᠳᠤ ᠬᠤᠳᠠ ᠲᠠᠢ ᠮᠠᠯ ᠦᠬᠡᠳᠡ ᠲᠠᠭᠠᠷᠢᠬᠤ ᠪᠤᠶᠤ ᠬᠤᠨᠢ ᠮᠠᠯ ᠢ ᠤᠯᠠᠨ ᠠᠷᠪᠢᠨ ᠢᠶᠠᠷ ᠬᠤᠷᠤᠭᠠᠳᠠᠭ᠃     ᠮᠤᠩᠭᠤᠯᠴᠤᠳ ᠴᠢᠨ᠋ᠸ᠎ᠠ ᠠᠯᠠᠬᠤ ᠳᠤ ᠪᠠᠨ ᠭᠡᠳ ᠬᠦᠢᠰᠤ ᠲᠡᠮᠳᠡᠷᠢᠬᠦ ᠶᠢ ᠴᠢᠩᠭ᠎ᠠ ᠴᠡᠭᠡᠷᠯᠠᠨ᠎ᠠ᠃ ᠭᠡᠭᠡᠯ ᠲᠠᠢ ᠴᠢᠨ᠋ᠸ᠎ᠠ ᠪᠤᠶᠤ ᠪᠡᠯᠳᠡᠷᠭᠡ ᠲᠠᠭᠠᠭᠤᠯᠤᠭᠰᠠᠨ ᠦᠯᠦᠭᠴᠢᠨ ᠴᠢᠨ᠋ᠸ᠎ᠠ ᠶᠢ ᠠᠮᠢ ᠲᠠᠢ ᠦᠯᠡᠳᠡᠭᠡᠨ᠎ᠡ ᠬᠡᠬᠡᠷ᠎ᠡ ᠶᠢᠨ ᠠᠮᠢᠳᠠᠨ ᠬᠤᠪᠤᠷᠳᠠᠵᠤ ᠪᠠᠶᠢᠭ᠎ᠠ ᠦᠨᠦ ᠶᠢᠨ ᠴᠠᠭ ᠲᠤ ᠴᠢᠨ᠋ᠸ᠎ᠠ ᠴᠦ ᠬᠠᠮᠠᠭᠠᠯᠠᠯᠳᠠ ᠳᠤ ᠤᠷᠤᠭᠠᠳ ᠪᠤᠢ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号